ᠡᠮ ᠤᠤᠭᠤᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2024/12/2
1᠂ ᠭᠡᠪᠲᠡᠵᠦ ᠪᠠᠶᠢᠭᠠᠳ ᠡᠮ ᠤᠤᠭᠤᠵᠤ ᠪᠣᠯᠬᠤ ᠦᠭᠡᠢ᠃   2᠂ ᠡᠮ ᠢ ᠬᠠᠭᠤᠷᠠᠢ ᠪᠠᠷ ᠵᠠᠯᠭᠢᠵᠦ ᠪᠣᠯᠬᠤ ᠦᠭᠡᠢ᠃ 3᠂ ᠡᠮ ᠤᠤᠭᠤᠬᠤ ᠳᠠᠭᠠᠨ ᠭᠡᠮᠭᠡᠯᠡᠭᠦ ᠡᠰᠡᠭᠦᠯ᠎ᠡ ᠤᠰᠤᠨ ᠳᠤ ᠳᠡᠪᠲᠦᠭᠡᠭᠡᠳ ᠤᠤᠭᠤᠪᠠᠯ᠂ ᠡᠮ ᠤᠨ ᠭᠦᠴᠦ ᠨᠢ ᠪᠠᠭᠤᠷᠠᠳᠠᠭ᠃   4᠂ ᠴᠠᠢ ᠶᠢᠨ ᠤᠰᠤ᠂ ᠰᠦ᠂ ᠵᠢᠮᠢᠰ ᠤᠨ ᠰᠢᠭᠦᠰᠦ ᠵᠡᠷᠭᠡ ᠡᠯᠳᠡᠪ ᠤᠮᠳᠠᠭᠠᠨ ᠢᠶᠠᠷ ᠡᠮ ᠳᠠᠷᠤᠭᠤᠯᠵᠤ ᠤᠤᠭᠤᠵᠤ ᠪᠣᠯᠬᠤ ᠦᠭᠡᠢ᠃ 5᠂ ᠣᠯᠠᠨ ᠡᠮ ᠢ ᠨᠡᠶᠢᠯᠡᠭᠦᠯᠵᠦ᠂ ᠬᠠᠮᠲᠤ ᠨᠢ ᠤᠤᠭᠤᠵᠤ ᠪᠣᠯᠬᠤ ᠦᠭᠡᠢ᠃   6᠂ ᠡᠮ ᠤᠤᠭᠤᠵᠤ ᠪᠠᠷᠠᠭᠰᠠᠨ ᠤ ᠳᠠᠷᠠᠭ᠎ᠠ ᠳᠠᠷᠤᠢ ᠳᠤᠨᠢ ᠲᠠᠮᠢᠷ ᠤᠨ ᠭᠦᠳᠡᠯᠭᠡᠭᠡᠨ ᠭᠢᠵᠦ ᠪᠣᠯᠬᠤ ᠦᠭᠡᠢ᠃   7᠂ ᠡᠮ ᠤᠤᠭᠤᠬᠤ ᠳᠤ ᠤᠰᠤ ᠶᠢ ᠭᠡᠳᠦ ᠠᠷᠪᠢᠨ ᠤᠤᠭᠤᠵᠤ ᠪᠣᠯᠬᠤ ᠦᠭᠡᠢ᠃   8᠂ ᠡᠮ ᠤᠤᠭᠤᠵᠤ ᠪᠠᠶᠢᠬᠤ ᠬᠤᠭᠤᠴᠠᠭᠠᠨ ᠳᠠᠭᠠᠨ ᠢᠳᠡᠭᠡᠨ ᠤ ᠴᠡᠭᠡᠷ ᠢ ᠠᠩᠬᠠᠷᠬᠤ ᠭᠡᠷᠡᠭᠲᠡᠢ᠃  
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ