ᠭᠤᠷᠪᠠᠨ ᠹᠦ᠋ ᠠᠴᠠ ᠡᠮᠦᠨ᠎ᠡ ᠭᠠ ᠲᠠᠢ ᠴᠢᠪᠠᠭᠠᠨ ᠴᠠᠢ ᠤᠤᠭᠤᠪᠠᠯ ᠰᠠᠶᠢᠠ
ᠨᠡᠶᠢᠲᠡᠯᠡᠭᠰᠡᠨ ᠴᠠᠭ᠄
2024/12/2
    ᠠᠭᠠᠬᠢᠮ᠎ᠠ ᠬᠠᠯᠠᠭᠤᠨ ᠵᠤᠨ ᠤ ᠡᠳᠦᠷ ᠬᠦᠮᠦᠰ ᠨᠤᠭᠤᠭᠠᠨ ᠪᠤᠷᠴᠠᠭ ᠤᠨ ᠰᠦᠮᠦᠰᠦ ᠤᠤᠭᠤᠬᠤ ᠶᠢ ᠶᠠᠭᠤᠨ ᠤ ᠡᠮᠦᠨ᠎ᠡ ᠪᠤᠳᠤᠵᠦ ᠤᠯᠳᠠᠭ᠃ ᠦᠨᠡᠨᠳᠡᠬᠡᠨ ᠵᠤᠨ ᠤ ᠭᠤᠷᠪᠠᠨ ᠹᠦ᠋ ᠶᠢᠨ ᠬᠠᠯᠠᠭᠤᠨ ᠠᠴᠠ ᠤᠷᠢᠳ᠂ ᠬᠠᠮᠤᠭ ᠤᠨ ᠰᠠᠶᠢᠨ ᠪᠡᠶ᠎ᠡ ᠰᠤᠪᠢᠯᠠᠬᠤ ᠶᠠᠭᠤᠮ᠎ᠠ ᠪᠤᠯ ᠨᠤᠭᠤᠭᠠᠨ ᠪᠤᠷᠴᠠᠭ ᠤᠨ ᠰᠦᠮᠦᠰᠦ ᠪᠢᠰᠢ᠂ ᠬᠠᠷᠢᠨ ᠭᠠ ᠲᠠᠢ ᠴᠢᠪᠠᠭᠠᠨ ᠴᠠᠢ ᠶᠤᠮ᠃ ᠤᠳᠤ ᠠᠴᠠ ᠭᠤᠷᠪᠠᠨ ᠹᠦ᠋ ᠪᠤᠯᠳᠠᠯᠠᠬᠢ ᠪᠤᠯ ᠮᠦᠨᠴᠦ ᠭᠠ ᠲᠠᠢ ᠴᠢᠪᠠᠭᠠᠨ ᠴᠠᠢ ᠤᠤᠭᠤᠬᠤ ᠬᠠᠮᠤᠭ ᠤᠨ ᠲᠤᠬᠢᠳᠠᠢ ᠴᠠᠭ ᠬᠤᠭᠤᠴᠠᠭ᠎ᠠ ᠪᠤᠯᠤᠨ᠎ᠠ᠃ ᠭᠠ ᠲᠠᠢ ᠴᠢᠪᠠᠭᠠᠨ ᠴᠠᠢ ᠤᠤᠭᠤᠬᠤ ᠨᠢ ᠬᠤᠳᠤᠭᠤᠳᠤ ᠶᠢ ᠴᠢᠬᠢᠷᠠᠭᠵᠢᠭᠤᠯᠬᠤ ᠪᠠᠷ ᠪᠠᠷᠠᠬᠤ ᠦᠬᠡᠢ᠂ ᠬᠦᠢᠳᠡᠨ ᠨᠤᠶᠢᠳᠠᠨ ᠢ ᠲᠠᠭᠤᠵᠦ᠂ ᠪᠠᠰᠠ ᠴᠢᠰᠦ ᠶᠢ ᠲᠡᠵᠢᠬᠡᠨ᠂ ᠲᠠᠮᠢᠷ ᠨᠦᠬᠦᠵᠦ᠂ ᠪᠡᠶ᠎ᠡ ᠶᠢᠨ ᠲᠤᠳᠤᠭᠠᠳᠤ ᠶᠢᠨ ᠡᠪᠡᠳᠴᠢᠨ ᠬᠠᠭᠤᠴᠢᠨ ᠢ ᠪᠦᠬᠦᠨ ᠢ ᠠᠷᠢᠯᠭᠠᠨ᠎ᠠ᠃ ᠬᠦᠮᠦᠨ ᠪᠦᠳᠦᠨ ᠡᠪᠦᠯ ᠬᠠᠪᠤᠷ ᠢ ᠲᠤᠭᠤᠯᠤᠭᠰᠠᠨ ᠤ ᠲᠠᠷᠠᠭ᠎ᠠ᠂ ᠪᠡᠶ᠎ᠡ ᠶᠢᠨ ᠲᠤᠳᠤᠭᠠᠳᠤ ᠳᠤ ᠬᠤᠷᠠᠮᠳᠤᠬᠤ ᠡᠪᠡᠳᠴᠢᠨ ᠬᠡᠮ ᠨᠡᠯᠢᠶᠡᠳ ᠠᠷᠪᠢᠳᠤᠳᠠᠭ᠃ ᠲᠡᠭᠡᠬᠦ ᠳᠤ᠂ ᠪᠦᠭᠴᠢᠮ᠎ᠠ ᠬᠠᠯᠠᠭᠤᠨ ᠵᠤᠨ ᠤ ᠴᠠᠭ ᠲᠤ ᠪᠡᠶ᠎ᠡ ᠮᠠᠬᠠᠪᠤᠳ ᠤᠨ ᠠᠷᠠᠰᠤ ᠮᠢᠬᠠᠨ ᠤ ᠰᠦᠪᠡ ᠪᠦᠷ ᠨᠡᠭᠡᠭᠡᠯᠳᠠᠳᠠᠢ ᠪᠤᠯᠬᠤᠷ ᠪᠡᠶ᠎ᠡ ᠶᠢᠨ ᠲᠤᠳᠤᠭᠠᠳᠤ ᠶᠢᠨ ᠠᠷᠭ᠎ᠠ ᠲᠠᠮᠢᠷ ᠲᠤᠷᠤᠶᠢᠳᠠᠳᠠᠭ᠃ ᠡᠨᠡ ᠦᠶ᠎ᠡ ᠳᠤ ᠦᠷᠯᠦᠬᠡ ᠪᠤᠯᠭᠠᠨ ᠨᠢᠬᠡ ᠴᠤᠮᠤ ᠭᠠ ᠲᠠᠢ ᠴᠢᠪᠠᠭᠠᠨ ᠴᠠᠢ ᠤᠤᠭᠤᠪᠠᠯ ᠪᠡᠶ᠎ᠡ ᠮᠠᠬᠠᠪᠤᠳ ᠤᠨ ᠠᠷᠭ᠎ᠠ ᠶᠢᠨ ᠲᠠᠮᠢᠷ ᠢ ᠨᠦᠬᠦᠪᠦᠷᠢᠯᠡᠨ ᠢᠯᠴᠢ ᠡᠬᠦᠰᠬᠡᠬᠦ ᠪᠠᠷ ᠪᠠᠷᠠᠬᠤ ᠦᠬᠡᠢ᠂ ᠪᠠᠰᠠ ᠠᠷᠭ᠎ᠠ ᠶᠢᠨ ᠲᠠᠮᠢᠷ ᠢ ᠲᠠᠷᠬᠠᠭᠠᠨ᠂ ᠬᠦᠢᠳᠡᠨ ᠢ ᠭᠠᠳᠠᠭᠰᠢᠯᠠᠭᠤᠯᠬᠤ ᠳᠤ ᠲᠤᠰᠠᠳᠠᠢ᠃ ᠡᠨᠡ ᠵᠢᠯ  ᠤᠨ ᠹᠦ᠋ ᠤᠷᠤᠬᠤ ᠡᠳᠦᠷ ᠪᠤᠯ 7 ᠰᠠᠷ᠎ᠠ ᠶᠢᠨ 12᠂ ᠲᠡᠶᠢᠨᠬᠦ᠂ ᠪᠢᠳᠠ ᠦᠪᠡᠷᠰᠡᠳ ᠤᠨ ᠢᠶᠠᠨ ᠪᠡᠶ᠎ᠡ ᠶᠢᠨ ᠡᠷᠡᠬᠦᠯ ᠮᠡᠨᠳᠦ ᠶᠢᠨ ᠲᠦᠯᠦᠬᠡ ᠤᠳᠤ ᠠᠴᠠ7 ᠰᠠᠷ᠎ᠠ  ᠶᠢᠨ12 ᠪᠤᠯᠳᠠᠯ᠎ᠠ᠂ ᠦᠷᠯᠦᠬᠡ ᠪᠤᠯᠭᠠᠨ ᠨᠢᠬᠡ ᠴᠤᠮᠤ ᠭᠠ ᠲᠠᠢ ᠴᠢᠪᠠᠭᠠᠨ ᠴᠠᠢ ᠤᠤᠭᠤᠬᠤ ᠲᠠᠳᠬᠠᠯ ᠲᠠᠢ ᠪᠤᠯᠵᠠᠭᠠᠶ᠎ᠠ᠃ ᠭᠠ ᠲᠠᠢ ᠴᠢᠪᠠᠭᠠᠨ ᠴᠠᠢ ᠳᠤ ᠬᠡᠷᠡᠭᠯᠡᠬᠦ ᠮᠠᠲ᠋ᠧᠷᠢᠶᠠᠯ ᠬᠡᠪᠡᠯ᠂ 6 ᠤᠯᠠᠭᠠᠨ ᠴᠢᠪᠠᠭ᠎ᠠ᠂ ᠨᠢᠬᠡ ᠠᠳᠬᠤ ᠴᠢᠨ᠋ᠸ᠎ᠠ ᠶᠢᠨ ᠬᠠᠷᠮᠠᠭ᠂ ᠠᠷᠪᠠᠨ ᠬᠡᠳᠦᠨ ᠮᠦᠬᠦᠯᠢᠭ ᠬᠤᠸᠠᠵᠤᠤ᠂ ᠲᠦᠬᠦᠬᠡᠢ ᠭᠠ 4 ᠵᠦᠰᠦᠮ ︵ ᠭᠠ ᠪᠠᠨ ᠬᠠᠯᠢᠰᠦᠯᠠᠵᠦ ᠪᠤᠯᠬᠤ ᠦᠬᠡᠢ᠂ ᠭᠠ ᠶᠢᠨ ᠬᠡᠮᠵᠢᠶ᠎ᠡ ᠶᠢ ᠪᠠᠭᠠᠳᠠᠭᠤᠯᠵᠦ ᠪᠤᠯᠬᠤ ᠦᠬᠡᠢ᠂ ᠴᠢᠨᠠᠭᠰᠠᠨ ᠤᠰᠤ ᠵᠢᠭᠠᠬᠠᠨ ᠭᠠᠰᠢᠭᠤᠪᠳᠤᠷ ᠪᠠᠶᠢᠪᠠᠯ ᠵᠤᠬᠢᠮᠵᠢᠳᠠᠢ︶ ᠡᠬᠦᠨ ᠠᠴᠠ ᠭᠠᠳᠠᠨ᠎ᠠ᠂ ᠤᠯᠠᠭᠠᠨ ᠴᠢᠪᠠᠭ᠎ᠠ ᠶᠢᠨ ᠭᠤᠤᠯ ᠢ ᠨᠢ ᠠᠪᠴᠦ ᠭᠠᠷᠭᠠᠨ᠎ᠠ᠃ ᠬᠢᠬᠦ ᠠᠷᠭ᠎ᠠ ᠬᠡᠪᠡᠯ᠄ ᠪᠦᠬᠦᠶᠢᠯᠡ ᠮᠠᠲ᠋ᠧᠷᠢᠶᠠᠯ ᠢᠶᠠᠨ ᠲᠤᠭᠤᠭᠠᠨ ᠳᠤ ᠬᠢᠴᠢᠬᠡᠭᠡᠳ ᠵᠤᠬᠢᠬᠤ ᠬᠡᠮᠵᠢᠶᠡᠨ ᠤ ᠤᠰᠤ ᠨᠡᠮᠡᠭᠡᠳ ᠬᠦᠶᠦᠬᠡᠨ ᠤᠯᠠᠭᠠᠨ ᠦᠡᠭᠬᠡ ᠲᠠᠢ ᠪᠤᠯᠳᠠᠯ᠎ᠠ ᠴᠢᠨᠠᠪᠠᠯ ᠪᠤᠯᠴᠢᠬᠠᠨ᠎ᠠ᠃ ᠡᠬᠦᠨ ᠳᠤ ᠬᠦᠢᠳᠡᠨ ᠰᠡᠷᠢᠬᠦᠨ ᠪᠡᠶ᠎ᠡ ᠲᠠᠢ ᠬᠦᠮᠦᠰ ᠢ ᠰᠡᠷᠢᠬᠦᠳᠡᠬᠦ ᠠᠴᠠ ᠪᠤᠯᠭᠤᠮᠵᠢᠯᠠᠵᠦ ᠬᠡᠳᠦᠨ ᠮᠦᠬᠦᠯᠢᠭ ᠬᠤᠸᠠᠵᠤᠤ ᠨᠡᠮᠡᠭᠰᠡᠨ ᠨᠢ ᠪᠡᠶ᠎ᠡ ᠮᠠᠬᠠᠪᠤᠳ ᠤᠨ ᠴᠢᠬᠢᠭ ᠨᠤᠶᠢᠳᠠᠨ ᠢ ᠭᠠᠳᠠᠭᠰᠢᠯᠠᠭᠤ ᠪᠠᠷ ᠨᠡᠩ ᠰᠠᠶᠢᠨ ᠦᠢᠯᠡᠳᠦᠯ ᠳᠤ ᠬᠦᠷᠳᠡᠭ᠃ ᠡᠨᠡ ᠶᠠᠷᠢᠭᠰᠠᠨ ᠪᠤᠯ ᠬᠤᠶᠠᠷ ᠴᠤᠮᠤ ᠶᠢᠨ ᠬᠡᠮᠵᠢᠶ᠎ᠡ᠂ ᠪᠠᠰᠠ ᠬᠡᠮᠵᠢᠶ᠎ᠡ ᠶᠢ ᠨᠢ ᠨᠡᠮᠡᠭᠳᠡᠬᠦᠯᠵᠦ᠂ ᠢᠯᠡᠬᠦᠬᠡᠨ ᠪᠦᠷᠢᠵᠦ ᠪᠤᠯᠤᠨ᠎ᠠ᠃ ᠴᠢᠨᠠᠭᠰᠠᠨ ᠤ ᠲᠠᠷᠠᠭᠠᠬᠢ ᠭᠠ ᠲᠠᠢ ᠴᠢᠪᠠᠭᠠᠨ ᠴᠠᠢ ᠪᠠᠨ ᠬᠦᠷᠦᠭᠡᠴᠢᠬᠡᠭᠡᠳ ᠴᠡᠪᠡᠷᠬᠡᠨ ᠯᠤᠩᠬᠤᠨ ᠳᠤ ᠬᠢᠵᠦ᠂  ᠬᠦᠷᠦᠬᠡᠬᠦᠷ ᠲᠤ ᠲᠠᠯᠪᠢᠨ᠎ᠠ᠃ ᠢᠡᠭᠬᠢᠭᠡᠳ ᠶᠠᠮᠠᠷ ᠦᠶ᠎ᠡ ᠳᠤ ᠤᠰᠤ ᠤᠤᠭᠤᠶ᠎ᠠ ᠬᠡᠵᠦ ᠰᠠᠨᠠᠪᠠᠯ ᠬᠤᠶᠠᠷ ᠬᠠᠯᠪᠠᠭ᠎ᠠ ᠶᠢ ᠪᠤᠴᠠᠯᠤᠭᠰᠠᠨ ᠤᠰᠤ ᠪᠠᠷ ᠰᠢᠩᠬᠡᠯᠡᠭᠡᠳ ᠤᠤᠭᠤᠪᠠᠯ ᠪᠤᠯᠴᠢᠬᠠᠨ᠎ᠠ᠃ ᠡᠬᠦᠨ ᠤ ᠤᠭ ᠶᠤᠰᠤ ᠭᠡᠪᠡᠯ᠂ ᠤᠯᠠᠭᠠᠨ ᠴᠢᠪᠠᠭ᠎ᠠ ᠬᠤᠳᠤᠭᠤᠳᠤ ᠲᠡᠯᠢᠬᠦᠨ ᠲᠠᠮᠢᠷ ᠢ ᠰᠡᠯᠪᠢᠵᠦ᠂ ᠴᠢᠰᠦ ᠶᠢ ᠲᠡᠵᠢᠬᠡᠵᠦ᠂ ᠠᠮᠤᠷᠵᠢᠭᠤᠯᠬᠤ ᠦᠢᠯᠡᠳᠦᠯ ᠲᠠᠢ᠃ ᠲᠡᠬᠡᠬᠦ ᠳᠤ᠂ ᠲᠦᠬᠦᠬᠡᠢ ᠭᠠ ᠰᠤᠳᠠᠯ ᠢ ᠲᠡᠯᠡᠵᠦ᠂ ᠴᠢᠰᠦᠨ ᠬᠦᠶᠦᠳᠡᠯ ᠢ ᠰᠠᠶᠢᠵᠢᠷᠠᠭᠤᠯᠵᠦ᠂ ᠦᠰᠦᠨ ᠤ ᠰᠦᠪᠡ ᠨᠡᠬᠡᠬᠡᠭᠳᠡᠬᠦ ᠶᠢ ᠠᠬᠢᠭᠤᠯᠬᠤ ᠶᠢᠨ ᠲᠠᠭᠠᠤ ᠪᠠᠰᠠ ᠪᠡᠶ᠎ᠡ ᠶᠢᠨ ᠲᠤᠳᠤᠭᠠᠳᠤ ᠶᠢᠨ ᠡᠪᠡᠳᠴᠢᠨ ᠤ ᠪᠠᠺᠲ᠋ᠧᠷᠢ ᠶᠢ ᠬᠦᠢᠳᠡᠨ ᠬᠡᠢ ᠲᠠᠢ ᠴᠤᠭ ᠪᠡᠶ᠎ᠡ ᠠᠴᠠ ᠭᠠᠳᠠᠭᠰᠢᠯᠠᠭᠤᠯᠳᠠᠭ᠃ ᠴᠢᠨ᠋ᠸ᠎ᠠ  ᠶᠢᠨ ᠬᠠᠷᠮᠠᠭ ᠦᠳᠡᠯᠬᠦ ᠶᠢ ᠤᠳᠠᠭᠠᠰᠢᠷᠠᠭᠤᠯᠵᠦ᠂ ᠡᠯᠢᠬᠡ ᠦᠬᠡᠬᠦᠯᠡᠬᠦ ᠶᠢ ᠡᠰᠡᠷᠬᠦᠴᠡᠨ᠂ ᠴᠢᠰᠦᠨ ᠰᠢᠬᠢᠷ  ᠪᠤᠯᠤᠨ ᠦᠬᠡᠬᠦ ᠶᠢ ᠵᠤᠬᠢᠴᠠᠭᠤᠯᠤᠨ ᠴᠢᠰᠦ ᠪᠦᠳᠦᠬᠡᠬᠦ  ᠶᠢ ᠠᠬᠢᠭᠤᠯᠬᠤ ᠵᠡᠷᠭᠡ ᠲᠠᠯ᠎ᠠ ᠶᠢᠨ ᠦᠢᠯᠡᠳᠦᠯ ᠲᠠᠢ᠃ ᠠᠳᠡ ᠲᠠ ᠪᠦᠬᠦᠨ ᠳᠤ ᠰᠠᠨᠠᠭᠤᠯᠬᠤ ᠨᠢ ᠭᠠ ᠲᠠᠢ ᠴᠢᠪᠠᠭᠠᠨ ᠴᠠᠢ ᠶᠢ ᠬᠠᠮᠤᠭ ᠤᠨ ᠰᠠᠶᠢᠨ ᠨᠢ ᠦᠷᠯᠦᠬᠡ ᠪᠤᠰᠤᠮᠠᠭᠴᠠ ᠪᠠᠨ ᠦᠯᠦᠨ ᠢᠶᠠᠷ ᠤᠤᠭᠤᠵᠦ᠂ ᠲᠦᠬᠦᠬᠡᠢ ᠬᠦᠢᠳᠡᠨ᠂ ᠲᠤᠰᠤᠷᠬᠠᠭ ᠢᠳᠡᠬᠡᠨ ᠢᠳᠡᠬᠦ ᠶᠢ ᠴᠡᠬᠡᠷᠯᠡᠨ᠎ᠡ᠃ ᠲᠠᠬᠢᠪᠠᠯ ᠤᠷᠤᠢ ᠳᠠᠭᠠᠨ ᠭᠠ ᠢᠳᠡᠵᠦ ᠪᠤᠯᠬᠤ ᠦᠬᠡᠢ᠂ ᠬᠤᠤᠷ ᠲᠠᠢ ᠠᠴᠠ ᠠᠰᠢᠭ ᠦᠬᠡᠢ᠃ 
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ