ᠨᠢᠳᠤ ᠪᠠᠨ ᠶᠠᠭᠠᠬᠢᠵᠤ ᠬᠠᠮᠠᠭᠠᠯᠠᠪᠠᠯ ᠵᠤᠬᠢᠬᠤ ᠪᠤᠢ︖
ᠨᠡᠶᠢᠲᠡᠯᠡᠭᠰᠡᠨ ᠴᠠᠭ᠄
2024/12/2
    ᠨᠢᠳᠤ ᠪᠠᠨ ᠡᠷᠡᠬᠦᠯ ᠮᠡᠨᠳᠤ ᠪᠠᠶᠢᠯᠭᠠᠶ᠎ᠠ ᠬᠡᠪᠡᠯ᠂ ᠨᠢᠳᠤ ᠪᠠᠨ ᠵᠦᠢ ᠵᠤᠬᠢᠰᠳᠠᠢ ᠬᠠᠮᠠᠭᠠᠯᠠᠵᠤ ᠪᠠᠶᠢᠬᠤ ᠬᠡᠷᠡᠭᠳᠡᠢ᠃ ᠨᠢᠳᠤ ᠪᠠᠨ ᠦᠷᠬᠦᠯᠵᠢ ᠵᠠᠷᠤᠳᠠᠭ ᠬᠦᠮᠤᠰ‌‍ᠲ᠋ᠤᠤᠷᠠᠬᠢ ᠬᠡᠳᠤᠨ ᠵᠦᠢᠯ ᠢ ᠠᠩᠬᠠᠷᠤᠭᠠᠷᠠᠢ᠃         ᠡᠳᠤᠷ ᠳᠤᠳᠤᠮ ᠤᠨ ᠠᠵᠢᠯ ᠠᠮᠢᠳᠤᠷᠠᠯ ᠤᠨ ᠳᠤᠮᠳᠠ ᠪᠠᠨ ᠤᠳᠠᠭᠠᠨ ᠴᠠᠭ ᠢᠶᠠᠷ ᠶᠠᠭᠤᠮ᠎ᠠ ᠦᠵᠡᠬᠦ ᠠᠴᠠ ᠵᠠᠶᠢᠯᠠᠰᠬᠢᠵᠤ᠂ ᠨᠤᠮ ᠪᠢᠴᠢᠭ ᠤᠡᠭᠰᠢᠬᠤ‌‍ᠴᠠᠭ ᠢᠶᠠᠨ ᠠᠯᠢ ᠴᠢᠳᠠᠬᠤ ᠪᠠᠷ ᠪᠠᠭᠠᠰᠬᠠᠨ᠎ᠠ᠃ ᠨᠢᠳᠤ ᠬᠦᠰᠢᠵᠤ ᠪᠠᠶᠢᠪᠠᠯ᠂ ᠨᠢᠳᠤ ᠪᠠᠨ 1 ~ 20 ᠮᠢᠨᠦ᠋ᠲ ᠠᠨᠢᠵᠤ ᠠᠮᠠᠷᠠᠭᠤᠯᠬᠤ ᠪᠤᠶᠤ ᠬᠤᠯᠠ ᠶᠢ ᠪᠠᠷᠠᠯᠠᠨ‌ᠬᠠᠷᠠᠵᠤ ᠪᠤᠯᠤᠨ᠎ᠠ᠃ ᠨᠢᠳᠤ ᠪᠠᠨ ᠳᠤᠭᠤᠷᠢᠭᠤᠯᠤᠨ ᠨᠤᠬᠤᠨ ᠢᠯᠢᠨ᠎ᠠ᠃ ᠡᠬᠦᠨ ᠳᠤ ᠨᠢᠳᠤ ᠪᠠᠨ ᠤᠷᠢᠳᠠᠪᠡᠷ 3 ~ 5 ᠮᠢᠨᠦ᠋ᠲ ᠠᠨᠢᠵᠤ ᠠᠮᠠᠷᠠᠭᠤᠯᠤᠭᠰᠠᠨ ‍ᠤ‌‍ᠲ᠋ᠠᠷᠠᠭ᠎ᠠ ᠬᠤᠶᠠᠷ ᠭᠠᠷ ᠤᠨ ᠠᠯᠠᠭ᠎ᠠ ᠪᠠᠨ ᠱᠦᠷᠬᠦᠬᠡᠨ ᠬᠠᠯᠠᠭᠠᠭᠠᠳ᠂ ᠬᠠᠯᠠᠭᠤᠨ ᠠᠯᠠᠭ᠎ᠠ ᠪᠠᠷ ᠢᠶᠠᠨ ᠨᠢᠳᠤ ᠪᠠᠨ ᠳᠠᠷᠤᠵᠤ᠂ ᠴᠠᠭ ᠤᠨ ᠵᠡᠬᠦᠤ ᠶᠢᠨ ᠴᠢᠭᠯᠡᠯ ᠳᠠᠭᠠᠤ5 ᠤᠳᠠᠭ᠎ᠠ ᠪᠠ ᠴᠠᠭ ᠤᠨ ᠵᠡᠬᠦᠤ ᠶᠢᠨ ᠡᠰᠡᠷᠬᠦ ᠴᠢᠭᠯᠡᠯ ᠢᠶᠠᠷ 5 ᠤᠳᠠᠭ᠎ᠠ ᠡᠷᠬᠢᠬᠦᠯᠤᠨ ᠨᠢᠳᠤᠨ ᠤ ᠬᠡᠰᠡᠭ ᠢᠶᠠᠨ 3 ~ 4 ᠤᠳᠠᠭ᠎ᠠ ᠨᠤᠬᠤᠨ᠎ᠠ᠃ ᠨᠢᠳᠤᠨ ‍ᠤ‌‍ᠰᠢᠷ᠎ᠠ ᠳᠤᠯᠪᠤᠳᠤ ᠡᠪᠡᠳᠴᠢᠨ ᠪᠠ ᠴᠠᠭᠠᠨ ᠬᠠᠷᠠᠩ ᠡᠪᠡᠳᠴᠢᠨ ᠲᠠᠢ ᠬᠦᠮᠤᠨ ᠪᠤᠯ ᠨᠢᠳᠤ ᠬᠢᠯᠠᠰᠬᠤ ᠶᠠᠪᠤᠳᠠᠯ ᠠᠴᠠ ᠵᠠᠶᠢᠯᠠᠰᠬᠢᠵᠤ᠂ ᠭᠠᠳᠠᠨ᠎ᠠ ᠶᠠᠪᠤᠵᠤ‌‍ᠰᠠᠭᠤᠬᠤ ᠳᠠᠭᠠᠨ ᠰᠠᠷᠠᠪᠴᠢ ᠲᠠᠢ ᠮᠠᠯᠠᠭᠠᠢ ᠡᠮᠤᠰᠴᠤ ᠬᠠᠷ᠎ᠠ ᠰᠢᠯ ᠵᠡᠬᠦᠬᠦ ᠬᠡᠷᠡᠭᠳᠡᠢ᠃         ᠰᠢᠬᠢᠷ ᠰᠢᠵᠢᠩ ᠡᠪᠡᠳᠴᠢᠨ ᠲᠠᠢ ᠬᠦᠮᠤᠨ ᠪᠤᠯ ᠰᠠᠨᠠᠭ᠎ᠠ ᠰᠡᠳᠬᠢᠯ ᠢᠶᠠᠨ ᠪᠠᠶᠠᠷ ᠪᠠᠶᠠᠰᠬᠤᠯᠠᠩᠳᠠᠢ ᠪᠠᠶᠢᠯᠭᠠᠬᠤ ᠪᠠ ᠴᠢᠰᠤᠨ ᠰᠢᠬᠢᠷ ᠤᠨ ᠬᠡᠮᠵᠢᠶ᠎ᠠ ᠪᠤᠯᠤᠨ‌‍ᠴᠢᠰᠤᠨ ᠳᠠᠷᠤᠯᠳᠠ ᠪᠠᠨ ᠳᠡᠭᠰᠢ ᠪᠠᠶᠢᠯᠭᠠᠬᠤ ᠶᠢ ᠠᠩᠬᠠᠷᠤᠨ᠎ᠠ᠃ ᠰᠢᠬᠢᠷ ᠰᠢᠵᠢᠩ ᠡᠪᠡᠳᠴᠢᠨ ᠤ ᠴᠢᠨᠠᠷᠳᠠᠢ ᠨᠢᠳᠤᠨ ᠤ ᠳᠤᠤᠷᠯᠢᠬ ᠪᠦᠷᠬᠦᠪᠴᠢ ᠶᠢᠨ ᠡᠪᠡᠳᠴᠢᠨ‌‍ᠪᠤᠯ ᠰᠢᠬᠢᠷ ᠰᠢᠵᠢᠩ ᠡᠪᠡᠳᠴᠢᠨ ᠠᠴᠠ ᠪᠤᠯᠤᠭᠰᠠᠨ ᠬᠠᠮᠤᠭ ᠤᠨ ᠬᠦᠨᠳᠤ ᠬᠡᠴᠡᠬᠦᠤ ᠨᠢᠳᠤᠨ ᠤ ᠡᠪᠡᠳᠴᠢᠨ ᠪᠤᠯᠤᠨ᠎ᠠ᠃ ᠬᠦᠮᠤᠨ ᠤ ᠪᠡᠶ᠎ᠠ ᠮᠠᠬᠠᠪᠤᠳ ᠤᠨ ᠴᠢᠰᠤᠨ‌‍ᠰᠢᠬᠢᠷ ᠤᠨ ᠬᠡᠮᠵᠢᠶ᠎ᠠ ᠨᠢ ᠳᠤᠭᠳᠠᠪᠤᠷᠢ ᠦᠬᠡᠢ ᠪᠤᠯᠤᠭᠠᠳ 7 ~ 8 ᠵᠢᠯ ᠪᠤᠯᠬᠤ ᠳᠤ ᠬᠦᠷᠪᠠᠯ ᠬᠦᠮᠤᠨ ᠤ ᠨᠢᠳᠤ ᠳᠠᠷᠤᠢ ᠬᠡᠮᠳᠤᠯ ᠳᠤ ᠦᠷᠳᠤᠬᠦ ᠪᠤᠯᠤᠨ᠎ᠠ᠃ᠰᠢᠬᠢᠷ ᠰᠢᠵᠢᠩ ᠡᠪᠡᠳᠴᠢᠨ ᠠᠴᠠ  ᠪᠤᠯᠤᠭᠰᠠᠨ ᠨᠢᠳᠤᠨ ᠤ ᠳᠤᠤᠷᠯᠢᠬ ᠪᠦᠷᠬᠦᠪᠴᠢ ᠶᠢᠨ ᠡᠪᠡᠳᠴᠢᠨ ᠢ 6 ᠱᠠᠳᠤ ᠪᠠᠷ ᠬᠤᠪᠢᠶᠠᠵᠤ ᠵᠠᠰᠠᠳᠠᠭ᠄ 1 ~ 3ᠱᠠᠳᠤᠨ ᠳᠤᠨᠢ ᠭᠤᠤᠯᠳᠠᠭᠤ ᠳᠤᠭᠳᠠᠮᠠᠯ ᠬᠤᠭᠤᠴᠠᠭ᠎ᠠ ᠲᠠᠢ ᠪᠠᠷ ᠪᠠᠶᠢᠴᠠᠭᠠᠯᠳᠠ ᠬᠢᠬᠦ ᠶᠢ ᠪᠠᠷᠢᠮᠳᠠᠯᠠᠨ᠎ᠠ︔ 4 ~ 6 ᠱᠠᠳᠤᠨ ᠳᠤ ᠤᠷᠤᠪᠠᠯ᠂ ᠬᠦᠮᠤᠨ ᠤ ᠨᠢᠳᠤᠨ ‍ᠤ‌‍ᠲ᠋ᠤᠤᠷᠯᠢᠬ ᠪᠦᠷᠬᠦᠪᠴᠢ ᠳᠤ ᠤᠯᠠᠨ ᠠᠷᠪᠢᠨ ᠰᠢᠨ᠎ᠠ ᠴᠢᠰᠤᠨ ᠰᠤᠳᠠᠯ ᠤᠷᠭᠤᠭᠠᠳ ᠨᠢᠳᠤᠨ ᠤ ᠳᠤᠤᠷᠯᠢᠬ ᠪᠦᠷᠬᠦᠪᠴᠢ ᠶᠢ ᠡᠪᠳᠡᠳᠡᠭ᠂ ᠢᠡᠭᠬᠢᠬᠡᠳ ᠬᠦᠮᠤᠨ ‍ᠤ‌ᠨᠢᠳᠤ ᠴᠠᠭ ᠮᠦᠴᠠ ᠦᠬᠡᠢ ᠬᠠᠷᠠᠭ᠎ᠠ ᠠᠯᠳᠠᠬᠤ ᠠᠶᠤᠯ ᠲᠠᠢ᠃ ᠬᠦᠮᠤᠨ ᠤ ᠨᠢᠳᠤᠨ ᠠᠴᠠ ᠭᠠᠷᠤᠭᠰᠠᠨ ᠴᠢᠰᠤ ᠬᠠᠳᠠᠬᠤ ᠦᠬᠡᠢ ᠪᠠᠶᠢᠪᠠᠯ᠂ ᠨᠢᠳᠤᠨ ᠤ ᠮᠠᠰᠠ‌ᠵᠠᠰᠠᠯ ᠢ ᠳᠠᠷᠦ᠋ᠢᠬᠠᠨ ᠬᠢᠬᠦ ᠬᠡᠷᠡᠭᠳᠡᠢ᠃ ᠬᠢᠳᠡᠳ ᠡᠮᠴᠢ ᠨᠠᠷ ᠤᠨ ᠦᠵᠡᠬᠦ ᠪᠠᠷ᠂ ᠡᠨᠡ ᠦᠶ᠎ᠠ ᠳᠤ ᠡᠪᠡᠳᠴᠢᠳᠠᠨ ᠤ ᠬᠡᠢ ᠪᠠ ᠪᠢᠯᠢᠭ ᠨᠢ ᠳᠤᠷᠦ᠋ᠢᠳᠠᠭᠰᠠᠨ ᠪᠠᠶᠢᠳᠠᠭ‌‍ᠲ᠋ᠤᠯᠠ ᠬᠡᠢ ᠪᠠ ᠪᠢᠯᠢᠭ ᠢ ᠨᠢ ᠳᠡᠵᠢᠬᠡᠵᠤ ᠴᠢᠰᠤᠨ ᠡᠷᠬᠢᠯᠳᠠ ᠶᠢ ᠨᠢ ᠰᠠᠶᠢᠵᠢᠷᠠᠭᠤᠯᠬᠤ ᠵᠡᠷᠬᠡ ᠡᠮ ᠢ ᠤᠷᠳᠤ ᠬᠤᠭᠤᠴᠠᠭ᠎ᠠ ᠪᠠᠷ ᠵᠠᠷᠤᠪᠠᠯ᠂ ᠡᠪᠡᠳᠴᠢᠨ ᠤ ᠢᠯᠡᠷᠢ‌‍ᠪᠤᠯᠬᠤ ᠳᠤᠨᠢ ᠳᠤᠰᠠᠳᠠᠢ ᠪᠠᠶᠢᠳᠠᠭ᠃       ᠨᠢᠳᠤᠨ ᠤ ᠰᠢᠷ᠎ᠠ ᠳᠤᠯᠪᠤᠳᠤ ᠡᠪᠡᠳᠴᠢᠨ ᠪᠤᠯ ᠨᠢᠬᠡᠨ ᠳᠡᠯᠡᠬᠡᠢ ᠶᠢᠨ ᠴᠢᠨᠠᠷᠳᠠᠢ ᠡᠮᠨᠡᠬᠦᠶ᠎ᠠ ᠪᠡᠷᠬᠡ ᠵᠠᠰᠠᠪᠤᠷᠢ ᠦᠬᠡᠢ ᠡᠪᠡᠳᠴᠢᠨ ᠪᠤᠯᠤᠨ᠎ᠠ᠃ ᠤᠳᠤ ᠡᠶᠢᠮᠤ‌ᠡᠪᠡᠳᠴᠢᠨ ᠳᠤ ᠨᠡᠷᠪᠡᠭᠳᠡᠭᠰᠡᠳ ᠤᠯᠠᠮ ᠠᠴᠠ ᠤᠯᠠᠮ ᠤᠯᠠᠰᠢᠷᠠᠵᠤ ᠪᠠᠶᠢᠨ᠎ᠠ᠃ ᠮᠠᠨ ᠤ ᠤᠯᠤᠰ ᠲᠤ 45 ᠨᠠᠰᠤᠨ ᠠᠴᠠ ᠳᠡᠬᠡᠭᠰᠢᠬᠢ ᠬᠦᠮᠤᠰ ᠤᠨ 6% ~17% ᠨᠢ ᠡᠶᠢᠮᠤ ᠡᠪᠡᠳᠴᠢᠨ ᠳᠤ ᠨᠡᠷᠪᠡᠭᠳᠡᠵᠤ ᠪᠠᠶᠢᠳᠠᠭ᠃ ᠨᠢᠳᠤᠨ ᠤ ᠰᠢᠷ᠎ᠠ ᠳᠤᠯᠪᠤᠳᠤ ᠡᠪᠡᠳᠴᠢᠨ ᠢ ᠪᠠᠰᠠ ᠨᠢᠳᠤᠨ ᠤ ᠬᠠᠳᠠᠵᠤ ᠠᠪᠴᠢᠬᠤ ᠴᠢᠨᠠᠷᠳᠠᠢ ᠪᠠ‌ᠨᠠᠪᠴᠢᠵᠤ ᠭᠠᠷᠬᠤ ᠴᠢᠨᠠᠷᠳᠠᠢ ᠰᠢᠷ᠎ᠠ ᠳᠤᠯᠪᠤᠳᠤ ᠡᠪᠡᠳᠴᠢᠨ ᠬᠡᠵᠤ ᠬᠤᠶᠠᠷ ᠵᠦᠢᠯ ᠳᠤ ᠬᠤᠪᠢᠶᠠᠨ ᠬᠡᠯᠡᠳᠡᠭ᠃ ᠨᠢᠳᠤᠨ ᠤ ᠬᠠᠳᠠᠵᠤ ᠠᠪᠴᠢᠬᠤ ᠴᠢᠨᠠᠷᠳᠠᠢ ᠰᠢᠷ᠎ᠠ‌‍ᠲ᠋ᠤᠯᠪᠤᠳᠤ ᠡᠪᠡᠳᠴᠢᠨ ᠨᠢ ᠠᠯᠭᠤᠷ ᠢᠶᠠᠷ ᠬᠦᠨᠳᠤᠷᠡᠵᠤ᠂ ᠡᠪᠡᠳᠴᠢᠨ ᠲᠠᠢ ᠬᠦᠮᠤᠨ ᠤ ᠬᠠᠷᠠᠭ᠎ᠠ ᠨᠢ ᠠᠭᠠᠵᠢᠮ ᠢᠶᠠᠷ ᠮᠠᠭᠤᠳᠠᠳᠠᠭ᠃ ᠨᠢᠳᠤᠨ ᠤ ᠨᠠᠪᠴᠢᠵᠤ ᠭᠠᠷᠬᠤ‌‍ᠴᠢᠨᠠᠷᠳᠠᠢ ᠰᠢᠷ᠎ᠠ ᠳᠤᠯᠪᠤᠳᠤ ᠡᠪᠡᠳᠴᠢᠨ ᠨᠢ ᠳᠦᠷᠬᠡᠨ ᠬᠦᠨᠳᠤᠷᠡᠵᠤ᠂ ᠡᠪᠡᠳᠴᠢᠳᠠᠨ ᠨᠢᠬᠡᠮᠤᠰᠤᠨ ᠬᠠᠷᠠᠭ᠎ᠠ ᠠᠯᠳᠠᠳᠠᠭ᠃ ᠡᠶᠢᠮᠤ ᠠᠴᠠ ᠨᠢᠳᠤᠨ ᠤ ᠰᠢᠷ᠎ᠠ‌‍ᠲ᠋ᠤᠯᠪᠤᠳᠤ ᠡᠪᠡᠳᠴᠢᠨ ᠢ ᠡᠷᠳᠡᠬᠡᠨ ᠪᠠᠶᠢᠴᠠᠭᠠᠯᠭᠠᠵᠤ ᠡᠷᠳᠡᠬᠡᠨ ᠡᠮᠨᠡᠬᠦᠯᠤᠨ ᠵᠠᠰᠠᠭᠤᠯᠬᠤ ᠬᠡᠷᠡᠭᠳᠡᠢ᠃ ᠨᠢᠳᠤᠨ ᠤ ᠠᠪᠴᠢᠬᠤ ᠴᠢᠨᠠᠷᠳᠠᠢ ᠰᠢᠷ᠎ᠠ ᠳᠤᠯᠪᠤᠳᠤ‌ᠡᠪᠡᠳᠴᠢᠨ ᠢ ᠡᠸᠦ᠋ᠷᠤᠫᠡ ᠡᠮᠨᠡᠯᠬᠡ ᠪᠠᠷ ᠵᠠᠰᠠᠬᠤ ᠳᠤ ᠡᠮᠴᠢ ᠨᠠᠷ ᠶᠡᠷᠤᠳᠡᠬᠡᠨ ᠡᠪᠡᠳᠴᠢᠳᠠᠨ ᠳᠤ ᠬᠤᠯᠤᠤᠪᠠᠨᠭ᠌ ᠤᠨ ᠡᠳ᠋ ᠠᠭᠤᠯᠤᠭᠰᠠᠨ ᠡᠷᠡᠬᠦᠯᠵᠢᠯ ᠤᠨ ᠡᠮ ᠪᠤᠯᠤᠨ‌‍ᠸᠢᠲ᠋ᠠᠮᠢᠨ ᠤ ᠳᠦᠷᠤᠯ ᠤᠨ ᠡᠮ ᠢ ᠤᠤᠭᠤᠯᠭᠠᠳᠠᠭ᠃ ᠬᠢᠳᠡᠳ ᠡᠮᠨᠡᠯᠬᠡ ᠶᠢᠨ ᠬᠢᠨ ᠪᠤᠯ ᠡᠪᠡᠳᠴᠢᠳᠠᠨ ᠤ ᠪᠠᠶᠢᠳᠠᠯ ᠢ ᠦᠵᠡᠵᠤ ᠪᠠᠶᠢᠭᠠᠳ ᠢᠳᠡᠬᠡᠨ ᠢ ᠨᠢ‌‍ᠲ᠋ᠤᠬᠢᠷᠠᠭᠤᠯᠬᠤ ᠪᠤᠶᠤ ᠡᠮ ᠵᠠᠷᠤᠬᠤ ᠠᠷᠭ᠎ᠠ ᠶᠢ ᠠᠪᠴᠤ ᠪᠠᠶᠢᠳᠠᠭ᠃ ᠡᠳᠡᠬᠡᠷ ᠠᠷᠭ᠎ᠠ ᠨᠢ ᠡᠪᠡᠳᠴᠢᠳᠠᠨ ᠤ ᠬᠠᠷᠠᠭ᠎ᠠ ᠶᠢ ᠰᠠᠶᠢᠵᠢᠷᠠᠭᠤᠯᠬᠤ ᠪᠤᠶᠤ ᠬᠠᠷᠠᠭ᠎ᠠ‌ᠮᠠᠭᠤᠳᠠᠬᠤ ᠳᠦᠷᠬᠡᠴᠠ ᠶᠢ ᠨᠢ ᠤᠳᠠᠭᠠᠰᠢᠷᠠᠭᠤᠯᠬᠤ ᠤᠢᠢᠯᠡᠳᠤᠯ ᠲᠠᠢ᠃ ᠨᠢᠳᠤᠨ ᠤ ᠨᠠᠪᠴᠢᠵᠤ ᠭᠠᠷᠬᠤ ᠴᠢᠨᠠᠷᠳᠠᠢ ᠰᠢᠷ᠎ᠠ ᠳᠤᠯᠪᠤᠳᠤ ᠡᠪᠡᠳᠴᠢᠨ ᠪᠤᠯ ᠡᠮᠨᠡᠵᠤ‌ᠵᠠᠰᠠᠬᠤ ᠳᠤ ᠳᠦᠪᠡᠭᠳᠡᠢ ᠡᠪᠡᠳᠴᠢᠨ ᠶᠤᠮ᠃ ᠡᠨᠡᠬᠦ ᠡᠪᠡᠳᠴᠢᠨ ᠢ ᠵᠠᠰᠠᠬᠤ ᠳᠤ ᠡᠸᠦ᠋ᠷᠤᠫᠡ ᠪᠠ ᠬᠢᠳᠡᠳ ᠡᠮᠨᠡᠯᠬᠡ ᠶᠢ ᠤᠶᠠᠯᠳᠤᠭᠤᠯᠪᠠᠯ ᠨᠡᠯᠢᠶᠡᠳ ᠰᠠᠶᠢᠨ ᠪᠠᠶᠢᠳᠠᠭ᠃ ᠳᠤᠬᠠᠢᠢᠯᠠᠪᠠᠯ᠂ ᠤᠷᠢᠳᠠᠪᠡᠷ ᠬᠢᠳᠡᠳ ᠡᠮ ᠵᠠᠷᠤᠵᠤ ᠨᠢᠳᠤᠨ ᠠᠴᠠ ᠭᠠᠷᠤᠭᠰᠠᠨ ᠴᠢᠰᠤ ᠶᠢ ᠨᠢ ᠬᠠᠳᠠᠭᠠᠭᠠᠳ᠂ ᠰᠢᠷ᠎ᠠ ᠳᠤᠯᠪᠤᠳᠤ ᠡᠪᠡᠳᠴᠢᠨ ᠤ ᠭᠤᠯᠤᠮᠳᠠ ᠶᠢ ᠨᠢ‌‍ᠪᠠᠭᠠᠰᠬᠠᠨ᠎ᠠ᠂ ᠡᠨᠡᠬᠦ ᠰᠠᠭᠤᠷᠢᠨ ᠳᠡᠬᠡᠷ᠎ᠠ ᠡᠪᠡᠳᠴᠢᠳᠠᠨ ᠤ ᠡᠯᠢᠬᠡ ᠪᠦᠬᠡᠷ᠎ᠠ ᠶᠢ ᠳᠠᠮᠢᠷᠵᠢᠭᠤᠯᠵᠤ᠂ ᠠᠷᠭ᠎ᠠ ᠪᠢᠯᠢᠭ ᠢ ᠨᠢ ᠳᠡᠭᠰᠢᠷᠡᠬᠦᠯᠤᠨ᠂ ᠨᠢᠳᠤᠨ ᠤ ᠰᠢᠷ᠎ᠠ‌‍ᠲ᠋ᠤᠯᠪᠤ ᠲᠠᠢ ᠬᠡᠰᠡᠭ ᠤᠨ ᠴᠢᠰᠤ ᠬᠦᠴᠢᠯᠳᠦ᠋ᠷᠦᠭᠴᠢ ᠶᠢᠨ  ᠬᠠᠨᠭ᠍ᠭᠠᠯᠳᠠ ᠶᠢ ᠨᠢ ᠰᠠᠶᠢᠵᠢᠷᠠᠭᠤᠯᠵᠤ ᠡᠪᠡᠳᠴᠢᠨ ᠢ ᠨᠢ ᠡᠬᠢ ᠡᠬᠦᠰᠤᠯ ᠠᠴᠠ ᠨᠢ ᠬᠢᠵᠠᠭᠠᠷᠯᠠᠨ᠎ᠠ᠃ᠢᠡᠭᠬᠢᠭᠰᠡᠨ ᠤ ᠳᠠᠷᠠᠭ᠎ᠠ ᠡᠪᠡᠳᠴᠢᠳᠠᠨ ᠳᠤ ᠡᠸᠦ᠋ᠷᠤᠫᠡ ᠡᠮ ᠵᠠᠷᠤᠨ᠎ᠠ᠃       ᠶᠠᠮᠠᠷ ᠪᠠᠶᠢᠳᠠᠯ ᠳᠤᠤᠷ᠎ᠠ ᠨᠢᠳᠤ ᠪᠠᠨ ᠪᠠᠶᠢᠴᠠᠭᠠᠯᠭᠠᠬᠤ ᠪᠤᠢ︖ ᠨᠢᠳᠤ ᠪᠦᠷᠳᠤᠯᠵᠡᠵᠤ᠂ ᠨᠢᠳᠤᠨ ᠳᠤ ᠬᠡᠵᠢᠶᠡᠳᠠ ᠨᠢᠯᠪᠤᠰᠤ ᠲᠠᠢ ᠪᠠᠶᠢᠬᠤ ᠰᠢᠬ ᠰᠠᠨᠠᠭᠳᠠᠵᠤ‌‍ᠪᠠᠶᠢᠪᠠᠯ  ᠨᠢᠳᠤ ᠪᠠᠨ ᠪᠠᠶᠢᠴᠠᠭᠠᠯᠭᠠᠬᠤ ᠬᠡᠷᠡᠭᠳᠡᠢ᠂ ᠤᠴᠢᠷ ᠨᠢ ᠡᠨᠡ ᠪᠤᠯ ᠨᠢᠳᠤᠨ ᠤ ᠴᠠᠭᠠᠨ ᠬᠠᠷᠠᠩ ᠡᠪᠡᠳᠴᠢᠨ ᠳᠤ ᠨᠡᠷᠪᠡᠭᠳᠡᠬᠦ ᠬᠡᠵᠤ ᠪᠠᠶᠢᠭ᠎ᠠ ᠢᠯᠡᠷᠡᠯ ᠪᠤᠯᠤᠨ᠎ᠠ︔ ᠨᠢᠳᠤᠨ ᠳᠤ ᠴᠢᠨᠢ ᠬᠠᠷ᠎ᠠ ᠳᠤᠯᠪᠤ ᠦᠵᠡᠭᠳᠡᠵᠤ ᠪᠠᠶᠢᠪᠠᠯ ᠨᠢᠳᠤ ᠪᠠᠨ ᠪᠠᠶᠢᠴᠠᠭᠠᠯᠭᠠᠬᠤ ᠬᠡᠷᠡᠭᠳᠡᠢ᠃ ᠤᠴᠢᠷ ᠨᠢ ᠡᠨᠡ ᠪᠤᠯ ᠨᠢᠳᠤᠨ ᠤ ᠰᠢᠯᠯᠢᠭ ᠴᠤᠭᠴᠠ ᠨᠢ‌‍ᠪᠤᠯᠠᠩᠬᠢᠷᠳᠤᠬᠤ ᠬᠡᠮ ᠲᠠᠢ ᠪᠤᠯᠵᠤ ᠪᠠᠶᠢᠭ᠎ᠠ ᠶᠢᠨ ᠢᠯᠡᠷᠡᠯ ᠶᠤᠮ︔ ᠰᠦᠨᠢ ᠪᠠᠷ ᠶᠠᠭᠤᠮ᠎ᠠ ᠳᠤᠳᠤᠷᠬᠠᠢ ᠤᠯᠵᠤ ᠦᠵᠡᠬᠦ ᠦᠬᠡᠢ ᠮᠦᠷᠳᠡᠬᠡᠨ ᠨᠢᠳᠤ ᠴᠢᠨᠢ ᠴᠢᠨᠤᠷᠨᠨ‌ᠡᠪᠡᠳᠴᠤ ᠪᠠᠶᠢᠪᠠᠯ ᠨᠢᠳᠤ ᠪᠠᠨ ᠪᠠᠶᠢᠴᠠᠭᠠᠯᠭᠠᠬᠤ ᠬᠡᠷᠡᠭᠳᠡᠢ᠃ ᠤᠴᠢᠷ ᠨᠢ ᠡᠨᠡ ᠪᠤᠯ ᠨᠢᠳᠤᠨ ᠤ ᠳᠠᠷᠤᠯᠳᠠ ᠦᠨᠳᠤᠷ ᠪᠤᠯᠵᠤ ᠪᠠᠶᠢᠭ᠎ᠠ ᠶᠢᠨ ᠢᠯᠡᠷᠡᠯ ᠶᠤᠮ︔ᠨᠠᠰᠤᠳᠠᠶᠢᠴᠤᠳ ᠤᠨ ᠬᠤᠶᠠᠷ ᠨᠢᠳᠤ ᠨᠢ ᠶᠠᠭᠤᠮ᠎ᠠ ᠳᠤᠳᠤᠷᠬᠠᠢ ᠤᠯᠵᠤ ᠦᠵᠡᠬᠦ ᠦᠬᠡᠢ ᠪᠤᠶᠤ ᠶᠠᠭᠤᠮᠠᠨ ᠤ ᠬᠡᠯᠪᠡᠷᠢ ᠳᠦᠷᠰᠤ ᠨᠢ ᠬᠤᠪᠢᠷᠠᠨ ᠦᠵᠡᠭᠳᠡᠵᠤ  ᠪᠠᠶᠢᠪᠠᠯ‌ᠨᠢᠳᠤ ᠪᠠᠨ ᠪᠠᠶᠢᠴᠠᠭᠠᠯᠭᠠᠬᠤ ᠬᠡᠷᠡᠭᠳᠡᠢ᠃ ᠤᠴᠢᠷ ᠨᠢ ᠡᠨᠡ ᠪᠤᠯ ᠨᠢᠳᠤᠨ ᠤ ᠰᠢᠷ᠎ᠠ ᠳᠤᠯᠪᠤᠳᠤ ᠡᠪᠡᠳᠴᠢᠨ ᠳᠤ ᠨᠡᠷᠪᠡᠭᠳᠡᠬᠦ ᠬᠡᠵᠤ ᠪᠠᠶᠢᠭ᠎ᠠ ᠢᠯᠡᠷᠡᠯ ᠪᠤᠯᠬᠤ ᠶᠤᠮ᠃ᠬᠡᠨᠡᠳᠳᠠ ᠪᠠᠷ ᠨᠢᠬᠡ ᠨᠢᠳᠤ ᠨᠢ ᠪᠠᠶᠢᠨ ᠪᠠᠶᠢᠨ ᠬᠢᠯᠠᠰᠬᠢᠬᠦ ᠭᠱᠠᠨ ᠳᠤ ᠶᠠᠭᠤᠮ᠎ᠠ ᠤᠯᠵᠤ ᠦᠵᠡᠬᠦ ᠦᠬᠡᠢ ᠪᠠᠶᠢᠬᠤ ᠬᠡᠮ ᠲᠠᠢ ᠪᠤᠯᠤᠭᠰᠠᠨ ᠪᠠᠶᠢᠪᠠᠯ᠂ ᠳᠠᠷᠠ ᠨᠢ‌ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ ᠰᠤᠳᠠᠯ ᠨᠢ ᠴᠠᠭ ᠮᠦᠴᠠ ᠦᠬᠡᠢ ᠳᠦᠭᠵᠢᠷᠠᠨ ᠪᠦᠭᠯᠡᠷᠡᠬᠦ ᠠᠶᠤᠯ ᠳᠤ ᠳᠤᠯᠭᠠᠷᠠᠭᠰᠠᠨ ᠪᠠᠶᠢᠭ᠎ᠠ ᠶᠤᠮ ᠃ᠬᠡᠷᠪᠠ ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ ᠰᠤᠳᠠᠯ ᠨᠢ ᠳᠦᠭᠵᠢᠷᠡᠪᠡᠯ᠂ ᠳᠠᠷᠤᠢ ︽ᠨᠢᠳᠤᠨ ᠤ ᠳᠦᠭᠵᠢᠷᠡᠯ︾ ᠪᠤᠢ ᠪᠤᠯᠵᠤ᠂ ᠬᠦᠮᠤᠨ ᠤ ᠨᠢᠳᠤ‌ᠬᠠᠷᠠᠭ᠎ᠠ ᠦᠬᠡᠢ ᠪᠤᠯᠤᠨ᠎ᠠ᠃ ᠡᠶᠢᠮᠤ ᠠᠴᠠ ᠳᠡᠬᠡᠷᠡᠬᠢ ᠮᠡᠳᠤ ᠢᠯᠡᠷᠡᠯ ᠲᠠᠢ ᠪᠤᠯᠤᠭᠰᠠᠨ ᠪᠠᠶᠢᠪᠠᠯ ᠨᠢᠳᠤ ᠪᠠᠨ ᠪᠠᠶᠢᠴᠠᠭᠠᠯᠭᠠᠬᠤ ᠬᠡᠷᠡᠭᠳᠡᠢ᠃       ᠨᠢᠳᠤ ᠡᠪ ᠦᠬᠡᠢ ᠪᠤᠯᠤᠭᠰᠠᠭᠠᠷ ᠤᠰᠤᠨ ᠡᠮ ᠳᠤᠰᠤᠭᠠᠬᠤ ᠨᠢ ᠰᠢᠨᠵᠢᠯᠡᠬᠦ ᠤᠬᠠᠭᠠᠨᠴᠢ ᠠᠷᠭ᠎ᠠ ᠤᠤ︖ ᠬᠠᠯᠳᠤ ᠬᠡᠪᠡᠯ ᠨᠢᠳᠤᠨ ᠳᠡᠭᠡᠨ ᠤᠰᠤᠨ ᠡᠮ‌‍ᠲ᠋ᠤᠰᠤᠭᠠᠵᠤ ᠪᠠᠶᠢᠳᠠᠭ ᠨᠢ ᠵᠦᠪ ᠪᠤᠰᠤ ᠬᠢᠳᠠᠯ ᠶᠤᠮ᠃ ᠨᠢᠳᠤᠨ ᠳᠤ ᠳᠤᠰᠤᠭᠠᠬᠤ ᠤᠰᠤᠨ ᠡᠮ ᠢ ᠬᠠᠮᠢᠶ᠎ᠠ ᠨᠠᠮᠢᠶ᠎ᠠ ᠦᠬᠡᠢ ᠵᠠᠷᠤᠪᠠᠯ᠂ ᠨᠢᠳᠤᠨ ᠤ ᠨᠢᠯᠪᠤᠰᠤᠨ‌‍ᠪᠦ᠋ᠷᠬᠦᠪᠴᠢ ᠳᠡᠭᠡᠨ ᠳᠠᠬᠢᠨᠳᠠ ᠰᠡᠳᠤᠯᠳᠠ ᠦᠭᠴᠤ᠂ ᠤᠳᠠᠭᠠᠨ ᠳᠠᠭᠠᠨ ᠨᠢᠳᠤᠨ ᠤ ᠡᠪᠡᠳᠴᠢᠨ ᠢᠶᠠᠨ ᠤᠯᠠᠮ ᠬᠦᠨᠳᠤᠷᠡᠬᠦᠯᠬᠦ ᠪᠤᠯᠤᠨ᠎ᠠ᠃ ᠨᠢᠳᠤ ᠡᠪ ᠦᠬᠡᠢ ᠪᠤᠯᠪᠠᠯ‌ᠨᠢᠳᠤᠨ ᠳᠡᠭᠡᠨ ᠡᠪᠡᠰᠤᠨ ᠡᠮ ᠬᠢᠵᠤ ᠪᠤᠴᠠᠯᠭᠠᠭᠰᠠᠨ ᠤᠰᠤᠨ ᠤ ᠠᠭᠤᠷ ᠢᠶᠠᠷ ᠬᠠᠯᠠᠭᠤᠨ ᠵᠢᠩ ᠪᠠᠷᠢᠵᠤ ᠪᠤᠯᠤᠨ᠎ᠠ᠃ ᠡᠪᠡᠰᠤᠨ ᠡᠮ ᠲᠠᠢ ᠪᠤᠴᠠᠯᠭᠠᠭᠰᠠᠨ ᠤᠰᠤᠨ‌ᠠᠭᠤᠷ ᠢᠶᠠᠷ ᠨᠢᠳᠤᠨ ᠳᠡᠭᠡᠨ ᠬᠠᠯᠠᠭᠤᠨ ᠵᠢᠩ ᠪᠠᠷᠢᠬᠤ ᠨᠢ ᠬᠠᠷᠰᠢᠬᠤ ᠴᠢᠨᠠᠷᠳᠠᠢ ᠨᠠᠶᠢᠯᠡᠮᠡᠯ ᠪᠦᠷᠬᠦᠪᠴᠢ ᠶᠢᠨ ᠦᠷᠪᠢᠰᠤᠯ᠂ ᠨᠢᠳᠤ ᠬᠠᠭᠤᠷᠠᠶᠢᠰᠢᠬᠤ ᠬᠡᠮ᠂ ᠬᠠᠷᠠᠭ᠎ᠠ‌‍ᠴᠢᠯᠡᠬᠦ ᠬᠡᠮ᠂ ᠤᠳᠠᠭᠠᠨ ᠴᠢᠨᠠᠷᠳᠠᠢ ᠨᠠᠶᠢᠯᠡᠮᠡᠯ  ᠪᠦᠷᠬᠦᠪᠴᠢ ᠶᠢᠨ ᠦᠷᠪᠢᠰᠤᠯ ᠵᠡᠷᠬᠡ ᠶᠢ ᠢᠯᠡᠷᠢᠰᠢᠬᠦᠯᠬᠦ ᠳᠤ ᠪᠦᠷ ᠳᠤᠰᠠᠳᠠᠢ᠃ ᠦᠷᠬᠦᠯᠵᠢ ᠺᠤᠮᠫᠢᠦ᠋ᠲᠧᠷ ᠵᠶ᠋ᠠᠷ‌ᠠᠵᠢᠯᠯᠠᠳᠠᠭ ᠬᠦᠮᠤᠰ ᠤᠳ᠋ᠪᠠᠯ᠎ᠠ᠂ ᠬᠠᠰᠢᠶ ᠎ᠠ ᠪᠤᠷᠴᠠᠭ ᠤᠨ ᠦᠷ᠎ᠠ ᠪᠤᠯᠤᠨ ᠨᠤᠭᠤᠭᠠᠨ ᠴᠠᠢ ᠶᠢ ᠨᠠᠶᠢᠯᠡᠬᠦᠯᠤᠨ ᠴᠢᠢᠯᠡᠬᠡᠳ᠂ ᠬᠠᠯᠠᠭᠤᠨ ᠠᠭᠤᠷ ᠢᠶᠠᠷ ᠨᠢ‌ᠨᠢᠳᠤᠨ ᠳᠡᠭᠡᠨ 10 ~ 15 ᠮᠢᠨᠦ᠋ᠲ ᠵᠢᠩ ᠪᠠᠷᠢᠭᠰᠠᠨ ᠤ ᠳᠠᠷᠠᠭ᠎ᠠ ᠴᠠᠢ ᠪᠠᠨ ᠪᠠᠰᠠ ᠪᠦᠯᠢᠶᠡᠨ ᠬᠠᠯᠠᠭᠤᠨ ᠢᠶᠠᠷ ᠨᠢ ᠤᠤᠭᠤᠪᠠᠯ ᠨᠢᠳᠤᠨ ᠤ ᠬᠡᠮ ᠳᠤ ᠨᠠᠩ‌‍ᠲ᠋ᠤᠰᠠᠳᠠᠢ᠃       ᠶᠠᠮᠠᠷ ᠰᠢᠯᠳᠠᠭᠠᠨ ᠠᠴᠠ ᠪᠤᠯᠵᠤ ᠢᠳᠡᠷᠴᠤᠳ ᠪᠤᠯᠤᠨ ᠨᠠᠰᠤᠳᠠᠶᠢᠴᠤᠳ ᠤᠨ ᠬᠠᠷᠠᠭ᠎ᠠ ᠨᠢ ᠮᠠᠭᠤᠳᠠᠵᠤ ᠪᠠᠶᠢᠳᠠᠭ ᠪᠤᠢ︖ ᠢᠳᠡᠷᠴᠤᠳ ᠪᠤᠯᠤᠨ‌ᠨᠠᠰᠤᠳᠠᠶᠢᠴᠤᠳ ᠤᠨ ᠬᠠᠷᠠᠭ᠎ᠠ ᠮᠠᠭᠤᠳᠠᠭᠰᠠᠨ ᠠᠴᠠ ᠪᠤᠯᠤᠭᠰᠠᠨ ᠨᠢᠳᠤᠨ ᠤ ᠡᠪᠡᠳᠴᠢᠨ ᠶᠡᠭᠡ ᠳᠤᠪᠤᠶᠢᠮ᠎ᠠ ᠪᠠᠶᠢᠳᠠᠭ᠃ ᠡᠬᠦᠨ ᠳᠤ ᠨᠢᠬᠡ ᠨᠢ ᠪᠤᠯ ᠴᠢᠳᠠᠪᠤᠷᠢ ᠨᠢ‌ᠮᠠᠭᠤᠳᠠᠭᠰᠠᠨ ᠠᠴᠠ ᠪᠤᠯᠤᠭᠰᠠᠨ ᠨᠢᠳᠤᠨ ᠤ ᠡᠪᠡᠳᠴᠢᠨ ᠪᠤᠯᠤᠨ᠎ᠠ᠃ ᠬᠦᠮᠤᠨ ᠦᠳᠡᠯᠪᠡᠯ ᠦᠰᠤ ᠨᠢ ᠴᠠᠶᠢᠳᠠᠭ ᠲᠠᠢ ᠠᠳᠠᠯᠢ ᠪᠠᠷ ᠬᠦᠮᠤᠨ ᠦᠳᠡᠯᠵᠤ ᠪᠡᠶ᠎ᠠ‌‍ᠲ᠋ᠠᠮᠢᠷ ᠨᠢ ᠳᠤᠷᠦ᠋ᠢᠳᠠᠪᠠᠯ ᠨᠢᠳᠤᠨ ᠤ ᠡᠪᠡᠳᠴᠢᠨ ᠳᠤ ᠮᠦᠨ ᠠᠮᠠᠷᠬᠠᠨ ᠨᠡᠷᠪᠡᠭᠳᠡᠳᠡᠭ᠃ ᠵᠢᠱᠢᠶᠡᠯᠡᠪᠡᠯ᠂ ᠴᠠᠭᠠᠨ ᠬᠠᠷᠠᠩ ᠡᠪᠡᠳᠴᠢᠨ᠂ ᠨᠢᠳᠤᠨ ᠤ ᠰᠢᠷ᠎ᠠ ᠳᠤᠯᠪᠤᠳᠤ‌ᠡᠪᠡᠳᠴᠢᠨ᠂ ᠨᠢᠳᠤᠨ ᠤ ᠰᠢᠯᠯᠢᠭ ᠴᠤᠭᠴᠠ ᠨᠢ ᠪᠤᠯᠠᠩᠬᠢᠷᠳᠤᠬᠤ ᠡᠪᠡᠳᠴᠢᠨ ᠪᠤᠯ ᠪᠦᠷ ᠨᠠᠰᠤᠳᠠᠶᠢᠴᠤᠳ ᠲᠤ ᠦᠷᠳᠤᠳᠡᠭ ᠨᠢᠳᠤᠨ ᠤ ᠡᠪᠡᠳᠴᠢᠨ ᠪᠤᠯᠤᠨ᠎ᠠ᠃ᠨᠦᠬᠦᠬᠡ ᠨᠢ ᠪᠤᠯ ᠪᠦᠬᠦ ᠪᠡᠶ᠎ᠠ ᠶᠢᠨ ᠴᠢᠰᠤᠨ ᠰᠤᠳᠠᠯ ᠤᠨ ᠰᠢᠰᠲ᠋ᠧᠮ ᠤᠨ ᠡᠪᠡᠳᠴᠢᠨ᠂ ᠰᠢᠨ᠎ᠠ ᠬᠠᠭᠤᠴᠢᠨ ᠤ ᠰᠤᠯᠢᠯᠴᠠᠭᠠᠨ ᠤ ᠴᠢᠨᠠᠷᠳᠠᠢ ᠡᠪᠡᠳᠴᠢᠨ ᠪᠤᠯᠤᠨ‌ᠡᠪᠡᠳᠴᠢᠨ ᠡᠰᠡᠷᠬᠦᠴᠡᠬᠦ ᠴᠢᠳᠠᠪᠤᠷᠢ ᠶᠢᠨ ᠴᠢᠨᠠᠷᠳᠠᠢ ᠡᠪᠡᠳᠴᠢᠨ ᠠᠴᠠ ᠪᠤᠯᠵᠤ ᠰᠢᠯᠳᠠᠭᠠᠯᠠᠭᠳᠠᠭᠰᠠᠨ ᠨᠢᠳᠤᠨ ᠤ ᠡᠪᠡᠳᠴᠢᠨ ᠪᠤᠯᠤᠨ᠎ᠠ᠃ ᠵᠢᠱᠢᠶᠡᠯᠡᠪᠡᠯ᠂ ᠰᠢᠬᠢᠷ‌‍ᠰᠢᠵᠢᠩ ᠡᠪᠡᠳᠴᠢᠨ ᠤ ᠴᠢᠨᠠᠷᠳᠠᠢ ᠨᠢᠳᠤᠨ ᠤ ᠳᠤᠤᠷᠯᠢᠬ ᠪᠦᠷᠬᠦᠪᠴᠢ ᠶᠢᠨ ᠡᠪᠡᠳᠴᠢᠨ᠂ ᠤᠳᠠᠭᠠᠨ ᠬᠤᠭᠤᠴᠠᠭᠠᠨ ᠤ ᠴᠢᠰᠤᠨ ᠳᠠᠷᠤᠯᠳᠠ ᠦᠨᠳᠤᠷ ᠪᠠᠶᠢᠬᠤ‌‍ᠬᠡᠮ ᠠᠴᠠ ᠪᠤᠯᠤᠭᠰᠠᠨ ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ ᠰᠤᠳᠠᠯ ᠤᠨ ᠬᠠᠳᠠᠭᠤᠷᠠᠭᠰᠠᠨ ᠡᠪᠡᠳᠴᠢᠨ᠂ ᠨᠢᠳᠤᠨ ᠤ ᠳᠤᠤᠷᠯᠢᠬ ᠪᠦᠷᠬᠦᠪᠴᠢ ᠵᠢᠨ‌‍ᠲ᠋ᠠᠷᠬᠠᠭᠠᠬᠤ ᠰᠤᠳᠠᠯ ᠤᠨ ᠬᠠᠳᠠᠭᠤᠷᠠᠯ ᠠᠴᠠ ᠪᠤᠯᠤᠭᠰᠠᠨ ᠨᠢᠳᠤᠨ ᠤ ᠳᠤᠤᠷᠯᠢᠬ ᠪᠦᠷᠬᠦᠪᠴᠢ ᠶᠢᠨ ᠳᠠᠷᠬᠠᠭᠠᠬᠤ ᠰᠤᠳᠠᠯ ᠤᠨ ᠳᠦᠭᠵᠢᠷᠡᠯ᠂ ᠬᠤᠷᠢᠶᠠᠬᠤ ᠰᠤᠳᠠᠯ ‍ᠤᠨ‌‍ᠲ᠋ᠦ᠋ᠭᠵᠢᠷᠠᠯ᠂ ᠴᠢᠰᠤ ᠳᠤᠳᠠᠬᠤ ᠴᠢᠨᠠᠷᠳᠠᠢ ᠬᠠᠷᠠᠭᠠᠨ ᠤ ᠳᠤᠪᠴᠢᠷᠤᠤ ᠶᠢᠨ ᠡᠪᠡᠳᠴᠢᠨ ᠪᠤᠯ ᠪᠦᠷ ᠨᠠᠰᠤᠳᠠᠶᠢᠴᠤᠳ ᠨᠡᠷᠪᠡᠭᠳᠡᠳᠡᠭ ᠨᠢᠳᠤᠨ ᠤ ᠡᠪᠡᠳᠴᠢᠨ ᠪᠤᠯᠤᠨ᠎ᠠ᠃  
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ