ᠮᠤᠩᠭᠤᠯᠴᠤᠳ ᠭᠠᠯ ᠢ ᠠᠮᠢ ᠨᠠᠰᠤ᠂ ᠡᠳ᠋ ᠠᠭᠤᠷᠠᠰᠤ ᠶᠢᠨ ᠴᠡᠪᠡᠷ ᠠᠷᠢᠭᠤᠨ ᠬᠦᠴᠦᠨ ᠴᠢᠳᠠᠯ᠂ ᠵᠤᠯ ᠵᠢᠷᠭᠠᠯ᠂ ᠬᠦᠭᠵᠢᠯ ᠪᠠᠳᠠᠷᠠᠯ ᠤᠨ ᠪᠡᠯᠭᠡ ᠳᠡᠮᠳᠡᠭ | ᠭᠡᠵᠤ ᠦᠵᠡᠨ᠂ ᠰᠢᠲᠦᠨ ᠪᠢᠰᠢᠷᠡᠵᠤ᠂ ᠭᠠᠯ ᠤᠨ ᠳᠡᠭᠷᠢ ᠶᠢ ᠬᠦᠨᠳᠦᠳᠭᠡᠵᠤ᠂ ᠬᠢᠯᠢᠩᠨᠠᠨ ᠲᠤᠭᠰᠢᠷᠠᠬᠤ᠂ ᠪᠤᠵᠠᠷᠲᠤᠵᠤ ᠮᠠᠭᠤᠳᠠᠬᠤ ᠠᠴᠠ ᠬᠢᠴᠢᠶᠡᠨ | ᠪᠤᠯᠭᠤᠮᠵᠢᠯᠠᠬᠤ ᠲᠠᠢ ᠬᠤᠯᠪᠤᠭᠳᠠᠭᠰᠠᠨ ᠴᠡᠭᠡᠷ ᠶᠤᠰᠤ ᠶᠢ ᠡᠷᠲᠡᠨ ᠠᠴᠠ ᠲᠤᠭᠲᠠᠭᠠᠨ ᠳᠠᠭᠠᠭᠰᠠᠭᠠᠷ ᠢᠷᠡᠭᠰᠡᠨ ᠪᠢᠯᠡ᠃ ᠠᠶᠢᠯ ᠤᠨ ᠭᠠᠯ ᠭᠤᠯᠤᠮᠲᠠ ᠠᠷᠢᠭᠤᠨ | ᠳᠠᠷᠬᠠᠨ ᠪᠠᠶᠢᠬᠤ ᠤᠴᠢᠷᠲᠠᠢ ᠪᠦᠭᠡᠳ ᠠᠶᠢᠯ ᠭᠡᠷ ᠪᠠᠳᠤ᠂ ᠠᠮᠤᠷ ᠲᠦᠪᠰᠢᠨ ᠪᠠᠶᠢᠬᠤ ᠶᠢᠨ ᠪᠡᠯᠭᠡ ᠳᠡᠮᠳᠡᠭ ᠭᠡᠵᠤ ᠦᠵᠡᠳᠡᠭ ᠪᠢᠯᠡ᠃ | ᠭᠠᠯ ᠲᠠᠢ ᠬᠤᠯᠪᠤᠭᠠᠲᠠᠢ ᠡᠳᠡᠭᠡᠷ ᠴᠡᠭᠡᠷ ᠶᠤᠰᠤ ᠨᠢ ᠶᠡᠷᠦᠳᠡ ᠶᠢᠨ ᠴᠡᠭᠡᠷ ᠪᠠ ᠲᠤᠰᠬᠠᠢ ᠴᠡᠭᠡᠷ ᠭᠡᠵᠤ ᠬᠤᠶᠠᠷ ᠵᠦᠢᠯ ᠪᠠᠶᠢᠵᠠᠢ᠃ | ᠶᠡᠷᠦᠳᠡ ᠶᠢᠨ ᠴᠡᠭᠡᠷ ᠨᠢ᠄ | — ᠭᠠᠯ ᠭᠤᠯᠤᠮᠲᠠ ᠶᠢᠨ ᠳᠡᠭᠡᠭᠦᠷ ᠠᠯᠬᠤᠵᠤ ᠭᠠᠷᠬᠤ︔ | — ᠭᠠᠯ ᠳᠤ ᠬᠦᠯ ᠢᠶᠠᠨ ᠡᠭᠡᠭᠡᠬᠦ︔ | — ᠭᠠᠯ ᠤᠷᠤᠭᠤ ᠠᠯᠴᠠᠶᠢᠵᠤ ᠰᠠᠭᠤᠬᠤ︔ | — ᠭᠠᠯ ᠳᠤ ᠬᠢᠲᠤᠭ᠎ᠠ ᠰᠢᠪᠦᠭᠡ ᠲᠦᠷᠦᠬᠦ︔ | — ᠭᠠᠯ ᠢᠶᠠᠨ ᠬᠠᠷᠢᠶᠠᠵᠤ ᠮᠠᠭᠤᠯᠠᠬᠤ ᠶᠢ ᠢᠮᠠᠭᠲᠠ ᠴᠡᠭᠡᠷᠯᠡᠳᠡᠭ᠃ | — ᠭᠠᠯ ᠳᠤ ᠰᠤᠩᠭᠢᠨ᠎ᠠ᠂ ᠰᠠᠷᠢᠮᠰᠠᠭ ᠤᠨ ᠬᠠᠯᠢᠰᠤ᠂ ᠨᠤᠬᠠᠢ᠂ ᠭᠠᠭ᠋ᠠᠢ᠂ ᠰᠢᠪᠠᠭᠤᠨ ᠤ ᠪᠠᠭᠠᠰᠤ᠂ ᠦᠳᠦ᠂ ᠬᠦᠯ ᠭᠠᠷ ᠤᠨ ᠬᠢᠮᠤᠰᠤ ᠬᠢᠬᠦ᠂ ᠨᠢᠰᠤ | ᠨᠢᠯᠪᠤᠰᠤ ᠪᠠᠨ ᠬᠠᠶᠠᠬᠤ︔ | — ᠰᠠᠶ᠋ᠢ ᠲᠦᠷᠦᠭᠰᠡᠨ ᠡᠬᠡ ᠬᠦᠮᠦᠨ ᠭᠠᠯ ᠳᠤ ᠤᠢᠢᠷᠠᠳᠬᠤ ᠶᠢ ᠴᠡᠭᠡᠷᠯᠡᠳᠡᠭ᠃ ᠡᠨᠡ ᠨᠢ ᠭᠠᠯ ᠭᠤᠯᠤᠮᠲᠠ ᠶᠢ ᠴᠡᠪᠡᠷ ᠪᠠᠶᠢᠯᠭᠠᠵᠤ᠂ ᠪᠤᠵᠠᠷᠲᠤᠬᠤ ᠠᠴᠠ | ᠬᠠᠮᠠᠭᠠᠯᠠᠬᠤ ᠵᠤᠷᠢᠯᠭ᠎ᠠ ᠲᠠᠢ᠃ | — ᠵᠤᠤᠬ᠎ᠠ ᠳᠤᠯᠭᠠᠨ ᠳᠡᠭᠡᠷ᠎ᠡ ᠪᠤᠵᠠᠷ ᠶᠠᠭᠤᠮ᠎ᠠ ᠲᠠᠯᠪᠢᠬᠤ ᠶᠢ ᠴᠡᠭᠡᠷᠯᠡᠨ᠎ᠡ᠃ ᠵᠦᠷᠢᠴᠡᠪᠡᠯ ᠭᠠᠯ ᠤᠨ ᠳᠡᠭᠷᠢ ᠲᠤᠭᠰᠢᠷᠠᠨ ᠠᠭᠤᠷᠯᠠᠨ᠎ᠠ ᠭᠡᠳᠡᠭ᠃ | — ᠭᠠᠯ ᠳᠤ ᠰᠦ ᠳᠤᠰᠤᠭᠠᠬᠤ᠂ ᠭᠠᠯ ᠳᠡᠭᠡᠷ᠎ᠡ ᠪᠦᠰᠡ ᠡᠷᠭᠢᠭᠦᠯᠬᠦ᠂ ᠴᠢᠰᠤ ᠲᠤᠰᠤᠭᠠᠬᠤ᠂ ᠤᠰᠤ ᠤᠷᠤᠭᠤᠯᠬᠤ ᠶᠢ ᠴᠡᠭᠡᠷᠯᠡᠨ᠎ᠡ᠃ | — ᠤᠷᠴᠢᠨ ᠦᠶ᠎ᠡ ᠳᠤ ᠡᠳᠦᠷ ᠤᠨ ᠴᠠᠭ ᠲᠤ ᠳᠠᠪᠤᠰᠤ ᠬᠢᠬᠦ ᠶᠢ ᠴᠡᠭᠡᠷᠯᠡᠨ᠎ᠡ᠃ ᠭᠠᠯ ᠤᠨ ᠲᠡᠭᠷᠢ ᠰᠤᠴᠢᠨ᠎ᠡ ᠭᠡᠳᠡᠭ᠃ ᠨᠢᠭᠤᠷᠯᠠᠭᠰᠠᠨ ᠭᠠᠢ᠂ ᠱᠦᠭᠯᠡᠭᠰᠡᠨ | ᠮᠠᠭᠤ ᠶᠠᠭᠤᠮ᠎ᠠ ᠶᠢ ᠵᠠᠶᠢᠯᠠᠭᠤᠯᠤᠨ ᠬᠦᠭᠡᠭᠡᠬᠦ ᠳᠤ ᠪᠤᠯᠤᠨ ᠬᠡᠦᠬᠡᠳ ᠫᠤᠤ ᠵᠡᠷᠭᠡ ᠶᠢ ᠠᠷᠢᠭᠤᠰᠬᠠᠬᠤ ᠳᠤ ᠭᠠᠯ ᠳᠡᠭᠡᠷ᠎ᠡ ᠳᠠᠪᠤᠰᠤ ᠬᠢᠵᠤ ᠲᠦᠯᠡᠳᠡᠭ᠃ ᠪᠠᠰᠠ | ᠴᠢᠳᠭᠦᠷ ᠤᠨ ᠭᠠᠢ ᠶᠢ ᠬᠦᠭᠡᠭᠡᠬᠦ ᠳᠤ ᠳᠠᠪᠤᠰᠤ ᠲᠦᠯᠡᠳᠡᠭ᠃ ᠡᠩ ᠤᠨ ᠴᠠᠭ ᠲᠤ ᠭᠠᠯ ᠳᠤ ᠳᠠᠪᠤᠰᠤ ᠬᠢᠪᠡᠰᠤ ᠭᠠᠯ ᠤᠨ ᠪᠤᠷᠬᠠᠨ ᠰᠤᠴᠢᠨ᠎ᠡ ᠭᠡᠳᠡᠭ᠃ | — ᠭᠠᠯ ᠳᠤ ᠰᠢᠷᠠᠯᠵᠢ ᠲᠦᠯᠡᠬᠦ ᠶᠢ ᠴᠡᠭᠡᠷᠯᠡᠨ᠎ᠡ᠃ | — ᠬᠤᠶᠠᠷ ᠭᠡᠷ ᠤᠨ ᠬᠤᠭᠤᠷᠤᠨᠳᠤ ᠤᠳᠤᠭ᠎ᠠ ᠲᠠᠢ ᠭᠠᠯ ᠵᠦᠭᠡᠭᠡᠬᠦ ᠶᠢ ᠴᠡᠭᠡᠷᠯᠡᠨ᠎ᠡ᠃ ᠨᠤᠴᠤᠯᠳᠤᠭᠠᠨ ᠵᠢᠭᠤᠷᠠᠯᠳᠤᠭᠠᠨ ᠪᠤᠯᠤᠨ᠎ᠡ ᠭᠡᠳᠡᠭ᠃ | — ᠵᠤᠤᠬᠠᠨ ᠤ ᠠᠮᠠ ᠶᠢ ᠰᠡᠲᠡᠷᠬᠡᠢ ᠤᠩᠭᠤᠷᠬᠠᠢ ᠪᠠᠶᠢᠯᠭᠠᠬᠤ ᠶᠢ ᠴᠡᠭᠡᠷᠯᠡᠨ᠎ᠡ᠃ | — ᠬᠡᠦᠬᠡᠳ ᠪᠠᠭᠠᠴᠤᠳ ᠤᠨ ᠭᠠᠯ ᠢᠶᠠᠷ ᠨᠠᠭᠠᠳᠬᠤ ᠶᠢ ᠴᠡᠭᠡᠷᠯᠡᠳᠡᠭ᠃ ᠭᠠᠯ ᠤᠨ ᠲᠡᠭᠷᠢ ᠬᠢᠯᠢᠩᠨᠡᠨ᠎ᠡ ᠭᠡᠳᠡᠭ᠃ ᠮᠠᠯ ᠰᠠᠷᠨᠢᠬᠤ ᠪᠤᠶᠤ ᠠᠯᠳᠠᠭᠳᠠᠨ᠎ᠠ ᠭᠡᠳᠡᠭ᠃ | ᠲᠤᠬᠠᠢᠢᠯᠠᠪᠠᠯ ᠬᠡᠦᠬᠡᠳ ᠪᠠᠭᠠᠴᠤᠳ ᠭᠠᠯ ᠲᠠᠢ ᠴᠤᠴᠠᠯᠢ᠂ ᠮᠦᠴᠢᠷ᠂ ᠪᠠᠮᠪᠠᠷ ᠪᠠᠷᠢᠵᠤ ᠲᠤᠭᠯᠠᠪᠠᠯ ᠭᠠᠯᠠ ᠠᠯᠳᠠᠨ᠎ᠠ᠂ ᠲᠦᠢᠮᠡᠷ ᠲᠠᠯᠪᠢᠨ᠎ᠡ ᠬᠡᠮᠡᠨ ᠬᠤᠷᠢᠭᠯᠠᠨ᠎ᠠ᠃ | — ᠨᠡᠭᠦᠳᠡᠯ ᠰᠠ |