ᠪᠤᠷᠢᠶᠠᠳ ᠶᠠᠰᠤᠳᠡᠨ ᠪᠤᠯ ᠮᠤᠩᠭᠤᠯ ᠢᠵᠠᠭᠤᠷ ᠤᠨ ᠬᠦᠮᠤᠰ ᠪᠥᠭᠡᠳ ᠲᠡᠳᠡᠨ ᠤ ᠡᠪᠦᠭᠡ ᠲᠡᠭᠡᠳᠥᠰ ᠨᠢ ᠪᠠᠶᠢᠭᠠᠯ ᠨᠠᠭᠤᠷ ᠤᠨ ᠠᠷᠤ ᠦᠪᠤᠷ᠂ ᠪᠠᠷᠠᠭᠤᠨ ᠵᠡᠬᠦᠨ | ᠲᠠᠯ᠎ᠠ ᠪᠠᠷ ᠤᠷᠤᠰᠢᠨ ᠠᠮᠢᠳᠤᠷᠠᠵᠤ ᠪᠠᠶᠢᠭᠰᠠᠨ ᠡᠷᠳᠡᠨ ᠤ ᠠᠩᠴᠢᠨ᠂ ᠬᠦᠷᠥᠭᠡᠴᠢᠨ᠂ ᠪᠤᠯᠠᠭᠠᠴᠢᠨ᠂ ᠭᠡᠷᠡᠮᠤᠴᠢᠨ᠂ ᠤᠢ ᠶᠢᠨ ᠢᠷᠭᠡᠳ ᠠᠴᠠ ᠡᠬᠦᠰᠥᠯ ᠲᠠᠢ ᠶᠤᠮ᠃ | ᠲᠤᠬᠠᠢᠢᠯᠠᠪᠡᠯ ᠡᠷᠳᠡᠨ ᠤ ᠦᠶ᠎ᠠ ᠳᠤ ᠪᠠᠶᠢᠭᠠᠯ ᠨᠠᠭᠤᠷ ᠤᠨ ᠤᠷᠴᠢᠮ ᠵᠦᠯᠭᠡ ︵ᠯᠧᠨᠠ︶ ᠮᠥᠷᠡᠨ ᠪᠡ ᠬᠢᠶᠤᠯᠭᠠ ᠮᠥᠷᠡᠨ ᠤ ᠰᠠᠪᠠ ᠭᠠᠵᠠᠷ᠂ ᠰᠡᠯᠡᠩᠭᠡ ᠮᠥᠷᠡᠨ ᠤ | ᠠᠳᠠᠭ ᠢᠶᠠᠷ ᠪᠠᠶᠢᠷᠢᠯᠠᠵᠤ ᠪᠠᠶᠢᠭᠰᠠᠨ ᠬᠤᠷᠢᠬᠠᠨ ︵ᠬᠤᠷᠢ ᠲᠦᠮᠡᠳ︶ ᠠᠶᠢᠮᠠᠭ᠂ ᠪᠠᠷᠭᠤᠵᠢᠨ ᠲᠥᠬᠦᠮ ᠳᠤ ᠠᠵᠤ ᠲᠥᠷᠥᠳᠡᠭ ᠪᠠᠷᠭᠤᠳ ᠠᠶᠢᠮᠠᠭ ᠵᠡᠷᠭᠡ ᠮᠤᠩᠭᠤᠯ | ᠤᠭᠰᠠᠭ᠎ᠠ ᠶᠢᠨ ᠠᠶᠢᠮᠠᠭ ᠤᠳ ᠨᠢ ᠲᠡᠳᠡᠨ ᠤ ᠲᠡᠭᠡᠳᠤ ᠦᠶ᠎ᠠ ᠶᠢᠨ ᠠᠶᠢᠮᠠᠭ ᠤᠳ ᠪᠢᠯᠡ᠃ | ᠪᠤᠷᠢᠶᠠᠳ ᠮᠤᠩᠭᠤᠯᠴᠤᠳ 13 ᠳ᠋ᠤᠭᠠᠷ ᠵᠠᠭᠤᠨ ᠠᠴᠠ ᠡᠮᠤᠨ᠎ᠠ ︵1100 — 1200 ᠤᠨ ᠤ ᠦᠶ᠎ᠠ ᠳᠤ︶ ᠲᠥᠷᠤ ᠬᠦᠷᠤᠨ ᠤ ᠲᠤᠳᠤᠷᠬᠠᠢ ᠬᠠᠷᠢᠶᠠᠯᠠᠯ | ᠦᠭᠡᠢ᠂ ᠬᠤᠶᠢᠳᠤ ᠵᠦᠭ ᠤᠨ ᠤᠯᠠᠨ ᠤᠭᠰᠠᠭ᠎ᠠ ᠠᠶᠢᠮᠠᠭ ᠤᠳ ᠲᠠᠢ ᠬᠠᠮᠳᠤ ᠪᠠᠷ ᠠᠯᠢ ᠨᠢᠭᠡᠨ ᠤ ᠬᠢᠨᠢ ᠬᠦᠴᠤᠨ ᠶᠡᠭᠡ ᠪᠤᠯ ᠲᠠᠬᠦᠨ ᠤ ᠬᠠᠷᠢᠶ᠎ᠠ ᠳᠤ ᠪᠠᠭᠳᠠᠵᠤ᠂ | ᠦᠪᠡᠷᠰᠡᠳ ᠤᠨ ᠠᠶᠢᠮᠠᠭ ᠤᠪᠤᠭ ᠢᠶᠠᠷ ᠢᠶᠠᠨ ᠠᠡᠭ ᠬᠦᠷᠥᠭᠡ᠂ ᠵᠢᠭᠠᠰᠤᠨ ᠤ ᠠᠵᠢᠯ ᠪᠤᠯᠤᠨ ᠮᠠᠯ ᠲᠠᠵᠢᠭᠡᠬᠦ ᠠᠵᠢᠯ ᠵᠡᠷᠭᠡ ᠶᠢ ᠡᠷᠬᠢᠯᠡᠨ ᠪᠠᠶᠢᠭᠰᠠᠨ ᠪᠥᠭᠡᠳ | ᠪᠤᠯᠠᠭᠠᠳ ᠢᠬᠢᠷᠡᠳ ᠠᠴᠠ ᠡᠬᠦᠰᠥᠯ ᠲᠠᠢ ᠪᠠᠷᠠᠭᠤᠨ ᠵᠦᠭ ᠤᠨ ᠪᠤᠷᠢᠶᠠᠳ ᠤᠳ ᠨᠢ ᠪᠠᠶᠢᠭᠠᠯ ᠨᠠᠭᠤᠷ ᠤᠨ ᠠᠷᠤ ᠪᠤᠯᠤᠨ ᠪᠠᠷᠠᠭᠤᠨ ᠲᠠᠯ᠎ᠠ ᠪᠠᠷ ᠪᠠᠶᠢᠷᠢᠯᠡᠵᠤ᠂ ᠠᠡᠭ | ᠬᠦᠷᠥᠭᠡ᠂ ᠵᠢᠭᠠᠰᠤᠨ ᠤ ᠠᠵᠢᠯ ᠢ ᠡᠷᠬᠢᠯᠡᠵᠤ ᠪᠠᠶᠢᠭᠰᠠᠨ ᠠᠴᠠ ᠰᠡᠬᠦᠯᠳᠡᠵᠤ᠂ ᠮᠠᠯ ᠲᠠᠷᠢᠶ᠎ᠠ ᠶᠢ ᠬᠤᠤᠰᠯᠠᠭᠤᠯᠤᠨ ᠡᠷᠬᠢᠯᠡᠬᠦ ᠪᠤᠯᠤᠭᠰᠠᠨ ᠶᠤᠮ᠃ ᠡᠷᠳᠡᠨ ᠤ ᠬᠤᠷᠢ | ᠲᠦᠮᠡᠳ ᠠᠴᠠ ᠡᠬᠦᠰᠥᠯ ᠲᠠᠢ ᠬᠤᠷᠢ ᠶᠢᠨ ᠪᠤᠷᠢᠶᠠᠳ ᠤᠳ ᠨᠢ ᠪᠠᠶᠢᠭᠠᠯ ᠨᠠᠭᠤᠷ ᠠᠴᠠ ᠵᠡᠬᠦᠡᠰᠢ ᠪᠠᠶᠢᠷᠢᠯᠠᠵᠤ ᠪᠠᠶᠢᠭᠰᠠᠨ ᠢᠶᠠᠨ ᠰᠡᠬᠦᠯᠳᠡᠵᠤ ᠨᠡᠬᠦᠳᠡᠯ ᠤᠨ ᠮᠠᠯ ᠠᠵᠤ | ᠠᠬᠤᠢ ᠶᠢ ᠡᠷᠬᠢᠯᠡᠬᠦ ᠪᠤᠯᠵᠤ᠂ ᠵᠡᠬᠦᠡᠰᠢ ᠪᠤᠯᠤᠨ ᠡᠮᠥᠨᠡᠰᠢ ᠪᠠᠨ ᠰᠡᠯᠡᠩᠭᠡ᠂ ᠦᠳᠡ᠂ ᠢᠡᠭᠬᠢᠳᠡᠢ ᠳᠤ ᠬᠦᠷᠴᠤ ᠤᠯᠠᠮ ᠵᠡᠬᠦᠡᠰᠢᠯᠡᠵᠤ ᠤᠨᠤᠨ᠂ ᠠᠭ᠎ᠠ᠂ ᠪᠤᠤᠷᠵᠢ᠂ | ᠡᠷᠬᠦᠨ᠎ᠠ ᠵᠡᠷᠭᠡ ᠭᠤᠤᠯ ᠮᠥᠷᠡᠨ ᠨᠦᠭᠦᠳ ᠤᠨ ᠰᠠᠪᠡ ᠭᠠᠵᠠᠷ ᠢᠶᠠᠷ ᠨᠡᠬᠦᠳᠡᠯᠯᠡᠨ ᠪᠠᠶᠢᠷᠢᠰᠢᠬᠤ ᠪᠤᠯᠤᠭᠰᠠᠨ ᠪᠢᠯᠡ᠃ | 13 ᠳ᠋ᠤᠭᠠᠷ ᠵᠡᠭᠤᠨ ᠤ ᠡᠬᠢᠨ ᠤ ᠦᠶ᠎ᠠ ᠳᠤ ᠴᠢᠩᠬᠢᠰ ᠬᠠᠭᠠᠨ᠂ ᠪᠥᠬᠦ ᠮᠤᠩᠭᠤᠯ ᠤᠭᠰᠠᠭ᠎ᠠ ᠶᠢᠨ ᠤᠯᠠᠨ ᠠᠶᠢᠮᠠᠭ ᠤᠳ ᠢ ᠨᠢᠭᠡᠳᠭᠡᠨ ᠮᠤᠩᠭᠤᠯ ᠤᠨ | ᠬᠠᠭᠠᠡᠳᠤ ᠤᠯᠤᠰ ᠢ ᠪᠠᠶᠢᠭᠤᠯᠤᠭᠰᠠᠨ ᠠᠴᠠ ᠬᠤᠶᠢᠰᠢ ᠪᠤᠷᠢᠶᠠᠳ ᠪᠠᠷᠭᠤ ᠠᠶᠢᠮᠠᠭ ᠤᠳ ᠲᠠᠬᠦᠨ ᠤ ᠪᠥᠷᠢᠯᠳᠥᠬᠦᠨ ᠪᠤᠯᠵᠤ᠂ ᠤᠷᠳᠤ ᠤᠳᠠᠭᠠᠨ ᠬᠤᠭᠤᠴᠠᠭᠠᠨ ᠤ | ᠲᠠᠤᠭᠡ ᠶᠢᠨ ᠶᠠᠪᠤᠴᠡ ᠶᠢ ᠦᠡᠭᠭᠡᠷᠡᠭᠡᠬᠦ ᠳᠡᠭᠡᠨ ᠡᠬᠢᠯᠡᠭᠡᠳ ᠴᠢᠩᠬᠢᠰ ᠬᠠᠭᠠᠨ ᠤ ᠶᠡᠭᠡ ᠬᠥᠤ ᠵᠦᠴᠢ ᠶᠢᠨ ᠬᠠᠷᠢᠶᠠᠳᠤ ᠪᠠᠶᠢᠵᠤ᠂ ᠰᠡᠬᠦᠯᠡᠷ ᠨᠢ ᠴᠢᠩᠬᠢᠰ ᠬᠠᠭᠠᠨ ᠤ | ᠤᠳᠬᠤᠨ ᠬᠦᠤ ᠲᠤᠯᠤᠢ ᠶᠢᠨ ᠢᠵᠠᠭᠤᠷ ᠤᠨ ᠬᠠᠨ ᠬᠦᠪᠡᠬᠦᠳ ᠤᠨ ᠬᠠᠷᠢᠶᠠᠳᠤ ᠪᠤᠯᠵᠤ᠂ ᠰᠡᠬᠦᠯᠡᠷ ᠨᠢ ᠲᠥᠷᠪᠡᠨ ᠤᠢᠢᠷᠠᠳ ᠤᠨ ᠬᠤᠯᠪᠤᠭ᠎ᠠ ᠳᠤ ᠪᠠᠷᠭᠤ | ᠪᠤᠷᠢᠶᠠᠳ ᠤᠳ ᠲᠠᠬᠦᠨ ᠤ ᠬᠤᠯᠪᠤᠭ᠎ᠠ ᠶᠢᠨ ᠨᠢᠭᠡᠨ ᠪᠥᠷᠢᠯᠳᠥᠬᠦᠨ ᠪᠤᠯᠵᠤ ᠤᠷᠤᠭᠠᠳ᠂ ᠤᠢᠢᠷᠠᠳ ᠤᠳ ᠪᠠᠷᠠᠭᠤᠡᠰᠢ ᠨᠡᠬᠦᠬᠦ ᠳᠤ 15 ᠳ᠋ᠤᠭᠠᠷ ᠵᠡᠭᠤᠨ ᠤ ᠦᠶ᠎ᠠ ᠳᠤ | ᠵᠡᠬᠦᠨ ᠮᠤᠩᠭᠤᠯ ᠤᠨ ᠬᠠᠷᠢᠶ᠎ᠠ ᠳᠤ ᠦᠯᠡᠳᠡᠭᠡᠳ ᠬᠠᠯᠬ᠎ᠠ ᠶᠢᠨ ᠤᠷᠢᠶᠠᠩᠬᠠᠢ ᠲᠦᠮᠡᠨ ᠤ ᠪᠥᠷᠢᠯᠳᠥᠬᠦᠨ ᠳᠤ ᠪᠠᠭᠳᠠᠵᠤ᠂ ᠪᠠᠶᠢᠭᠠᠯ ᠨᠠᠭᠤᠷ᠂ ᠰᠡᠯᠡᠩᠭᠡ ᠮᠦᠷᠡᠨ᠂ | ᠤᠨᠤᠨ ᠭᠤᠤᠯ ᠠᠴᠠ ᠬᠢᠨᠭ᠍ᠭᠠᠨ ᠲᠠᠪᠠᠭ᠎ᠠ ᠬᠦᠷᠳᠡᠯ᠎ᠠ ᠨᠤᠳᠤᠭᠯᠠᠨ ᠰᠠᠭᠤᠵᠤ ᠪᠠᠶᠢᠯ᠎ᠠ᠃ | ᠪᠠᠰᠠ ᠨᠢᠭᠡ ᠭᠡᠰᠡᠭ ᠪᠤᠷᠢᠶᠠᠳ ᠮᠤᠩᠭᠤᠯᠴᠤᠳ 13 ᠳ᠋ᠤᠭᠠᠷ ᠵᠡᠭᠤᠨ ᠤ ᠡᠬᠢ ᠪᠠᠷ ᠬᠠᠳᠤᠨ ᠭᠤᠤᠯ ᠠᠴᠠ ᠪᠠᠷᠠᠭᠤᠡᠰᠢ ᠬᠦᠭᠡᠨᠠᠭᠤᠷ ᠬᠦᠷᠴᠤ ᠠᠮᠢᠳᠤᠷᠠᠵᠤ | ᠪᠠᠶᠢᠭᠰᠠᠨ ᠢᠶᠠᠨ 16 ᠳ᠋ᠤᠭᠠᠷ ᠵᠠᠭᠤᠨ ᠤ ᠦᠶ᠎ᠠ ᠳᠤ ᠲᠦᠮᠡᠳ ᠤᠨ ᠠᠯᠳᠠᠨ ᠬᠠᠭᠠᠨ ᠤ ᠬᠦᠡᠭᠵᠤ ᠪᠠᠯᠵᠢᠨ ᠢᠶᠠᠨ ᠰᠤᠯᠤᠩᠭᠤᠳ ᠠᠶᠢᠮᠠᠭ ᠤᠨ ᠪᠥᠪᠡᠢ ᠪᠠᠶᠢᠯ᠎ᠠ | ᠬᠠᠭᠠᠨ ᠤ ᠬᠦᠪᠡᠬᠦᠨ ᠳ᠋ᠠᠢ ᠬᠤᠨᠭ᠌ ᠲᠠᠶᠢᠵᠢ ᠳᠤ ᠬᠠᠳᠤᠨ ᠪᠤᠯᠭᠠᠨ ᠦᠭᠬᠦ ᠳᠤ ᠨᠢᠭᠡ ᠪᠥᠯᠦᠭ ᠬᠤᠷᠢ ᠲᠥᠮᠡᠳ ᠪᠤᠷᠢᠶᠠᠳ ᠨᠠᠷ ᠢ ᠪᠠᠯᠵᠢᠨ ᠬᠠᠳᠤᠨ ᠤ ᠢᠡᠵᠢ | ᠪᠤᠯᠭᠠᠨ ᠦᠭᠬᠦᠭᠰᠡᠨ ᠠᠴᠠ ᠡᠳᠡ ᠨᠠᠷ ᠡᠷᠬᠦᠨ᠎ᠠ ᠭᠤᠤᠯ᠂ ᠬᠦᠯᠦᠨ ᠪᠤᠶᠢᠷ ᠲᠤ ᠡᠷᠬᠢᠨ ᠢᠷᠡᠵᠤ ᠨᠤᠳᠤᠭᠯᠠᠬᠤ ᠪᠤᠯᠤᠭᠰᠠᠨ ᠭᠡᠳᠡᠭ᠃ ᠶᠠᠷᠤ ᠨᠢ ᠪᠤᠷᠢᠶᠠᠳ | ᠮᠤᠩᠭᠤᠯᠴᠤᠳ ᠮᠤᠩᠭᠤᠯ ᠤᠨ ᠨᠢᠭᠡᠳᠥᠭᠰᠡᠨ ᠬᠠᠭᠠᠡᠳᠤ ᠤᠯᠤᠰ ᠤᠨ ᠦᠶ᠎ᠠ᠂ ᠶᠤᠸᠠᠨ ᠤᠯᠤᠰ ᠤᠨ ᠦᠶ᠎ᠠ ᠪᠤᠯᠤᠨ ᠲᠠᠬᠦᠨ ᠠᠴᠠ ᠬᠤᠶᠢᠰᠢᠬᠢ ᠠᠷᠤ ᠭᠠᠵᠠᠷ ᠤᠨ | ᠤᠯᠠᠨ ᠬᠠᠭᠠᠳ ᠤᠨ ᠦᠶ᠎ᠠ ᠳᠠᠬᠢ ᠮᠠᠰᠢ ᠤᠷᠳᠤ ᠬᠤᠭᠤᠴᠠᠭᠠᠨ ᠳᠤ ᠡᠯᠳᠡᠪ ᠵᠦᠢᠯ ᠤᠨ ᠰᠢᠯᠳᠠᠭᠠᠨ ᠠᠴᠠ ᠪᠤᠯᠵᠤ᠂ ᠡᠷᠳᠡᠨ ᠤ ᠨᠤᠳᠤᠭ ᠤᠷᠤᠨ ᠠᠴᠠ ᠪᠠᠨ | ᠨᠡᠬᠦᠳᠡᠯᠯᠡᠨ ᠬᠤᠯᠠ ᠤᠢᠢᠷ᠎ᠠ᠂ ᠠᠳᠡ ᠲᠠᠡᠳᠡ ᠤᠯᠠᠨ ᠭᠠᠵᠠᠷ ᠤᠷᠤᠨ ᠢᠶᠠᠷ ᠲᠠᠷᠬᠠᠨ ᠪᠤᠳᠠᠷᠠᠵᠤ ᠰᠠᠭᠤᠵᠤ ᠦᠡᠭᠭᠡᠷᠡᠭᠰᠡᠨ ᠪᠡ 15 ᠳ᠋ᠤᠭᠠᠷ ᠵᠡᠭᠤᠨ ᠤ ᠰᠡᠬᠦᠯᠴᠢ᠂ | 16 ᠳ᠋ᠤᠭᠠᠷ ᠵᠠᠭᠤᠨ ᠤ ᠡᠬᠢ ᠠᠴᠠ ᠠᠬᠢᠭᠠᠳ ᠪᠠᠶᠢᠭᠠᠯ ᠨᠠᠭᠤᠷ ᠤᠨ ᠲᠤᠭᠤᠷᠢᠨ ᠪᠤᠯᠤᠨ ᠰᠡᠯᠡᠩᠭᠡ᠂ ᠪᠠᠷᠭᠤᠵᠢᠨ᠂ ᠤᠨᠤᠨ᠂ ᠡᠷᠬᠦᠨ᠎ᠠ᠂ ᠬᠦᠯᠦᠨ ᠪᠤᠶᠢᠷ᠂ | ᠬᠢᠨᠭ᠍ᠭᠠᠨ ᠬᠦᠷᠳᠡᠯᠡᠬᠢ ᠦᠷᠭᠡᠨ ᠠᠭᠤᠳᠠᠮ ᠨᠤᠳᠤᠭ ᠲᠤ ᠮᠠᠯ ᠠᠵᠤ ᠠᠬᠤᠢ ᠪᠠᠨ ᠡᠷᠬᠢᠯᠡᠨ ᠲᠤᠭᠳᠠᠪᠤᠷᠢᠵᠢᠨ ᠰᠠᠭᠤᠬᠤ ᠪᠤᠯᠤᠭᠰᠠᠨ ᠶᠤᠮ᠃ | 17 ᠳ᠋ᠤᠭᠠᠷ ᠵᠠᠭᠤᠨ ᠤ ᠦᠶ᠎ᠠ ᠠᠴᠠ ᠮᠤᠩᠭᠤᠯ ᠤᠷᠤᠨ᠂ ᠮᠠᠡᠵᠤ ᠴᠢᠩ ᠤᠯᠤᠰ ᠤᠨ ᠬᠠᠷᠢᠶᠠᠯᠠᠯ ᠳᠤ ᠤᠷᠤᠵᠤ᠂ ᠨᠢᠭᠡ ᠪᠦᠯᠦᠭ ᠨᠢ ᠪᠠᠷᠠᠭᠤᠡᠰᠢ ᠪᠡ ᠬᠤᠶᠢᠰᠢ | ᠵᠠᠶᠢᠯᠠᠨ ᠭᠠᠷᠴᠤ᠂ ᠮᠤᠩᠭᠤᠯ ᠤᠨ ᠨᠢᠭᠡᠳᠥᠮᠡᠯ ᠪᠠᠶᠢᠳᠠᠯ ᠠᠯᠳᠠᠭᠳᠠᠵᠤ᠂ ᠬᠠᠮᠤᠭ ᠤᠨ ᠬᠤᠶᠢᠳᠤ ᠲᠠᠯ᠎ᠠ ᠳᠤ ᠪᠠᠶᠢᠬᠤ ᠪᠤᠷᠢᠶᠠᠳ ᠮᠤᠩᠭᠤᠯᠴᠤᠳ ᠨᠢᠭᠡᠨ ᠦᠶ᠎ᠠ ᠳᠤ | ᠲᠤᠳᠤᠷᠬᠠᠢ ᠬᠠᠷᠢᠶᠠᠯᠠᠯ ᠦᠭᠡᠢ ᠪᠤᠯᠪᠡ᠃ ᠶᠠᠭ ᠲᠡᠷᠡ ᠦᠶ᠎ᠠ ᠳᠤ᠂ ᠬᠠᠭᠠᠡᠳᠤ ᠤᠷᠤᠰ ᠤᠯᠤᠰ ᠵᠡᠬᠦᠡᠰᠢ ᠬᠢᠯᠢ ᠪᠠᠨ ᠦᠷᠭᠡᠳᠭᠡᠭᠡᠳ ᠪᠥᠬᠦ ᠰᠢᠪᠧᠷᠢᠶ᠎ᠠ ᠶᠢ ᠡᠵᠡᠯᠡᠨ | ᠡᠵᠡᠮᠰᠢᠵᠤ᠂ ᠪᠤᠷᠢᠶᠠᠳ ᠮᠤᠩᠭᠤᠯᠴᠤᠳ ᠤᠨ ᠨᠤᠳᠤᠭ ᠲᠤ ᠨᠢᠪᠴᠥ᠋ ᠶᠢᠨ ᠴᠠᠶᠢᠵᠠ᠂ ᠡᠷᠺᠦ ᠶᠢᠨ ᠴᠠᠶᠢᠵᠠ ᠵᠡᠷᠭᠡ ᠶᠢ ᠪᠠᠶᠢᠭᠤᠯᠤᠨ ᠨᠡᠬᠦᠳᠡᠯ ᠠᠷᠠᠳ ᠤᠳ ᠢ | ᠬᠤᠷᠢᠶᠠᠨ ᠤᠷᠤᠭᠤᠯᠬᠤ ᠶᠢᠨ ᠬᠠᠮᠳᠤ ᠴᠡᠷᠢᠭ ᠢᠶᠠᠷ ᠵᠠᠬᠢᠷᠬᠤ ᠲᠢᠭᠯᠢᠮ ᠪᠠᠶᠢᠭᠤᠯᠬᠤ ᠳᠤ ᠪᠤᠷᠢᠶᠠᠳ ᠮᠤᠩᠭᠤᠯᠴᠤᠳ 17 ᠳ᠋ᠤᠭᠠᠷ ᠵᠠᠭᠤᠨ ᠤ ᠲᠥᠴᠢᠭᠡᠳ ᠤᠨ ᠠᠴᠠ | ᠬᠤᠶᠢᠰᠢ ᠤᠳᠠᠭ᠎ᠠ ᠲᠠᠷᠠᠭ᠎ᠠ ᠪᠠᠷ ᠤᠷᠤᠰ ᠤᠨ ᠴᠠᠭᠠᠨ ᠬᠠᠭᠠᠨ ᠤ ᠬᠠᠷᠢᠶ᠎ᠠ ᠳᠤ ᠤᠷᠤᠵᠤ ᠡᠬᠢᠯᠡᠭᠰᠡᠨ ᠪᠠᠶᠢᠨ᠎ᠠ᠃ | 18 ᠳ᠋ᠤᠭᠠᠷ ᠵᠠᠭᠤᠨ ᠤ ᠬᠤᠷᠢᠭᠠᠳ ᠤᠨ ︵1727︶ ᠳᠤ ᠬᠠᠭᠠᠡᠳᠤ ᠤᠷᠤᠰ ᠤᠯᠤᠰ ᠪᠤᠯᠤᠨ ᠮᠠᠡᠵᠤ ᠴᠢᠩ ᠤᠯᠤᠰ ᠲᠤᠮᠳᠠ ᠪᠠᠨ ᠬᠢᠯᠢ ᠬᠢᠵᠠᠭᠠᠷ ᠢ | ᠵᠢᠷᠤᠭᠯᠠᠨ ᠲᠤᠭᠳᠠᠭᠠᠬᠤ ᠦᠶ᠎ᠠ ᠳᠤ ᠪᠤᠷᠢᠶᠠᠳ ᠮᠤᠩᠭᠤᠯᠴᠤᠳ ᠤᠨ ᠤᠷᠤᠰᠢᠨ ᠰᠠᠭᠤᠵᠤ ᠪᠥᠬᠦᠢ ᠭᠠᠵᠠᠷ ᠨᠤᠳᠤᠭ ᠤᠳ ᠪᠥᠬᠦᠯᠢ ᠪᠠᠷ ᠢᠶᠠᠨ ᠤᠷᠤᠰ ᠤᠯᠤᠰ ᠤᠨ | ᠬᠠᠷᠢᠶ᠎ᠠ ᠭᠠᠵᠠᠷ ᠲᠤ ᠬᠤᠪᠢᠶᠠᠭᠳᠠᠨ ᠤᠷᠤᠪᠡ᠃ ᠢᠡᠭᠬᠢᠭᠰᠡᠨ ᠠᠴᠠ ᠪᠤᠷᠢᠶᠠᠳᠴᠤᠳ ᠨᠤᠳᠤᠭ ᠤᠰᠤ᠂ ᠬᠦᠮᠤᠨ ᠠᠷᠠᠳ ᠲᠠᠢ ᠪᠠᠨ ᠤᠷᠤᠰ ᠤᠨ ᠴᠠᠭᠠᠨ ᠬᠠᠭᠠᠨ ᠤ | ᠮᠡᠳᠡᠯ ᠳᠤ ᠤᠷᠤᠭᠰᠠᠨ ᠪᠠᠶᠢᠨ᠎ᠠ᠃ ᠲᠡᠭᠡᠭᠡᠳ ᠬᠠᠯᠬ᠎ᠠ ᠤᠷᠤᠨ ᠪᠤᠶᠤ ᠬᠦᠯᠦᠨ ᠪᠤᠶᠢᠷ ᠨᠤᠳᠤᠭ ᠲᠤ ᠨᠤᠳᠤᠭᠯᠠᠵᠤ ᠪᠠᠶᠢᠭᠰᠠᠨ ᠨᠢᠭᠡ ᠪᠥᠯᠦᠭ ᠪᠠᠷᠭᠤ ᠪᠤᠷᠢᠶᠠᠳ ᠤᠳ | ᠬᠢᠯᠢ ᠶᠢᠨ ᠡᠮᠤᠨ᠎ᠠ ᠲᠠᠯ᠎ᠠ ᠳᠤ ᠦᠯᠡᠳᠡᠭᠭᠰᠡᠨ ᠲᠤᠯᠠ ᠬᠢᠯᠢ ᠶᠢᠨ ᠬᠤᠶᠢᠳᠤ ᠲᠠᠯ᠎ᠠ ᠳᠤ ᠪᠠᠶᠢᠬᠤ ᠨᠤᠳᠤᠭ ᠤᠷᠤᠨ᠂ ᠠᠬ᠎ᠠ ᠲᠠᠬᠦᠤ ᠰᠠᠳᠤᠨ ᠢᠶᠠᠨ ᠰᠠᠨᠠᠭᠠᠯᠵᠠᠨ ᠬᠢᠯᠢ | ᠲᠠᠪᠠᠵᠤ ᠭᠠᠷᠬᠤ ᠶᠢ ᠬᠦᠰᠡᠪᠡᠴᠤ ᠠᠷᠭ᠎ᠠ ᠦᠭᠡᠢ ᠪᠤᠯᠵᠤ᠂ ᠲᠡᠷᠡ ᠭᠠᠵᠠᠷ ᠤᠷᠤᠨ ᠳᠠᠭᠠᠨ ᠨᠤᠳᠤᠭᠰᠢᠨ ᠰᠠᠭᠤᠭᠰᠠᠨ ᠶᠤᠮ ᠭᠡᠳᠡᠭ᠃ ᠬᠠᠷᠢᠨ ᠠᠯᠪᠠᠳᠤ | ᠠᠷᠠᠳ ᠢᠶᠠᠨ ᠲᠠᠭᠠᠭᠤᠯᠤᠨ ᠬᠢᠯᠢ ᠲᠠᠪᠠᠵᠤ ᠭᠠᠷᠬᠤ ᠶᠢ ᠤᠷᠤᠯᠳᠤᠭᠰᠠᠨ ᠭᠠᠯᠵᠤᠳ ᠤᠪᠤᠭ ᠤᠨ ᠰᠢᠯᠳᠡᠢ ︵ᠬᠢᠯᠢᠳᠡᠢ ᠭᠡᠬᠦ ᠴᠤ ᠪᠤᠢ︶ ᠵᠠᠩᠬᠢ ᠭᠡᠮᠡᠬᠦ ᠬᠦᠮᠤᠨ ᠬᠢᠯᠢ | ᠲᠡᠭᠡᠷ᠎ᠠ ᠪᠠᠷᠢᠭᠳᠠᠵᠤ ᠴᠠᠭᠠᠵᠠ ᠪᠠᠷ ᠰᠢᠳᠭᠡᠭᠳᠡᠵᠤ ᠦᠷᠡᠭᠳᠡᠭᠰᠡᠨ ᠦᠯᠢᠭᠡᠷ ᠤᠳᠤ ᠬᠦᠷᠳᠡᠯ᠎ᠠ ᠠᠷᠠᠳ ᠤᠯᠠᠨ ᠤ ᠲᠤᠳᠤᠷ᠎ᠠ ᠲᠡᠤᠭᠡ ᠶᠢᠨ ᠲᠤᠮᠤᠭ ᠶᠠᠷᠢᠶ᠎ᠠ ᠪᠤᠯᠤᠨ | ᠦᠯᠡᠳᠡᠵᠠᠢ᠃ | ᠪᠤᠷᠢᠶᠠᠳ ᠮᠤᠩᠭᠤᠯᠴᠤᠳ ᠠᠩᠬᠠᠨ ᠳᠠᠭᠠᠨ ᠪᠤᠯᠠᠭᠠᠳ᠂ ᠢᠬᠢᠷᠡᠳ᠂ ᠬᠤᠷᠢ ᠲᠦᠮᠡᠳ ᠵᠠᠷᠭᠡ ᠦᠡᠳᠤᠰᠤᠨ ᠭᠡᠳᠤᠨ ᠠᠶᠢᠮᠠᠭ ᠪᠥᠯᠦᠭ ᠪᠠᠶᠢᠵᠤ᠂ ᠪᠤᠯᠠᠭᠠᠳ᠂ | ᠢᠬᠢᠷᠡᠳ ᠵᠡᠷᠭᠡ ᠨᠢ ᠪᠠᠶᠢᠭᠠᠯ ᠨᠠᠭᠤᠷ ᠠᠴᠠ ᠪᠠᠷᠠᠭᠤᠡᠰᠢ ᠪᠤᠶᠤ ᠪᠠᠷᠠᠭᠤᠨ ᠡᠮᠥᠨᠡᠰᠢ ᠭᠠᠵᠠᠷ ᠤᠳ ᠢᠶᠠᠷ ᠪᠠᠶᠢᠭᠰᠠᠨ ᠤᠴᠢᠷ ᠠᠴᠠ ᠪᠠᠷᠠᠭᠤᠨ ᠪᠤᠷᠢᠶᠠᠳ ᠭᠡᠮᠡᠭᠳᠡᠵᠤ᠂ | ᠪᠠᠷᠭᠤ᠂ ᠬᠤᠷᠢ ᠲᠦᠮᠡᠳ ᠨᠢ ᠪᠠᠶᠢᠭᠠᠯ ᠨᠠᠭᠤᠷ ᠠᠴᠠ ᠵᠡᠬᠦᠡᠰᠢ ᠪᠤᠶᠤ ᠵᠡᠬᠦᠨ ᠡᠮᠥᠨᠡᠬᠢ ᠨᠤᠳᠤᠭ ᠤᠳ ᠲᠤ ᠪᠠᠶᠢᠭᠰᠠᠨ ᠢᠶᠠᠷ ᠵᠡᠬᠦᠨ ᠪᠤᠷᠢᠶᠠᠳ ᠭᠡᠮᠡᠭᠳᠡᠵᠤ᠂ | ᠰᠡᠬᠦᠯ ᠳᠤᠨᠢ ᠤᠷᠤᠰᠢᠨ ᠰᠠᠭᠤᠭᠰᠠᠨ ᠨᠤᠳᠤᠭ ᠤᠷᠤᠨ ᠢᠶᠠᠷ ᠨᠢ ᠡᠷᠺᠦ ᠶᠢᠨ ᠪᠤᠷᠢᠶᠠᠳ᠂ ᠪᠤᠤᠬᠠᠨ ᠤ ᠪᠤᠷᠢᠶᠠᠳ᠂ ᠲᠥᠡᠭᠭᠡᠨᠠ ᠶᠢᠨ ᠪᠤᠷᠢᠶᠠᠳ᠂ ᠪᠠᠷᠭᠤᠵᠢᠨ ᠤ | ᠪᠤᠷᠢᠶᠠᠳ᠂ ᠰᠡᠯᠡᠩᠭᠡ ᠶᠢᠨ ᠪᠤᠷᠢᠶᠠᠳ᠂ ᠬᠤᠷᠢ ᠶᠢᠨ ᠪᠤᠷᠢᠶᠠᠳ᠂ ᠠᠭ᠎ᠠ ᠶᠢᠨ ᠪᠤᠷᠢᠶᠠᠳ ᠭᠡᠮᠡᠨ ᠨᠤᠳᠤᠭ ᠤᠷᠤᠨ ᠤ ᠨᠠᠷᠠ ᠪᠠᠷ ᠨᠡᠷᠡᠶᠢᠳᠬᠦ ᠪᠤᠯᠤᠭᠰᠠᠨ ᠨᠢ ᠪᠠᠷᠤᠭ | ᠯᠡ 18 ᠳ᠋ᠤᠭᠠᠷ ᠵᠠᠭᠤᠨ ᠤ ᠦᠶ᠎ᠠ ᠪᠢᠯᠡ᠃ ᠡᠳᠡᠭᠡᠷ ᠪᠥᠬᠦ ᠭᠠᠵᠠᠷ ᠤᠷᠤᠨ ᠨᠤᠭᠤᠳ ᠤᠳᠤ ᠴᠥᠮ ᠤᠷᠤᠰ ᠤᠯᠤᠰ ᠤᠨ ᠬᠠᠷᠢᠶ᠎ᠠ ᠳᠤ ᠪᠠᠶᠢᠬᠤ ᠪᠥᠭᠡᠳ | ᠪᠠᠷᠭᠤᠵᠢᠨ᠂ ᠲᠥᠡᠭᠭᠡᠨᠠ᠂ ᠰᠡᠯᠡᠩᠭᠡ ᠪᠤᠯᠤᠨ ᠬᠤᠷᠢ ᠶᠢᠨ ᠪᠤᠷᠢᠶᠠᠳ ᠤᠳ ᠨᠢ ᠤᠷᠤᠰ ᠤᠨ ᠬᠤᠯᠪᠤᠭᠠᠨ ᠤ ᠪᠤᠷᠢᠶᠠᠳ ᠤᠨ ᠪᠥᠬᠦᠳᠠ ᠨᠠᠶᠢᠷᠠᠮᠳᠠᠬᠤ ᠤᠯᠤᠰ ᠲᠤ | ᠪᠠᠶᠢᠵᠤ᠂ ᠡᠷᠺᠦ ᠶᠢᠨ ᠪᠤᠷᠢᠶᠠᠳ ᠨᠢ ᠮᠦᠨ ᠯᠡ ᠤᠷᠤᠰ ᠤᠨ ᠡᠷᠺᠦ ᠮᠤᠵᠢ ᠶᠢᠨ ᠤᠰᠤᠳᠤ ᠤᠷᠳᠠ ᠶᠢᠨ ᠪᠤᠷᠢᠶᠠᠳ ᠤᠨ ᠦᠡᠳᠤᠰᠤᠳᠡᠨ ᠤ ᠲᠤᠭᠤᠷᠢᠭ ᠲᠤ ᠪᠠᠶᠢᠳᠠᠭ᠃ | ᠠᠭ᠎ᠠ ᠶᠢᠨ ᠪᠤᠷᠢᠶᠠᠳ ᠨᠢ ᠮᠦᠨ ᠤᠷᠤᠰ ᠤᠨ ᠴᠢᠲ᠋ᠠ ᠮᠤᠵᠢ ᠶᠢᠨ ᠠᠭ᠎ᠠ ᠶᠢᠨ ᠪᠤᠷᠢᠶᠠᠳ ᠤᠨ ᠦᠡᠳᠤᠰᠤᠳᠡᠨ ᠤ ᠲᠤᠭᠤᠷᠢᠭ ᠪᠤᠯᠤᠨ ᠴᠢᠲ᠋ᠠ ᠮᠤᠵᠢ ᠶᠢᠨ ᠤᠨᠤᠨ | ᠪᠤᠤᠷᠵᠢ ᠤᠯᠪᠢᠶᠠᠨᠠ ᠵᠠᠷᠭᠡ ᠭᠡᠳᠤ ᠭᠡᠳᠤᠨ ᠨᠤᠳᠤᠭ ᠤᠷᠤᠨ ᠢᠶᠠᠷ ᠲᠠᠷᠬᠠᠵᠤ ᠪᠠᠶᠢᠳᠠᠭ᠃ | ᠬᠦᠮᠤᠨ ᠠᠮᠠ ᠶᠢᠨ ᠲᠠᠯ᠎ᠠ ᠠᠴᠠ ᠦᠵᠡᠬᠦ ᠳᠤ᠂ ᠤᠷᠤᠰ ᠤᠯᠤᠰ ᠤᠨ ᠬᠠᠷᠢᠶ᠎ᠠ ᠳᠤ ᠪᠠᠶᠢᠬᠤ ᠪᠥᠬᠦ ᠪᠤᠷᠢᠶᠠᠳ ᠮᠤᠩᠭᠤᠯᠴᠤᠳ 42 ᠲᠦᠮᠡ ᠭᠠᠷᠤᠢ ᠪᠠᠶᠢᠬᠤ | ᠪᠥᠭᠡᠳ ᠮᠤᠩᠭᠤᠯ ᠤᠯᠤᠰ ᠤᠨ ᠭᠡᠨᠳᠡᠢ᠂ ᠲᠤᠷᠤᠨᠠᠳᠤ᠂ ᠰᠡᠯᠡᠩᠭᠡ ᠵᠡᠷᠭᠡ ᠶᠢᠨ ᠠᠶᠢᠮᠠᠭ ᠤᠳ ᠲᠤ 4 ᠲᠦᠮᠡ ᠭᠠᠷᠤᠢ ᠬᠦᠮᠤᠨ ᠪᠠᠶᠢᠨ᠎ᠠ᠃ ᠡᠬᠦᠨ ᠠᠴᠠ ᠭᠠᠳᠠᠨ᠎ᠠ | 1920 ᠤᠨ ᠤ ᠦᠶ᠎ᠠ ᠪᠠᠷ ᠲᠤᠮᠳᠠᠳᠤ ᠤᠯᠤᠰ ᠤᠨ ᠬᠦᠯᠦᠨ ᠪᠤᠶᠢᠷ ᠤᠨ ᠨᠤᠳᠤᠭ ᠲᠠᠭᠠᠨ ᠡᠷᠬᠢᠨ ᠢᠷᠡᠵᠤ᠂ ᠲᠤᠮᠳᠠᠳᠤ ᠤᠯᠤᠰ ᠤᠨ ᠬᠠᠷᠢᠶᠠᠳᠤ ᠪᠤᠯᠤᠭᠰᠠᠨ | 6000 ᠭᠠᠷᠤᠢ ᠪᠤᠷᠢᠶᠠᠳ ᠤᠳ ᠪᠠᠶᠢᠨ᠎ᠠ᠃ ᠢᠡᠭᠬᠢᠭᠡᠳ ᠪᠥᠬᠦ ᠪᠤᠷᠢᠶᠠᠳ ᠮᠤᠩᠭᠤᠯᠴᠤᠳ ᠤᠨ ᠲᠤᠭ᠎ᠠ ᠪᠠᠷᠤᠭ 50 ᠰᠢᠬᠠᠮ ᠲᠦᠮᠡᠨ ᠬᠦᠮᠤᠨ ᠠᠮᠠ ᠪᠠᠶᠢᠨ᠎ᠠ᠃ | ᠪᠤᠷᠢᠶᠠᠳ ᠮᠤᠩᠭᠤᠯᠴᠤᠳ ᠤᠨ ᠤᠪᠤᠭ ᠨᠢ ᠮᠦᠨ ᠴᠤ ᠪᠤᠰᠤᠳ ᠤᠯᠠᠨ ᠮᠤᠩᠭᠤᠯᠴᠤᠳ ᠲᠠᠢ ᠠᠳᠠᠯᠢᠬᠠᠨ ᠤᠯᠠᠨ ᠪᠠᠶᠢᠳᠠᠭ᠃ ᠤᠳᠤ ᠶᠢᠨ ᠲᠠᠤᠭᠡᠴᠢᠳ | ᠡᠷᠳᠡᠮᠳᠡᠳ ᠤᠨ ᠨᠤᠳᠠᠯᠠᠭᠰᠠᠨ ᠢᠶᠠᠷ ᠡᠷᠳᠡᠨ ᠤ ᠪᠤᠯᠠᠭᠠᠴᠢᠨ᠂ ᠭᠡᠷᠡᠮᠥᠴᠢᠨ ᠠᠴᠠ ᠦᠡᠳᠥᠰᠥ ᠲᠠᠢ ᠪᠤᠯᠠᠭᠠᠳ ᠤᠨ 7 ᠤᠪᠤᠭ᠂ ᠲᠤᠬᠠᠢᠢᠯᠠᠪᠡᠯ᠄ ᠠᠯᠭᠤᠢ᠂ | ᠬᠤᠷᠤᠮᠴᠢ᠂ ᠠᠰᠢᠪᠠᠭᠠᠳ᠂ ᠢᠡᠭᠬᠦᠳ᠂ ᠬᠦᠯᠢᠮᠢᠳ᠂ ᠬᠦᠰᠥᠯ᠂ ᠪᠥᠤᠪᠡᠢ ᠵᠡᠷᠭᠡ 7 ᠤᠪᠤᠭ ᠲᠠᠢ᠃ ᠮᠦᠨ ᠪᠤᠯᠠᠭᠠᠴᠢᠨ᠂ ᠭᠡᠷᠡᠮᠥᠴᠢᠨ ᠠᠴᠠ ᠦᠡᠳᠥᠰᠥ ᠲᠠᠢ | ᠢᠬᠢᠷᠡᠳ ᠤᠨ 8 ᠤᠪᠤᠭ᠂ ᠲᠤᠬᠠᠢᠢᠯᠠᠪᠡᠯ᠄ ᠠᠪᠵᠠᠢ᠂ ᠴᠢᠨᠤᠰ᠂ ᠴᠢᠨ᠋ᠸ᠎ᠠ᠂ ᠦᠵᠦᠩ᠂ ᠬᠠᠨᠭ᠍ᠬᠢᠯᠳᠠᠷ᠂ ᠪᠠᠰᠠᠢ᠂ ᠪᠤᠤᠷ᠎ᠠ᠂ ᠡᠮᠬᠢᠨᠢᠳ᠂ ᠪᠠᠭ᠋ᠠᠵᠠᠢ ᠵᠠᠷᠭᠡ 8 | ᠤᠪᠤᠭᠳᠠᠢ᠃ ᠮᠦᠨ ᠡᠷᠳᠡᠨ ᠤ ᠬᠤᠷᠢ ᠲᠦᠮᠡᠳ ᠠᠴᠠ ᠡᠬᠦᠰᠥᠯ ᠲᠠᠢ ᠬᠤᠷᠢ ᠶᠢᠨ 11 ᠤᠪᠤᠭ ᠪᠠᠶᠢᠵᠤ᠂ ᠡᠳᠡᠭᠡᠷ ᠨᠢ ᠭᠠᠯᠵᠤᠳ᠂ ᠬᠤᠸᠠᠰᠠᠢ᠂ ᠬᠦᠪᠳᠡᠬᠦᠳ᠂ | ᠱᠠᠷᠠᠶᠢᠳ᠂ ᠭᠤᠴᠢᠳ᠂ ᠬᠠᠷᠠᠭᠠᠨ᠎ᠠ᠂ ᠬᠤᠳᠠᠢ᠂ ᠪᠤᠳᠤᠩᠭᠤᠳ᠂ ᠪᠠᠳᠤᠨᠠᠢ᠂ ᠴᠠᠭᠠᠡᠭᠭᠤᠳ᠂ ᠬᠠᠯᠪᠢᠨ ᠵᠡᠷᠭᠡ ᠶᠢᠨ 11 ᠤᠪᠤᠭ ᠪᠢᠯᠡ᠃ | 17 ᠳ᠋ᠤᠭᠠᠷ ᠵᠠᠭᠤᠨ ᠤ ᠰᠡᠬᠦᠯᠴᠢ ᠦᠶ᠎ᠠ ᠳᠤ ᠬᠠᠯᠬ᠎ᠠ ᠮᠤᠩᠭᠤᠯ ᠪᠤᠯᠤᠨ ᠤᠢᠢᠷᠠᠳ ᠮᠤᠩᠭᠤᠯ ᠤᠨ ᠬᠤᠭᠤᠷᠤᠡᠳᠤ ᠬᠢᠮᠤᠷᠠᠯᠳᠤᠭᠠᠨ ᠲᠠᠶᠢᠨ ᠪᠤᠯᠵᠤ᠂ ᠲᠠᠷᠡ ᠬᠦ | ᠲᠠᠶᠢᠨ ᠤ ᠬᠦᠯ ᠠᠴᠠ ᠵᠠᠶᠢᠯᠠᠵᠤ ᠨᠠᠯᠢᠶᠡᠳ ᠲᠤᠭᠠᠨ ᠤ ᠬᠠᠯᠬ᠎ᠠ ᠪᠤᠯᠤᠨ ᠤᠢᠢᠷᠠᠳ ᠤᠨ ᠠᠷᠠᠳ ᠤᠳ ᠪᠤᠷᠢᠶᠠᠳ ᠤᠨ ᠨᠤᠳᠤᠭ ᠤᠷᠤᠭᠤ ᠤᠷᠤᠵᠤ᠂ ᠬᠠᠭᠤᠴᠢᠨ ᠤ | ᠪᠤᠷᠢᠶᠠᠳ ᠮᠤᠩᠭᠤᠯᠴᠤᠳ ᠲᠠᠢ ᠨᠠᠶᠢᠯᠡᠵᠤ ᠰᠠᠭᠤᠭᠰᠠᠨ ᠢᠶᠠᠷ ᠰᠡᠯᠡᠩᠭᠡ ᠶᠢᠨ ᠪᠤᠷᠢᠶᠠᠳ ᠭᠡᠮᠡᠭᠳᠡᠵᠤ᠂ ᠡᠳᠡ ᠨᠠᠷ ᠨᠢ ᠬᠠᠯᠬ᠎ᠠ ᠤᠢᠢᠷᠠᠳ ᠤᠨ ᠭᠠᠷᠤᠯᠳᠠᠢ 18 | ᠤᠪᠤᠭ ᠤᠨ ᠴᠤᠩᠭᠤᠤᠯ ᠤᠳ ᠠᠵᠢ᠃ ᠡᠬᠦᠨ ᠠᠴᠠ ᠭᠠᠳᠠᠨ᠎ᠠ ᠪᠤᠷᠢᠶᠠᠳ ᠮᠤᠩᠭᠤᠯᠴᠤᠳ ᠤᠨ ᠲᠤᠳᠤᠷ᠎ᠠ ᠬᠠᠯᠬ᠎ᠠ ᠮᠤᠩᠭᠤᠯ ᠪᠤᠯᠤᠨ ᠦᠪᠤᠷ ᠮᠤᠩᠭᠤᠯ᠂ ᠬᠠᠮᠨᠢᠭᠠᠨ | ︵ᠲᠦᠡᠭᠬᠦᠰ︶ ᠤᠪᠤᠭ ᠤᠳ ᠮᠠᠰᠢ ᠤᠯᠠᠨ ᠪᠠᠶᠢᠬᠤ ᠠᠴᠠ ᠦᠵᠡᠬᠦ ᠳᠤ ᠤᠯᠠᠨ ᠭᠠᠵᠠᠷ ᠤᠨ ᠮᠤᠩᠭᠤᠯᠴᠤᠳ᠂ ᠪᠠᠷᠭᠤ ᠪᠤᠷᠢᠶᠠᠳ ᠤᠳ ᠪᠤᠯᠤᠨ ᠬᠠᠮᠨᠢᠭᠠᠨ ᠴᠦᠮ | ᠨᠡᠬᠦᠳᠡᠯᠴᠢᠨ ᠤᠭᠰᠠᠭᠠᠳᠠᠨ ᠪᠠᠶᠢᠭᠰᠠᠨ ᠤᠴᠢᠷ ᠠᠴᠠ ᠤᠯᠠᠨ ᠵᠠᠭᠤᠨ ᠵᠢᠯ ᠤᠨ ᠲᠤᠷᠰᠢ ᠳᠤ ᠬᠠᠷᠢᠯᠴᠠᠨ ᠨᠠᠶᠢᠯᠡᠵᠤ ᠰᠠᠯᠵᠤ ᠬᠤᠳᠬᠤᠯᠳᠤᠵᠤ ᠪᠠᠶᠢᠭᠰᠠᠨ ᠭᠡᠳᠡᠭ ᠢ | ᠲᠤᠳᠤᠷᠬᠠᠢ ᠬᠠᠷᠠᠭᠤᠯᠵᠤ ᠪᠠᠶᠢᠬᠤ ᠶᠤᠮ᠃ | ᠪᠤᠷᠢᠶᠠᠳ ᠮᠤᠩᠭᠤᠯᠴᠤᠳ ᠤᠨ ᠤᠷᠤᠨ ᠨᠤᠳᠤᠭ ᠤᠨ ᠵᠠᠰᠠᠭ ᠵᠠᠬᠢᠷᠭᠠᠨ ᠤ ᠬᠠᠮᠢᠶᠠᠷᠤᠯᠳᠠ ᠨᠢ ᠠᠶᠢᠮᠠᠭ ᠤᠭᠰᠠᠭ᠎ᠠ ᠶᠢᠨ ᠲᠤᠳᠤᠷ᠎ᠠ ᠤᠪᠤᠭ ᠲᠥᠷᠤᠯ ᠤᠨ | ᠭᠡᠯᠪᠡᠷᠢ ᠪᠠᠷ ᠪᠠᠷᠤᠭ ᠯᠡ 19 ᠳ᠋ᠤᠭᠡᠷ ᠵᠠᠭᠤᠨ ᠤ ᠲᠤᠮᠳᠠᠴᠢ ᠬᠦᠷᠳᠡᠯ᠎ᠠ ᠶᠠᠪᠤᠭᠳᠠᠵᠤ ᠢᠷᠡᠭᠰᠡᠨ ᠶᠤᠮ᠃ ᠲᠤᠬᠠᠢᠢᠯᠠᠪᠡᠯ᠄ ᠤᠳᠤᠭ ︵ᠤᠪᠤᠭ ᠢ ᠪᠤᠷᠢᠶᠠᠳ ᠤᠳ | ᠤᠳᠤᠭ ᠭᠡᠵᠤ ᠨᠠᠷᠡᠯᠡᠳᠡᠭ︶ ᠪᠥᠷᠢ ᠳᠤ ᠵᠠᠶᠢᠰᠠᠩ ᠭᠡᠮᠡᠬᠦ ᠠᠬᠠᠯᠠᠬᠤ ᠨᠤᠶᠠᠨ ᠲᠠᠢ᠂ ᠲᠠᠬᠦᠨ ᠤ ᠲᠤᠤᠷ᠎ᠠ ᠭᠡᠳᠤᠨ ᠬᠤᠳᠠ ᠠᠶᠢᠯ ᠢ ᠲᠠᠭᠠᠭᠠᠭᠰᠠᠨ ᠵᠠᠰᠠᠭᠤᠯ ᠭᠡᠮᠡᠬᠦ | ᠲᠤᠰᠢᠶᠠᠯᠳᠠᠨ ᠲᠠᠢ᠂ ᠮᠦᠨ ᠵᠠᠶᠢᠰᠠᠩ ᠨᠤᠶᠠᠨ ᠤ ᠲᠤᠰᠠᠯᠠᠭᠴᠢ ᠱᠥᠯᠡᠩᠭᠡ ᠭᠡᠮᠡᠬᠦ ᠲᠤᠰᠢᠶᠠᠯᠳᠠᠨ ᠨᠤᠭᠤᠳ ᠲᠠᠢ ᠪᠠᠶᠢᠵᠤ ᠤᠯᠠᠨ ᠤᠳᠤᠭ ︵ᠤᠪᠤᠭ︶ ᠤᠳ ᠢ | ᠶᠠᠷᠥᠩᠭᠡᠶᠢᠯᠡᠨ ᠬᠠᠮᠢᠶᠠᠷᠬᠤ ᠠᠬᠠᠯᠠᠭᠴᠢ ᠵᠠᠶᠢᠰᠠᠩ ᠤᠨ ᠤᠷᠤᠨ ᠳᠤ ᠲᠠᠶᠢᠱᠠ ᠭᠡᠮᠡᠬᠦ ᠨᠤᠶᠠᠨ ᠤ ᠵᠡᠷᠭᠡ ᠭᠠᠷᠴᠤ᠂ ᠲᠤᠤᠷ᠎ᠠ ᠪᠠᠨ ᠭᠡᠳᠤ ᠭᠡᠳᠤᠨ ᠤᠷᠤᠯᠠᠭᠴᠢ ᠲᠠᠢ | ᠪᠠᠶᠢᠵᠤ ᠪᠥᠬᠦ ᠤᠳᠤᠭ ᠤᠳ ᠢ ᠶᠠᠷᠥᠩᠭᠡᠶᠢᠯᠡᠨ ᠵᠠᠬᠢᠷᠴᠤ ᠪᠠᠶᠢᠪᠡ᠃ | 19 ᠳ᠋ᠤᠭᠡᠷ ᠵᠠᠭᠤᠨ ᠤ ᠬᠤᠷᠢᠭᠠᠳ ᠤᠨ ᠠᠴᠠ ᠬᠠᠭᠠᠡᠳᠤ ᠤᠷᠤᠰ ᠤᠯᠤᠰ ᠨᠢ᠂ ᠪᠥᠬᠦ ᠪᠤᠷᠢᠶᠠᠳ ᠤᠷᠤᠨ ᠳᠤ ︽ᠲᠠᠯ᠎ᠠ ᠨᠤᠳᠤᠭ ᠤᠨ ᠳ᠋ᠥᠮᠠ︾ ᠭᠡᠮᠡᠬᠦ | ᠭᠠᠵᠠᠷ ᠤᠷᠤᠨ ᠤ ᠵᠠᠬᠢᠷᠭ᠎ᠠ ᠪᠤᠯᠬᠤ ᠪᠠᠶᠢᠭᠤᠯᠤᠮᠵᠢ ᠶᠢ ᠤᠷᠢᠳ ᠬᠤᠵᠢᠳ 12 ᠢ ᠪᠠᠶᠢᠭᠤᠯᠵᠤ᠂ ᠲᠥᠡᠭᠭᠡᠨᠠ᠂ ᠬᠤᠳᠤ ᠪᠤᠤᠬᠠᠨ᠂ ᠪᠧᠷᠬᠤᠯᠧᠨ᠂ ᠢᠳᠡᠡᠴᠡ ᠵᠡᠷᠭᠡ | ᠪᠠᠷᠠᠭᠤᠨ ᠭᠡᠰᠡᠭ ᠤᠨ ᠳ᠋ᠥᠮᠠ ᠨᠦᠭᠦᠳ ᠢ ᠡᠷᠺᠦ ᠮᠤᠵᠢ ᠶᠢᠨ ᠵᠠᠬᠢᠷᠭᠠᠨ ᠳᠤ ᠵᠡᠬᠢᠷᠤᠭᠤᠯᠤᠨ ᠰᠡᠯᠡᠩᠭᠡ᠂ ᠬᠤᠷᠢ᠂ ᠬᠤᠳᠠᠷᠢ᠂ ᠪᠠᠷᠭᠤᠵᠢᠨ᠂ ᠵᠠᠺᠠᠮᠧᠨ᠂ ᠠᠭ᠎ᠠ ᠵᠡᠷᠭᠡ | ᠵᠡᠬᠦᠨ ᠭᠡᠰᠡᠭ ᠤᠨ ᠳ᠋ᠥᠮᠠ ᠨᠦᠭᠦᠳ ᠢ ᠨᠢᠪᠴᠥ᠋ ᠶᠢᠨ ᠵᠠᠬᠢᠷᠭᠠᠨ ᠳᠤ ᠬᠠᠮᠢᠶᠠᠷᠤᠭᠤᠯᠤᠭᠰᠠᠨ ᠪᠠᠶᠢᠨ᠎ᠠ᠃ 19 ᠳ᠋ᠤᠭᠡᠷ ᠵᠠᠭᠤᠨ ᠤ ᠲᠥᠴᠢᠭᠡᠳ ᠤᠨ ᠤ ᠡᠬᠢᠨ ᠳᠤ | ᠪᠤᠷᠢᠶᠠᠳᠴᠤᠳ ᠤᠨ ᠬᠠᠮᠤᠭ ᠤᠨ ᠵᠡᠬᠦᠨ ᠲᠠᠯ᠎ᠠ ᠶᠢᠨ ᠨᠤᠳᠤᠭ ᠤᠨ ᠵᠠᠬᠢᠷᠭ᠎ᠠ ᠪᠤᠯᠬᠤ ᠠᠭ᠎ᠠ ᠶᠢᠨ ᠳ᠋ᠦ᠋ᠮᠠ ᠶᠢ ᠪᠠᠶᠢᠭᠤᠯᠵᠤ᠂ ᠬᠤᠷᠢ ᠶᠢᠨ ᠳ᠋ᠥᠮᠠ ᠶᠢᠨ ᠵᠠᠬᠢᠷᠭᠠᠨ ᠳᠤ | ᠪᠠᠶᠢᠭᠰᠠᠨ ᠠᠭ᠎ᠠ ᠶᠢᠨ ᠪᠤᠷᠢᠶᠠᠳ ᠤᠨ ᠨᠢᠭᠡ ᠭᠡᠰᠡᠭ ᠢ ᠬᠤᠷᠢ ᠶᠢᠨ ᠳ᠋ᠥᠮᠠ ᠠᠴᠠ ᠰᠠᠯᠭᠠᠵᠤ ᠠᠭ᠎ᠠ ᠶᠢᠨ ᠳ᠋ᠥᠮᠠ ᠶᠢᠨ ᠵᠠᠬᠢᠷᠭᠠᠨ ᠳᠤ ᠤᠷᠤᠭᠤᠯᠵᠤ ᠪᠥᠬᠦᠳᠡ | ᠠᠮᠤᠷᠵᠢᠨ ᠰᠠᠭᠤᠭᠰᠠᠨ ᠶᠤᠮ᠃ | 17 ᠳ᠋ᠤᠭᠠᠷ ᠵᠠᠭᠤᠨ ᠤ ᠲᠤᠮᠳᠠ ᠦᠶ᠎ᠠ ᠳᠤ ᠬᠤᠷᠢ ᠶᠢᠨ ᠪᠤᠷᠢᠶᠠᠳ ᠤᠨ ᠬᠦᠮᠤᠨ ᠠᠮᠠ ᠨᠢ 25000 ᠳ᠋ᠥᠰᠢ ︵18 ᠨᠠᠰᠤᠨ ᠠᠴᠠ 50 ᠨᠠᠰᠤ ᠬᠦᠷᠳᠡᠯᠡᠬᠢ | ᠡᠷᠡᠭᠳᠡᠢ ᠬᠦᠮᠤᠨ︶ ᠪᠠᠶᠢᠵᠤ᠂ ᠪᠥᠬᠦ ᠬᠥᠮᠤᠨ ᠠᠮᠠ ᠨᠢ ᠪᠠᠷᠤᠭ 10 ᠲᠦᠮᠡ ᠰᠢᠬᠠᠮ ᠪᠠᠶᠢᠭᠰᠠᠨ ᠠᠴᠠ ᠰᠡᠬᠦᠯᠡᠷ ᠨᠢ ᠠᠭ᠎ᠠ ᠶᠢᠨ ᠳ᠋ᠥᠮᠠ ᠶᠢᠨ ᠮᠠᠳᠠᠯ ᠳᠤ | ᠤᠷᠤᠭᠰᠠᠨ ᠨᠢ 8000 ᠳ᠋ᠥᠰᠢ᠃ ᠪᠠᠷᠤᠭ 3 ᠲᠦᠮᠡ ᠰᠢᠬᠠᠮ ᠬᠦᠮᠤᠨ ᠠᠮᠠ ᠪᠠᠶᠢᠪᠡ᠃ ᠡᠨᠡ ᠬᠦ ᠠᠭ᠎ᠠ ᠶᠢᠨ ᠪᠤᠷᠢᠶᠠᠳ ᠤᠨ ᠬᠤᠷᠢ ᠶᠢᠨ ᠪᠤᠷᠢᠶᠠᠳ ᠠᠴᠠ | ᠰᠠᠯᠤᠭᠰᠠᠨ ᠤᠴᠢᠷ ᠭᠡᠪᠡᠯ᠄ 18 ᠳ᠋ᠤᠭᠠᠷ ᠵᠠᠭᠤᠨ ᠤ ᠬᠤᠷᠢᠭᠠᠳ ᠤᠨ ᠳᠤ ᠬᠠᠭᠠᠡᠳᠤ ᠤᠷᠤᠰ ᠤᠯᠤᠰ ᠪᠤᠯᠤᠨ ᠮᠠᠡᠵᠤ ᠴᠢᠩ ᠤᠯᠤᠰ ᠤᠨ ᠬᠢᠯᠢ ᠲᠤᠭᠳᠠᠭᠠᠬᠤ | ᠦᠶ᠎ᠠ ᠠᠴᠠ ᠬᠤᠶᠢᠰᠢ ᠨᠢᠭᠡ ᠪᠥᠯᠦᠭ ᠪᠤᠷᠢᠶᠠᠳ ᠤᠳ ᠠᠯᠬᠤᠨ᠎ᠠ᠂ ᠠᠭ᠎ᠠ᠂ ᠤᠨᠤᠨ᠂ ᠪᠤᠤᠷᠵᠢ᠂ ᠦᠯᠢᠷᠡᠩᠭᠡ ᠬᠦᠷᠳᠡᠯ᠎ᠠ ᠨᠤᠳᠤᠭᠯᠠᠨ ᠰᠠᠭᠤᠷᠢᠰᠢᠬᠤ ᠪᠤᠯᠵᠤ᠂ | ᠲᠡᠷᠡ ᠭᠠᠵᠠᠷ ᠤᠳ ᠲᠤ ᠤᠤᠯ ᠤᠨ ᠪᠠᠶᠢᠭᠰᠠᠨ ᠪᠤᠷᠢᠶᠠᠳ ᠤᠳ ︵ᠪᠠᠯᠵᠢᠨ ᠬᠠᠳᠤᠨ ᠤ ᠢᠡᠵᠢ ᠢᠷᠭᠡᠳ︶ ᠤᠨ ᠦᠯᠡᠳᠡᠪᠤᠷᠢ ᠪᠡ ᠬᠠᠮᠨᠢᠭᠠᠨ ᠲᠠᠷᠡᠴᠢᠯᠡᠨ ᠬᠠᠯᠬ᠎ᠠ | ᠮᠤᠩᠭᠤᠯ ᠤᠨ 16 ᠳ᠋ᠤᠭᠠᠷ ᠵᠠᠭᠤᠨ ᠤ ᠰᠡᠬᠦᠯᠴᠢ ᠪᠠᠷ ᠨᠡᠬᠦᠵᠤ ᠭᠠᠷᠤᠭᠰᠠᠨ ᠮᠤᠩᠭᠤᠯ ᠤᠳᠤᠮ ᠤᠨ ᠬᠠᠮᠨᠢᠭᠠᠳ ᠲᠠᠢ ᠨᠠᠶᠢᠯᠡᠨ ᠰᠠᠭᠤᠬᠤ ᠪᠤᠯᠵᠤ᠂ ᠡᠨᠡ ᠨᠢ ᠠᠭ᠎ᠠ | 8 ᠤᠪᠤᠭ ᠤᠨ ᠪᠤᠷᠢᠶᠠᠳ ᠭᠡᠮᠡᠭᠳᠡᠵᠤ᠂ ᠬᠤᠷᠢ ᠨᠤᠳᠤᠭ ᠠᠴᠠ ᠲᠡᠩᠳᠡᠬᠦᠤ ᠬᠤᠯᠠ ᠠᠯᠤᠰᠯᠠᠵᠤ ᠪᠠᠶᠢᠬᠰᠠᠨ ᠠᠴᠠ ᠬᠠᠮᠢᠶᠠᠷᠤᠨ ᠵᠠᠬᠢᠷᠬᠤ ᠳᠤ ᠮᠠᠰᠢ ᠲᠥᠬᠦᠮ ᠦᠭᠡᠢ | ᠲᠤᠯᠠ ᠲᠤᠰᠬᠠᠢᠢᠯᠠᠨ ᠠᠭ᠎ᠠ ᠨᠤᠳᠤᠭ ᠲᠤ ᠳ᠋ᠥᠮᠠ ᠪᠠᠶᠢᠭᠤᠯᠤᠨ ᠵᠠᠬᠢᠷᠤᠭᠰᠠᠨ ᠠᠵᠢ᠃ ᠠᠭ᠎ᠠ ᠨᠤᠳᠤᠭ ᠲᠤ ᠲᠠᠰᠤᠷᠠᠵᠤ ᠢᠷᠡᠭᠰᠡᠨ ᠭᠤᠴᠢᠳ᠂ ᠬᠤᠳᠠᠢ᠂ ᠪᠠᠳᠤᠨᠠᠢ | 3 ᠤᠪᠤᠭ ᠠᠴᠠ ᠪᠤᠰᠤ ᠨᠦᠬᠦᠭᠡ 8 ᠤᠪᠤᠭ ᠤᠳ ᠤᠨ ᠤᠯᠠᠩᠬᠢ ᠨᠢ ᠬᠤᠷᠢ ᠨᠤᠳᠤᠭ ᠲᠠᠭᠠᠨ ᠦᠯᠡᠳᠡᠵᠤ᠂ ᠴᠥᠭᠡᠨ ᠭᠡᠰᠡᠭ ᠨᠢ ᠠᠭ᠎ᠠ ᠨᠤᠳᠤᠭ ᠲᠤ ᠢᠷᠡᠵᠤ | ᠦᠨᠢᠷᠵᠢᠭᠰᠡᠨ ᠶᠠᠪᠤᠳᠠᠯ ᠪᠤᠯᠤᠨ᠎ᠠ᠃ | ᠪᠤᠷᠢᠶᠠᠳ ᠮᠤᠩᠭᠤᠯᠴᠤᠳ ᠤᠤᠯ ᠠᠴᠠ ᠠᠡᠭ ᠬᠦᠷᠥᠭᠡ᠂ ᠵᠢᠭᠠᠰᠤᠨ ᠤ ᠠᠵᠢᠯ ᠵᠡᠷᠭᠡ ᠶᠢ ᠡᠷᠬᠢᠯᠡᠨ ᠰᠡᠬᠦᠯ ᠳᠤᠨᠢ ᠮᠠᠯ ᠲᠠᠵᠢᠭᠡᠵᠤ ᠮᠠᠯᠵᠢᠬᠤ ᠪᠤᠯᠤᠭᠰᠠᠨ | ᠪᠥᠭᠡᠳ 18 ᠳ᠋ᠤᠭᠠᠷ ᠵᠠᠭᠤᠨ ᠠᠴᠠ ᠤᠷᠤᠰ ᠤᠳ ᠤᠨ ᠨᠦᠯᠦᠭᠡ ᠪᠠᠷ ᠪᠠᠷᠠᠭᠤᠨ ᠲᠠᠯ᠎ᠠ ᠠᠴᠠ ᠡᠬᠢᠯᠡᠨ ᠪᠠᠶᠢᠰᠢᠩ ︵ᠮᠤᠳᠤᠨ ᠪᠠᠶᠢᠰᠢᠩ︶ ᠪᠠᠷᠢᠵᠤ ᠰᠠᠭᠤᠷᠢᠰᠢᠬᠤ᠂ | ᠮᠦᠨ ᠤᠷᠤᠰ ᠤᠳ ᠭᠠᠵᠠᠷ ᠨᠤᠳᠤᠭ ᠤᠨ ᠰᠠᠶᠢᠬᠠᠨ᠂ ᠮᠠᠯ ᠤᠨ ᠪᠠᠯᠴᠢᠭᠡᠷ ᠢ ᠨᠢ ᠬᠠᠭᠠᠯᠪᠤᠷᠢᠯᠠᠨ ᠲᠠᠷᠢᠶ᠎ᠠ ᠲᠠᠷᠢᠭᠰᠠᠨ ᠠᠴᠠ ᠠᠷᠭ᠎ᠠ ᠪᠤᠰᠤ ᠲᠠᠷᠢᠶᠠᠨ ᠠᠵᠢᠯ ᠡᠷᠬᠢᠯᠡᠨ | ᠮᠠᠯ ᠲᠠᠷᠢᠶ᠎ᠠ ᠶᠢ ᠬᠤᠤᠰᠯᠠᠭᠤᠯᠬᠤ ᠪᠤᠯᠵᠤ ᠢᠷᠡᠭᠰᠡᠨ ᠪᠡ ᠰᠡᠯᠡᠩᠭᠡ᠂ ᠬᠤᠷᠢ ᠶᠢᠨ ᠪᠤᠷᠢᠶᠠᠳ ᠤᠳ ᠨᠢ 19 ᠳ᠋ᠤᠭᠡᠷ ᠵᠠᠭᠤᠨ ᠤ ᠲᠤᠮᠳᠠ ᠦᠶ᠎ᠠ ᠠᠴᠠ ᠬᠤᠶᠢᠰᠢ | ᠰᠠᠭᠤᠷᠢᠰᠢᠬᠤ ᠪᠤᠯᠤᠭᠰᠠᠨ᠂ 20 ᠳ᠋ᠤᠭᠠᠷ ᠵᠠᠭᠤᠨ ᠤ ᠡᠬᠢᠨ ᠤ ᠦᠶ᠎ᠠ ᠳᠤ ᠡᠪᠡᠰᠤ ᠪᠠᠯᠴᠢᠭᠡᠷ ᠤᠨ ᠦᠡᠭ ᠰᠢᠮᠡᠯᠢᠭ ᠢ ᠰᠤᠩᠭᠤᠨ ᠨᠡᠬᠦᠨ ᠠᠮᠢᠳᠤᠷᠠᠳᠠᠭ | ᠤᠳᠤᠮ ᠢᠶᠠᠷ ᠢᠶᠠᠨ ᠤᠯᠠᠮ ᠴᠤ ᠬᠤᠯᠠ ᠨᠡᠬᠦᠵᠤ ᠤᠳᠤᠷᠯᠠᠬᠤ ᠶᠢᠨ ᠬᠠᠮᠳᠤ ᠰᠠᠭᠤᠷᠢᠨ ᠪᠠᠶᠢᠭᠤᠯᠵᠤ᠂ ᠡᠪᠡᠰᠤ ᠬᠠᠳᠤᠯᠠᠩ ᠡᠷᠬᠢᠯᠡᠨ ᠤᠳᠤᠷ ᠰᠠᠭᠤᠷᠢᠨ ᠢ | ᠤᠶᠠᠯᠳᠤᠭᠤᠯᠬᠤ ᠪᠤᠯᠪᠡ᠃ ᠮᠠᠯ ᠴᠥᠭᠡᠨ ᠶᠠᠳᠠᠭᠤ ᠪᠤᠶᠤ ᠶᠠᠳᠠᠭᠤᠪᠳᠤᠷ ᠨᠠᠯᠢᠶᠡᠳ ᠤᠯᠠᠨ ᠬᠦᠮᠤᠰ ᠨᠢ ᠪᠠᠶᠠᠨ ᠴᠢᠨᠡᠭᠡᠯᠢᠭ ᠤᠷᠤᠰ ᠤᠳ ᠤᠨ ᠮᠠᠯ ᠢ ᠲᠠᠭᠠᠭᠠᠴᠢᠯᠡᠨ | ᠬᠠᠷᠠᠵᠤ ᠨᠡᠬᠦᠳᠡᠯᠯᠡᠨ ᠮᠠᠯᠵᠢᠬᠤ ᠶᠢᠨ ᠬᠠᠮᠳᠤ ᠮᠦᠨ ᠲᠠᠳᠡᠨ ᠤ ᠮᠠᠯ ᠲᠠᠵᠢᠭᠡᠪᠤᠷᠢ ᠶᠢᠨ ᠰᠠᠭᠤᠷᠢᠨ ᠭᠠᠵᠠᠷ ᠤᠨ ᠠᠵᠢᠯ ᠢ ᠬᠢᠬᠦ᠂ ᠡᠪᠡᠰᠤ ᠬᠠᠳᠤᠯᠠᠩ᠂ ᠭᠠᠵᠠᠷ | ᠲᠠᠷᠢᠶ᠎ᠠ ᠪᠤᠯᠤᠨ ᠤᠢ ᠮᠤᠳᠤᠨ ᠤ ᠠᠵᠢᠯ ᠢ ᠬᠦᠷᠳᠡᠯ᠎ᠠ ᠬᠢᠭᠰᠡᠨ ᠠᠴᠠ ᠲᠡᠷᠡ ᠴᠠᠭ ᠦᠶ᠎ᠠ ᠶᠢᠨ ᠤᠷᠤᠰ ᠤᠳ ᠤᠨ ᠮᠠᠯ ᠲᠠᠷᠢᠶᠠᠯᠠᠩ ᠤᠨ ᠦᠢᠯᠡᠳᠪᠤᠷᠢᠯᠡᠯ ᠤᠨ ᠠᠷᠭ᠎ᠠ | ᠮᠠᠷᠭᠡᠵᠢᠯ ᠢ ᠨᠠᠯᠢᠶᠡᠳ ᠡᠵᠡᠮᠰᠢᠨ᠂ ᠡᠪᠡᠰᠤ ᠬᠠᠳᠤᠯᠠᠩ ᠤᠨ ᠠᠵᠢᠯ ᠢ ᠶᠡᠭᠡ ᠪᠠᠷ ᠡᠷᠬᠢᠯᠡᠬᠦ᠂ ᠲᠠᠷᠢᠶ᠎ᠠ ᠲᠦᠮᠥᠰᠤ ᠲᠠᠷᠢᠬᠤ ᠪᠤᠯᠤᠨ ᠮᠠᠯ ᠤᠨ ᠡᠬᠦᠯᠳᠡᠷ ᠤᠭᠰᠠᠭ᠎ᠠ ᠶᠢ | ᠰᠠᠶᠢᠵᠢᠷᠠᠭᠤᠯᠬᠤ᠂ ᠬᠢᠵᠢᠭ ᠭᠡᠮ ᠢ ᠰᠡᠷᠭᠡᠶᠢᠯᠡᠬᠦ᠂ ᠲᠠᠷᠭᠡ ᠤᠨᠤᠯᠭ᠎ᠠ ᠶᠢᠨ ᠲᠡᠭᠡᠭᠡᠪᠤᠷᠢ ᠬᠢᠬᠦ ᠮᠠᠷᠭᠡᠵᠢᠯ ᠴᠢᠳᠠᠪᠤᠷᠢ ᠨᠤᠭᠤᠳ ᠢ ᠰᠤᠷᠴᠤ ᠭᠡᠷᠡᠭᠯᠡᠬᠦ ᠪᠤᠯᠤᠭᠰᠠᠨ | ᠪᠠᠶᠢᠨ᠎ᠠ᠃ 20 ᠳ᠋ᠤᠭᠠᠷ ᠵᠠᠭᠤᠨ ᠤ ᠡᠬᠢᠨ ᠪᠤᠯᠬᠤ ᠳᠤ ᠤᠷᠤᠰ ᠮᠠᠶ᠋ᠢᠭ ᠤᠨ ᠮᠤᠳᠤᠨ ᠪᠠᠶᠢᠰᠢᠩ ᠭᠡᠷ ᠪᠠᠷᠢᠵᠤ ᠰᠠᠭᠤᠬᠤ ᠪᠡ ᠡᠪᠡᠰᠤ ᠬᠠᠳᠤᠬᠤ ᠪᠠᠷ ᠮᠤᠷᠢᠨ | ᠬᠦᠴᠥᠨ ᠤ ᠪᠤᠷᠳᠤᠭᠠᠨ ᠮᠠᠰᠢᠨ ᠭᠡᠷᠡᠭᠯᠡᠬᠦ᠂ ᠰᠥ᠋ ᠶᠢᠨ ᠲᠤᠰᠤ ᠢᠯᠭᠠᠬᠤ ᠭᠠᠷ ᠮᠠᠰᠢᠨ᠂ ᠤᠶᠤᠳᠠᠯ ᠤᠨ ᠭᠠᠷ ᠮᠠᠰᠢᠨ ᠵᠡᠷᠭᠡ ᠶᠢ ᠡᠵᠡᠮᠰᠢᠨ ᠭᠡᠷᠡᠭᠯᠡᠬᠦ ᠪᠤᠯᠤᠭᠰᠠᠨ | ᠪᠠᠶᠢᠨ᠎ᠠ᠃ | ᠪᠤᠷᠢᠶᠠᠳ ᠮᠤᠩᠭᠤᠯᠴᠤᠳ ᠡᠷᠳᠡ ᠲᠡᠭᠡᠳᠤ ᠦᠶ᠎ᠠ ᠠᠴᠠ ᠬᠤᠶᠢᠰᠢ ᠪᠥᠭᠡ ᠶᠢᠨ ᠮᠦᠷᠬᠦᠯ ︵ᠱᠠᠰᠢᠨ︶ ᠲᠠᠢ ᠪᠠᠶᠢᠪᠡ᠂ ᠭᠡᠪᠡᠴᠤ ᠰᠢᠷ᠎ᠠ ᠶᠢᠨ ᠱᠠᠰᠢᠨ ︵ | ᠪᠤᠳ᠋ᠳ᠋ᠾᠠ︶ ᠮᠤᠩᠭᠤᠯ ᠭᠠᠵᠠᠷ ᠲᠤ ᠲᠡᠯᠭᠡᠷᠡᠬᠦ ᠶᠢ ᠲᠠᠭᠠᠯᠳᠤᠨ ᠰᠡᠯᠡᠩᠭᠡ᠂ ᠬᠤᠷᠢ᠂ ᠠᠭ᠎ᠠ ᠵᠡᠷᠭᠡ ᠶᠢᠨ ᠪᠤᠷᠢᠶᠠᠳ ᠤᠷᠤᠨ ᠨᠤᠭᠤᠳ ᠲᠤ ᠴᠤ ᠲᠠᠯᠭᠡᠷᠡᠨ᠂ 18 | ᠳ᠋ᠤᠭᠠᠷ ᠵᠠᠭᠤᠨ ᠪᠡ 19 ᠳ᠋ᠤᠭᠡᠷ ᠵᠠᠭᠤᠨ ᠤ ᠬᠤᠭᠤᠴᠠᠭᠠᠨ ᠳᠤ ᠮᠠᠰᠢ ᠶᠡᠭᠡ ᠲᠠᠯᠭᠡᠷᠡᠪᠡ᠃ ᠠᠩᠬ᠎ᠠ 18 ᠳ᠋ᠤᠭᠠᠷ ᠵᠠᠭᠤᠨ ᠤ ᠡᠬᠢᠨ ᠳᠤ ᠲᠥᠪᠡᠳ ᠪᠤᠯᠤᠨ ᠮᠤᠩᠭᠤᠯ | ᠭᠠᠵᠠᠷ ᠤᠨ ᠯᠠᠮᠠ ᠨᠠᠷ ᠰᠡᠯᠡᠩᠭᠡ ᠪᠤᠯᠤᠨ ᠬᠤᠷᠢ ᠶᠢᠨ ᠪᠤᠷᠢᠶᠠᠳ ᠤᠳ ᠤᠨ ᠲᠤᠳᠤᠷ᠎ᠠ ᠱᠠᠰᠢᠨ ᠤ ᠬᠦᠳᠡᠯᠭᠡᠭᠡᠨ ᠦᠷᠨᠢᠬᠦᠯᠵᠤ ᠡᠬᠢᠯᠡᠭᠰᠡᠨ ᠪᠥᠭᠡᠳ ᠨᠠᠯᠢᠶᠡᠳ ᠤᠯᠠᠨ | ᠭᠠᠵᠠᠷ ᠲᠤ ᠢᠰᠡᠭᠡᠢ ᠭᠡᠷ ᠢᠶᠠᠷ ᠲᠤᠭᠠᠡᠭ ᠬᠢᠵᠤ ᠬᠤᠷᠠᠯ ᠮᠦᠷᠬᠦᠯ ᠭᠢᠳᠡᠭ ᠪᠠᠶᠢᠭᠰᠠᠨ ᠢᠶᠠᠨ ᠤᠳᠠᠯ ᠦᠭᠡᠢ ᠮᠤᠳᠤ ᠪᠠᠷ ᠳ᠋ᠠᠴᠠᠩ ᠰᠦᠮ᠎ᠠ ᠪᠠᠷᠢᠵᠤ ᠡᠬᠢᠯᠡᠪᠡ᠃ 18 | ᠳ᠋ᠤᠭᠠᠷ ᠵᠠᠭᠤᠨ ᠤ ᠲᠤᠮᠳᠠᠴᠢ ᠪᠠᠷ ᠠᠩᠬᠠᠨ ᠤ ᠮᠤᠳᠤᠨ ᠳ᠋ᠠᠴᠠᠩ ᠢ ᠰᠡᠯᠡᠩᠭᠡ ᠶᠢᠨ ᠴᠤᠩᠭᠤᠤᠯ ᠨᠤᠳᠤᠭ ᠲᠤ ᠪᠠᠶᠢᠭᠤᠯᠵᠤ᠂ ᠲᠠᠬᠦᠨ ᠠᠴᠠ ᠬᠤᠶᠢᠰᠢ ᠵᠡᠬᠦᠨ | ᠪᠤᠷᠢᠶᠠᠳ ᠤᠨ ᠭᠠᠵᠠᠷ ᠪᠥᠬᠦᠨ ᠳᠤ ᠰᠥᠮ᠎ᠠ ᠭᠡᠶᠢᠳ ᠪᠠᠶᠢᠭᠤᠯᠤᠭᠰᠠᠨ ᠠᠴᠠ ᠯᠠᠮᠠ ᠨᠠᠷ ᠤᠯᠠᠨ ᠪᠤᠯᠵᠤ ᠰᠢᠷ᠎ᠠ ᠶᠢᠨ ᠱᠠᠰᠢᠨ ᠶᠡᠭᠡ ᠪᠠᠷ ᠲᠠᠯᠭᠡᠷᠡᠪᠡ᠃ 19 ᠳ᠋ᠤᠭᠡᠷ | ᠵᠠᠭᠤᠨ ᠳᠤ ᠤᠯᠠᠮ ᠲᠥᠷᠭᠡᠳᠤᠨ 20 ᠳ᠋ᠤᠭᠠᠷ ᠵᠠᠭᠤᠨ ᠤ ᠡᠬᠢᠨ ᠪᠤᠯᠬᠤ ᠳᠤ ᠪᠥᠬᠦ ᠪᠤᠷᠢᠶᠠᠳ ᠨᠤᠳᠤᠭ ᠤᠳ ᠲᠤ ᠨᠠᠶᠢᠳᠠ 30 ᠭᠠᠷᠤᠢ ᠰᠥᠮ᠎ᠠ ᠭᠡᠶᠢᠳ ᠲᠠᠢ᠂ | ᠭᠡᠳᠤᠨ ᠮᠢᠩᠭᠠᠨ ᠯᠠᠮᠠ ᠲᠠᠢ ᠪᠤᠯᠤᠭᠰᠠᠨ ᠪᠠᠶᠢᠪᠡ᠃ ᠠᠭ᠎ᠠ ᠨᠤᠳᠤᠭ ᠲᠤ 1816 ᠤᠨ ᠳᠤ ᠠᠭ᠎ᠠ ᠶᠢᠨ ᠳ᠋ᠠᠴᠠᠩ ᠭᠡᠵᠤ ᠰᠦᠮ᠎ᠠ ᠪᠠᠶᠢᠭᠤᠯᠤᠨ᠂ 1834 ᠤᠨ ᠳᠤ | ᠴᠦᠭᠡᠯ ᠭᠡᠮᠡᠬᠦ ᠳ᠋ᠠᠴᠠᠩ ᠪᠠᠶᠢᠭᠤᠯᠤᠨ ᠡᠨᠡ ᠬᠤᠶᠠᠷ ᠰᠦᠮ᠎ᠠ ᠶᠢᠨ ᠯᠠᠮᠠ ᠨᠠᠷ 1000 ᠭᠠᠷᠤᠢ ᠪᠤᠯᠤᠭᠰᠠᠨ ᠪᠠᠶᠢᠪᠡ᠃ ᠡᠬᠦᠨ ᠠᠴᠠ ᠭᠠᠳᠠᠨ᠎ᠠ᠂ ᠠᠭ᠎ᠠ ᠨᠤᠳᠤᠭ ᠲᠤ | ᠵᠤᠭᠠᠯᠠᠢ᠂ ᠬᠦᠨᠡᠢ ᠭᠡᠬᠦ ᠮᠡᠳᠤ ᠶᠢᠨ ᠭᠡᠳᠤ ᠭᠡᠳᠤᠨ ᠵᠢᠵᠢᠭ ᠰᠦᠮ᠎ᠠ ᠨᠦᠭᠦᠳ ᠪᠠᠶᠢᠭᠤᠯᠤᠭᠳᠠᠭᠰᠠᠨ ᠪᠠᠶᠢᠪᠡ᠃ ᠱᠠᠰᠢᠨ ᠤ ᠰᠤᠷᠭᠠᠯ ᠲᠠᠯᠭᠡᠷᠡᠬᠦ ᠶᠢ ᠲᠠᠭᠠᠯᠳᠤᠨ᠂ | ᠡᠷᠳᠡᠮ ᠮᠡᠳᠡᠯᠭᠡ ᠲᠠᠢ ᠯᠠᠮᠠ ᠨᠠᠷ ᠤᠯᠠᠰᠢᠷᠠᠵᠤ᠂ ᠱᠠᠰᠢᠨ ᠳᠡᠯᠭᠡᠷᠡᠬᠦᠯᠬᠦ ᠶᠢᠨ ᠬᠠᠮᠳᠤ ᠮᠤᠩᠭᠤᠯ ᠳᠦᠪᠡᠳ ᠤᠨ ᠰᠤᠶᠤᠯ ᠳᠡᠯᠭᠡᠷᠡᠬᠦ ᠳᠤ ᠵᠤᠬᠢᠬᠤ ᠬᠤᠪᠢ ᠨᠡᠮᠡᠷᠢ | ᠦᠵᠡᠬᠦᠯᠪᠡ᠃ ᠵᠢᠱᠢᠶ᠎ᠠ ᠨᠢ᠄ 18 ᠳ᠋ᠤᠭᠠᠷ ᠵᠠᠭᠤᠨ ᠤ ᠦᠶ᠎ᠠ ᠳᠤ ᠳᠠᠮᠪᠠᠳᠠᠷᠵᠠ ᠵᠠᠶᠠᠭ᠎ᠠ ᠶᠢᠨ ᠪᠠ ᠠᠬᠸᠠᠩᠫᠤᠩᠰᠤᠭ ᠬᠠᠮᠪᠤ᠂ 19 ᠳ᠋ᠤᠭᠡᠷ ᠵᠠᠭᠤᠨ ᠤ ᠦᠶ᠎ᠠ ᠳᠤ | ᠡᠮᠴᠢ ᠪᠠᠭᠰᠢ ᠰᠠᠬᠢᠶ᠎ᠠ ︵ᠪᠤᠷᠢᠶᠠᠳ ᠤᠨ ᠳᠡᠤᠭᠡ ᠪᠢᠴᠢᠭᠰᠠᠨ︶ ᠴᠤᠷᠵᠢ ᠯᠠᠮᠠ ᠡᠷᠭᠡᠳᠤ᠂ ᠠᠬᠸᠠᠩᠳᠤᠷᠵᠢ ᠬᠠᠮᠪᠤ ᠵᠡᠷᠭᠡ ᠶᠢᠨ ᠨᠠᠷᠠᠳᠠᠢ ᠯᠠᠮᠠ ᠨᠠᠷ ᠭᠠᠷᠪᠠ᠃ ᠳᠡᠷᠡ | ᠴᠠᠭ ᠦᠶ᠎ᠠ ᠠᠴᠠ ᠬᠤᠶᠢᠰᠢ ᠮᠤᠩᠭᠤᠯ᠂ ᠤᠷᠤᠰ ᠤᠨ ᠰᠤᠶᠤᠯ ᠤᠨ ᠠᠩᠬᠠᠨ ᠤ ᠰᠠᠭᠤᠷᠢ ᠳᠠᠯᠪᠢᠭᠳᠠᠵᠤ᠂ 19 ᠳ᠋ᠤᠭᠡᠷ ᠵᠠᠭᠤᠨ ᠠᠴᠠ 20 ᠳ᠋ᠤᠭᠠᠷ ᠵᠠᠭᠤᠨ ᠤ | ᠡᠬᠢᠨ ᠤ ᠦᠶ᠎ᠠ ᠪᠤᠯᠬᠤ ᠳᠤ ᠤᠷᠤᠰ᠂ ᠮᠤᠩᠭᠤᠯ ᠰᠤᠶᠤᠯ ᠲᠠᠢ ᠡᠷᠳᠡᠮ ᠮᠡᠳᠡᠯᠭᠡ ᠲᠠᠢ ᠬᠦᠮᠦᠰ ᠨᠡᠯᠢᠶᠠᠳ ᠤᠯᠠᠨ ᠭᠠᠷᠪᠠ᠃ ᠡᠷᠳᠡᠮᠳᠡᠨ ᠴᠤᠯᠠ ᠲᠠᠢ ᠨᠡᠷ᠎ᠠ | ᠠᠯᠳᠠᠷᠰᠢᠭᠰᠠᠨ ᠪᠠᠨᠽᠠᠷ ᠤᠨ ᠳᠤᠷᠵᠢ᠂ ᠴᠡᠪᠡᠭ ᠤᠨ ᠭᠤᠮᠪᠤᠵᠠᠪ᠂ ᠷᠢᠨᠴᠢᠨ ᠤ ᠡᠯᠪᠡᠭᠳᠦᠷᠵᠢ᠂ ᠵᠠᠮᠰᠦ᠋ᠷᠦᠩ ᠤᠨ ᠴᠡᠸᠡᠩ᠂ ᠪᠠᠷᠠᠳᠢ ᠶᠢᠨ ᠪᠠᠽᠠᠷ ᠵᠡᠷᠭᠡ ᠶᠢᠨ | ᠡᠷᠳᠡᠮᠳᠡᠨ ᠬᠦᠮᠦᠰ ᠴᠤᠯᠭᠤᠷᠠᠨ ᠭᠠᠷᠤᠭᠰᠠᠨ ᠠᠴᠠ ᠭᠠᠳᠠᠨ᠎ᠠ ᠤᠷᠤᠰ᠂ ᠮᠤᠩᠭᠤᠯ ᠭᠡᠯᠡᠨ ᠤ ᠰᠤᠶᠤᠯ ᠮᠡᠳᠡᠯᠭᠡ ᠲᠠᠢ ᠰᠡᠭᠡᠭᠡᠷᠡᠭᠰᠡᠨ ᠬᠦᠮᠦᠰ ᠤᠯᠠᠨ ᠭᠠᠷᠪᠠ᠃ | ᠳᠡᠷᠡ ᠦᠶ᠎ᠠ ᠶᠢᠨ ᠤᠷᠤᠨ ᠨᠤᠳᠤᠭ ᠤᠨ ᠨᠤᠶᠠᠳ ᠳᠠᠭᠠᠭᠠᠮᠠᠯ ᠤᠳ᠂ ᠵᠠᠶᠢᠰᠠᠩ ᠭᠤᠯᠸᠠ ᠪᠤᠶᠤ ᠳᠠᠶᠢᠱᠠ ᠨᠠᠷ ᠤᠨ ᠤᠯᠠᠩᠬᠢ ᠨᠢ ᠤᠷᠤᠰ᠂ ᠮᠤᠩᠭᠤᠯ ᠭᠡᠯᠡᠨ ᠤ | ᠠᠩᠬ᠎ᠠ ᠠᠯᠬᠤᠮ ᠤᠨ ᠰᠤᠶᠤᠯ ᠮᠡᠳᠡᠯᠭᠡ ᠲᠠᠢ ᠬᠦᠮᠦᠰ ᠪᠠᠶᠢᠭᠰᠠᠨ ᠶᠤᠮ᠃ ᠳᠤᠬᠠᠢᠢᠯᠠᠪᠠᠯ᠄ 19 ᠵᠠᠭᠤᠨ ᠤ ᠳᠤᠮᠳᠠᠴᠢ ᠪᠠᠷ ᠪᠤᠷᠢᠶᠠᠳ ︵ᠬᠤᠷᠢ︶ ᠤᠨ ᠳᠡᠤᠭᠡ ᠶᠢ | ᠪᠢᠴᠢᠭᠰᠡᠨ ᠵᠡᠬᠦᠨ ᠬᠤᠸᠠᠰᠠᠢ ᠤᠪᠤᠭ ᠤᠨ ᠵᠠᠶᠢᠰᠠᠩ᠂ ᠰᠡᠬᠦᠯᠡᠷ ᠨᠢ ᠠᠭ᠎ᠠ ᠨᠤᠳᠤᠭ ᠤᠨ ᠳᠠᠶᠢᠱᠠ ᠨᠤᠶᠠᠨ ᠪᠤᠯᠤᠭᠰᠠᠨ ᠳᠤᠪᠤ ᠶᠢᠨ ᠳᠡᠬᠦᠯᠳᠡᠷ᠂ ᠴᠠᠭᠠᠡᠭᠭᠤᠳ | ᠤᠪᠤᠭ ᠤᠨ ᠵᠠᠶᠢᠰᠠᠩ ᠪᠠᠶᠢᠭᠰᠠᠨ ︵ᠭᠤᠯᠸᠠ︶ ᠶᠦᠮᠰᠡᠨ ᠤ ᠸᠠᠩᠳᠤᠨ᠂ ᠭᠠᠯᠵᠤᠳ ᠤᠪᠤᠭ ᠤᠨ ᠵᠠᠶᠢᠰᠠᠩ ᠬᠤᠪᠢᠳᠤ ᠶᠢᠨ ᠰᠢᠷᠡᠪᠨᠢᠩᠪᠤ᠂ ᠴᠤᠩᠭᠤᠤᠯ ᠬᠤᠷᠠᠮᠰᠠᠢ | ᠤᠪᠤᠭ ᠤᠨ ᠬᠦᠮᠦᠨ ᠪᠦᠭᠡᠳ ᠰᠠᠯᠠᠩᠭᠡ ᠶᠢᠨ ᠳᠠᠶᠢᠱᠠ ᠪᠠᠶᠢᠭᠰᠠᠨ ᠯᠤᠮᠪᠤᠴᠡᠷᠡᠨ ᠤ ᠳᠠᠮᠪᠢᠵᠠᠯᠰᠠᠨ ︵ᠰᠡᠯᠡᠩᠭᠡ ᠶᠢᠨ ᠪᠤᠷᠢᠶᠠᠳ ᠤᠨ ᠳᠡᠤᠭᠡ ᠪᠢᠴᠢᠭᠰᠡᠨ︶᠂ ᠮᠦᠨ | ᠪᠠᠷᠭᠤᠵᠢᠨ ᠤ ᠪᠤᠷᠢᠶᠠᠳ ᠤᠨ ᠳᠡᠤᠭᠡ ᠶᠢ ᠪᠢᠴᠢᠭᠰᠡᠨ ᠴᠠᠬᠠᠷ ᠤᠨ ᠴᠠᠳᠠᠪᠵᠠᠪ ᠳᠠᠶᠢᠱᠠ ᠵᠡᠷᠭᠡ ᠨᠢ ᠴᠦᠮ ᠳᠡᠷᠡ ᠴᠠᠭ ᠤᠨ ᠡᠷᠳᠡᠮ ᠲᠠᠢ ᠬᠦᠮᠦᠰ ᠪᠠᠶᠢᠭᠰᠠᠨ ᠶᠤᠮ᠃ | ᠪᠤᠷᠢᠶᠠᠳ ᠨᠤᠳᠤᠭ ᠲᠤ ᠠᠩᠬ᠎ᠠ ᠰᠤᠷᠭᠠᠭᠤᠯᠢ ᠪᠤᠢ ᠪᠤᠯᠤᠭᠰᠠᠨ ᠨᠢ 19 ᠳ᠋ᠤᠭᠡᠷ ᠵᠠᠭᠤᠨ ᠤ ᠳᠤᠮᠳᠠᠴᠢ ᠦᠶ᠎ᠠ ᠪᠤᠯᠬᠤ ᠶᠤᠮ᠃ ᠡᠯ᠎ᠠ ᠭᠠᠵᠠᠷ ᠤᠨ ᠳ᠋ᠦᠮᠠ ᠶᠢᠨ | ᠳᠡᠷᠭᠡᠳᠡ ᠤᠷᠤᠰ᠂ ᠮᠤᠩᠭᠤᠯ ᠪᠢᠴᠢᠭ ᠢ ᠬᠤᠤᠰᠯᠠᠭᠤᠯᠤᠨ ᠰᠤᠷᠬᠤ ᠰᠤᠷᠭᠠᠭᠤᠯᠢ ᠨᠤᠭᠤᠳ ᠪᠠᠶᠢᠭᠤᠯᠤᠭᠳᠠᠵᠤ ᠡᠬᠢᠯᠡᠭᠰᠡᠨ ᠪᠦᠭᠡᠳ ᠳᠡᠬᠦᠨ ᠠᠴᠠ ᠡᠮᠤᠨ᠎ᠠ | ᠴᠢᠳᠠᠯ ᠲᠠᠢ ᠬᠦᠮᠦᠰ ᠤᠨ ᠭᠡᠤᠭᠡᠳ ᠤᠷᠤᠰ ᠳᠤᠰᠬᠤᠨ ᠨᠤᠭᠤᠳ ᠤᠨ ᠰᠤᠷᠭᠠᠭᠤᠯᠢ ᠪᠤᠶᠤ ᠱᠠᠰᠢᠨ ᠤ ᠰᠤᠷᠭᠠᠭᠤᠯᠢ ᠳᠤ ᠤᠷᠤᠵᠤ ᠰᠤᠷᠤᠯᠴᠠᠳᠠᠭ ᠪᠠᠶᠢᠪᠠ᠃ | ᠡᠰᠡᠪᠡᠯ ᠤᠢᠢᠷᠠᠯᠴᠠᠭ᠎ᠠ ᠬᠤᠳᠠ ᠠᠶᠢᠯ ᠤᠨ ᠳᠤᠮᠳᠠ ᠪᠢᠴᠢᠭ ᠮᠡᠳᠡᠳᠡᠭ ᠬᠦᠮᠦᠨ ᠢᠶᠠᠷ ᠮᠤᠩᠭᠤᠯ ᠪᠢᠴᠢᠭ ᠵᠢᠭᠠᠯᠭᠠᠬᠤ᠂ ᠮᠦᠨ ᠳ᠋ᠠᠴᠠᠩ ᠰᠦᠮ᠎ᠠ ᠳᠤ ᠤᠴᠢᠵᠤ ᠯᠠᠮᠠ | ᠨᠡᠷ ᠢᠶᠠᠷ ᠪᠢᠴᠢᠭ ᠵᠢᠭᠠᠯᠭᠠᠬᠤ ᠮᠡᠳᠤ ᠪᠠᠷ ᠤᠷᠤᠯᠳᠤᠵᠤ ᠠᠩᠬᠠᠨ ᠤ ᠰᠤᠶᠤᠯ ᠤᠨ ᠰᠠᠭᠤᠷᠢ ᠶᠢ ᠳᠠᠯᠪᠢᠭᠰᠠᠨ ᠶᠤᠮ᠃ | 19 ᠳ᠋ᠤᠭᠡᠷ ᠵᠠᠭᠤᠨ ᠤ ᠰᠡᠬᠦᠯᠴᠢ ᠪᠠᠷ ᠪᠤᠷᠢᠶᠠᠳ ᠮᠤᠩᠭᠤᠯ ᠤᠷᠤᠨ ᠤ ᠳ᠋ᠦᠮᠠ ᠨᠦᠭᠦᠳ ᠪᠠ ᠤᠪᠤᠭ ︵ᠤᠳᠤᠭ︶ ᠤᠨ ᠵᠠᠬᠢᠷᠭ᠎ᠠ ᠨᠤᠭᠤᠳ ᠨᠢ ᠤᠷᠤᠰ ᠤᠨ | ᠮᠤᠵᠢ᠂ ᠳᠤᠭᠤᠷᠢᠭ ᠤᠳ ᠤᠨ ︽ᠤᠪᠯᠤᠰᠲ︾ ᠭᠡᠮᠡᠬᠦ ᠵᠠᠬᠢᠷᠭ᠎ᠠ ᠪᠠ ᠡᠯ᠎ᠠ ᠭᠠᠵᠠᠷ ᠤᠨ ︽ᠪᠤᠰᠤ ᠳᠦᠷᠦᠯᠳᠡᠨ ᠤ ᠵᠠᠬᠢᠷᠭ᠎ᠠ︾ ᠭᠡᠮᠡᠭᠳᠡᠬᠦ ᠤᠷᠤᠰ ᠵᠠᠬᠢᠷᠭᠠᠨ ᠤ | ᠮᠡᠳᠡᠯ ᠳᠤ ᠤᠷᠤᠭᠠᠳ 20 ᠳ᠋ᠤᠭᠠᠷ ᠵᠠᠭᠤᠨ ᠤ ᠡᠬᠢᠨ ᠪᠤᠯᠬᠤ ᠳᠤ ᠪᠤᠷᠢᠶᠠᠳ ᠮᠤᠩᠭᠤᠯᠴᠤᠳ ᠨᠢ ᠤᠷᠤᠰ ᠤᠨ ᠬᠠᠭᠠᠨᠳᠤ ᠵᠠᠰᠠᠭ ᠤᠨ ᠬᠠᠷᠢᠶᠠᠳᠤ ᠤᠯᠠᠨ ᠪᠠᠭ᠎ᠠ | ᠪᠠᠭᠤᠷᠠᠢ ᠦᠨᠳᠤᠰᠤᠳᠡᠨ ᠤ ᠨᠢᠭᠡ ᠨᠢ ᠪᠤᠯᠵᠤ᠂ ᠦᠨᠳᠤᠰᠤᠳᠡᠨ ᠤ ᠪᠠ ᠨᠡᠶᠢᠭᠡᠮ ᠤᠨ ᠳᠤᠤᠷ᠎ᠠ ᠱᠠᠳᠤᠨ ᠤ ᠪᠠᠶᠢᠷᠢ ᠳᠠᠬᠢ ᠬᠤᠴᠤᠷᠥᠩᠭᠤᠢ ᠤᠭᠰᠠᠭᠠᠳᠠᠨ ᠳᠤ | ᠳᠤᠭᠠᠴᠠᠭᠳᠠᠬᠤ ᠪᠤᠯᠤᠭᠰᠠᠨ ᠪᠠᠶᠢᠨ᠎ᠠ᠃ | 20 ᠳ᠋ᠤᠭᠠᠷ ᠵᠠᠭᠤᠨ ᠳᠤ ᠤᠷᠤᠭᠰᠠᠨ ᠠᠴᠠ ᠬᠤᠶᠢᠰᠢ ᠤᠷᠤᠰ ᠤᠷᠤᠨ ᠤ ᠪᠠᠶᠢᠳᠠᠯ ᠳᠤ ᠮᠠᠰᠢ ᠶᠡᠭᠡ ᠬᠤᠪᠢᠷᠠᠯᠳᠠ ᠨᠤᠭᠤᠳ ᠤᠳᠠᠭ᠎ᠠ ᠳᠠᠷᠠᠭ᠎ᠠ ᠪᠠᠷ ᠭᠠᠷᠪᠠ᠃ | 1905 ᠤᠨ ᠤ ᠤᠷᠤᠰ ᠤᠨ ᠬᠤᠪᠢᠰᠬᠠᠯ ᠪᠠ ᠳᠡᠬᠦᠨ ᠤ ᠳᠠᠷᠤᠭᠳᠠᠯ᠂ 1917 ᠤᠨ ᠤ ᠳᠡᠯᠡᠭᠡᠢ ᠶᠢᠨ ᠨᠢᠭᠡᠳᠤᠭᠡᠷ ᠳᠠᠶᠢᠨ ᠵᠡᠷᠭᠡ ᠨᠢ ᠪᠦᠬᠦ ᠤᠷᠤᠰ ᠤᠨ ᠠᠷᠠᠳ | ᠳᠦᠡᠮᠨ ᠳᠤ ᠶᠡᠭᠡᠭᠡᠨ ᠰᠡᠩᠭᠡᠷᠡᠬᠦᠯᠦᠯ ᠪᠤᠯᠬᠤ ᠶᠢᠨ ᠬᠠᠮᠳᠤ ᠬᠠᠭᠠᠨᠳᠤ ᠵᠠᠰᠠᠭ ᠳᠦᠷᠦ ᠶᠢᠨ ᠳᠤᠷᠦ᠋ᠢᠳᠠᠯ ᠢ ᠳᠦᠷᠭᠡᠳᠭᠡᠪᠡ᠃ ᠡᠨᠡ ᠨᠢ ᠪᠤᠷᠢᠶᠠᠳ ᠮᠤᠩᠭᠤᠯᠴᠤᠳ ᠤᠨ | ᠳᠤᠳᠤᠷ᠎ᠠ ᠮᠦᠨ ᠶᠡᠭᠡᠭᠡᠨ ᠰᠡᠷᠡᠭᠳᠡᠯ ᠦᠭᠴᠤ᠂ ᠨᠤᠶᠠᠳ ᠳᠦᠰᠢᠮᠡᠳ᠂ ᠱᠠᠰᠢᠨ ᠤ ᠳᠦᠷᠦᠬᠦᠴᠤᠳ ᠳᠡᠷᠢᠬᠦᠯᠡᠨ ᠴᠠᠭ ᠳᠦᠷᠦ ᠶᠢᠨ ᠬᠤᠪᠢᠰᠤᠯ᠂ ᠱᠠᠰᠢᠨ | ᠳᠦᠷᠦ ᠶᠢᠨ ᠢᠷᠡᠭᠡᠳᠤᠢ ᠶᠢᠨ ᠳᠤᠬᠠᠢ ᠪᠤᠳᠤᠯᠬᠢᠯᠬᠠᠤ ᠭᠡᠮᠵᠢᠶ᠎ᠠ ᠳᠤ ᠬᠦᠷᠪᠡ᠃ ᠨᠡᠩ ᠴᠤ 1917 ᠤᠨ ᠤ ᠤᠷᠤᠰ ᠤᠨ ᠤᠺᠲ᠋ᠢᠶᠠᠪᠠᠷ ᠤᠨ ᠬᠤᠪᠢᠰᠬᠠᠯ ᠠᠴᠠ | ᠬᠤᠶᠢᠰᠢ ᠤᠷᠤᠰ ᠤᠷᠤᠨ ᠳᠠᠶᠠᠭᠠᠷ ᠲᠤ ᠪᠠᠶᠢᠳᠠᠯ ᠳᠤᠭᠳᠠᠭᠤᠨ ᠪᠤᠰᠤ᠂ ᠳᠤᠳᠤᠭᠠᠳᠤ ᠭᠠᠳᠠᠭᠠᠳᠤ ᠶᠢᠨ ᠦᠢᠮᠡᠭᠡᠨ ᠳᠡᠭᠳᠡᠭᠡᠭᠴᠢᠳ ᠤᠯᠠᠨ ᠪᠤᠯᠵᠤ᠂ ᠡᠯᠳᠡᠪ ᠤᠨ | ᠳᠡᠭᠡᠷᠡᠮ ᠬᠤᠯᠠᠭᠠᠢ ᠰᠠᠮᠠᠭᠤᠷᠠᠨ ᠪᠤᠷᠢᠶᠠᠳ ᠮᠤᠩᠭᠤᠯᠴᠤᠳ ᠤᠨ ᠤᠷᠤᠨ ᠨᠤᠳᠤᠭ ᠲᠤ ᠤᠨᠴᠠᠭᠠᠢᠢᠯᠠᠨ ᠬᠢᠯᠢ ᠬᠢᠵᠠᠭᠠᠷ ᠤᠷᠤᠨ ᠳᠠᠭᠠᠤ ᠪᠠᠶᠢᠬᠤ ᠨᠡᠬᠦᠳᠡᠯᠴᠢᠨ | ᠮᠠᠯᠴᠢᠳ ᠤᠨ ᠠᠵᠤ ᠠᠮᠢᠳᠤᠷᠠᠯ ᠳᠤ ᠶᠡᠭᠡᠭᠡᠨ ᠬᠤᠬᠢᠷᠠᠯ ᠤᠴᠠᠷᠠᠬᠤ ᠪᠤᠯᠤᠭᠰᠠᠨ ᠠᠴᠠ 1910 ᠊ᠭᠠᠳ ᠤᠨ ᠤ ᠰᠡᠬᠦᠯᠴᠢ 1920 ᠊ᠭᠠᠳ ᠤᠨ ᠤ ᠡᠬᠢᠨ ᠢᠶᠠᠷ | ᠨᠠᠯᠢᠶᠠᠳ ᠭᠡᠰᠡᠭ ᠪᠤᠷᠢᠶᠠᠳ ᠮᠤᠩᠭᠤᠯᠴᠤᠳ ᠳᠠᠶᠢᠪᠤᠡᠭ ᠴᠢᠯᠦᠭᠡᠳᠡᠢ ᠠᠮᠢᠳᠤᠷᠠᠬᠤ ᠨᠤᠳᠤᠭ ᠤᠷᠤᠨ ᠢ ᠡᠷᠢᠨ᠂ ᠦᠪᠡᠷᠰᠡᠳ ᠤᠨ ᠨᠤᠳᠤᠭ ᠤᠷᠤᠨ ᠠᠴᠠ | ᠨᠡᠬᠦᠳᠡᠯᠯᠡᠨ ᠭᠠᠷᠴᠤ᠂ ᠰᠠᠶ᠋ᠢᠬᠠᠨ ᠳᠤᠰᠠᠭᠠᠷ ᠳᠤᠭᠳᠠᠨᠢᠯ ᠢᠶᠠᠨ ᠤᠯᠤᠭᠠᠳ ᠪᠠᠶᠢᠭᠰᠠᠨ ᠮᠤᠩᠭᠤᠯ ᠤᠯᠤᠰ ᠪᠤᠯᠤᠨ ᠳᠤᠮᠳᠠᠳᠤ ᠤᠯᠤᠰ ᠤᠨ ᠬᠦᠯᠦᠨ ᠪᠤᠶᠢᠷ ᠲᠤ | ᠤᠷᠤᠵᠤ ᠳᠤᠭᠳᠠᠨᠢᠨ ᠰᠠᠭᠤᠷᠢᠰᠢᠭᠰᠠᠨ ᠶᠠᠪᠤᠳᠠᠯ ᠤᠳ ᠭᠠᠷᠪᠠ᠃ ᠳᠤᠬᠠᠢᠢᠯᠠᠪᠠᠯ᠄ ᠳᠦᠡᠭᠭᠡᠨᠠ᠂ ᠰᠡᠯᠡᠩᠭᠡ ᠶᠢᠨ ᠪᠤᠷᠢᠶᠠᠳ ᠤᠨ ᠨᠢᠭᠡ ᠪᠦᠯᠦᠭ ᠨᠢ ᠮᠤᠩᠭᠤᠯ ᠤᠨ | ᠬᠦᠪᠰᠤᠬᠦᠯ᠂ ᠰᠡᠯᠡᠩᠭᠡ ᠠᠶᠢᠮᠠᠭ ᠤᠷᠤᠭᠤ ᠤᠷᠤᠭᠰᠠᠨ᠂ ᠮᠦᠨ ᠠᠭ᠎ᠠ ᠶᠢᠨ ᠪᠤᠷᠢᠶᠠᠳ ᠤᠳ ᠠᠴᠠ ᠪᠠᠰᠠ ᠨᠢᠭᠡ ᠪᠦᠯᠦᠭ ᠨᠢ ᠳᠤᠮᠳᠠᠳᠤ ᠤᠯᠤᠰ ᠤᠨ ᠬᠦᠯᠦᠨ | ᠪᠤᠶᠢᠷ ᠤᠷᠤᠭᠤ ᠤᠷᠢᠳ ᠬᠤᠵᠢᠳ ᠤᠯᠠᠨ ᠴᠦᠭᠡᠨ ᠠᠳᠠᠯᠢ ᠦᠭᠡᠢ ᠪᠠᠷ ᠨᠡᠬᠦᠳᠡᠯᠯᠡᠨ ᠤᠷᠤᠭᠰᠠᠨ ᠪᠠᠶᠢᠨ᠎ᠠ᠃ | ᠮᠤᠩᠭᠤᠯ ᠤᠯᠤᠰ ᠲᠤ ᠤᠴᠢᠭᠰᠠᠨ ᠨᠢ 1920 ᠤᠨ ᠠᠴᠠ 1923 ᠤᠨ ᠬᠦᠷᠳᠡᠯ᠎ᠠ ᠮᠤᠩᠭᠤᠯ ᠤᠯᠤᠰ ᠤᠨ ᠬᠠᠷᠢᠶᠠᠳᠤ ᠪᠤᠯᠤᠨ ᠲᠠᠭᠠᠷ᠎ᠠ ᠤᠷᠤᠭᠠᠳ | ᠰᠡᠯᠡᠩᠭᠡ ᠶᠢᠨ ᠬᠤᠰᠢᠭᠤ᠂ ᠮᠠᠯᠠᠭᠠᠡᠷ ᠠᠭᠤᠯᠠ ᠶᠢᠨ ᠬᠤᠰᠢᠭᠤ᠂ ᠶᠡᠷᠥᠭᠡ ᠭᠤᠤᠯ᠂ ᠤᠨᠤᠨ ᠭᠤᠤᠯ᠂ ᠤᠯᠵᠠ ᠭᠤᠤᠯ ᠤᠨ ᠬᠤᠰᠢᠭᠤ᠂ ᠬᠠᠯᠬ᠎ᠠ ᠭᠤᠤᠯ ᠤᠨ | ᠬᠤᠰᠢᠭᠤ ︵ᠨᠦᠮᠤᠷᠭᠡ ᠶᠢᠨ ᠭᠤᠤᠯ︶ ᠭᠡᠮᠡᠨ 6 ᠪᠤᠷᠢᠶᠠᠳ ᠭᠤᠰᠢᠭᠤ ᠪᠤᠯᠤᠨ ᠪᠠᠶᠢᠭᠤᠯᠤᠭᠳᠠᠵᠤ ᠲᠦᠪᠬᠢᠨᠡᠭᠰᠡᠨ ᠪᠥᠭᠡᠳ ᠨᠠᠶᠢᠳᠠ 4600 ᠭᠠᠷᠤᠢ ᠡᠷᠥᠭᠡ᠂ | 16000 ᠭᠠᠷᠤᠢ ᠬᠦᠮᠤᠨ ᠠᠮᠠ ᠪᠠᠶᠢᠪᠡ᠃ ᠠᠭ᠎ᠠ ᠶᠢᠨ ᠬᠠᠷᠢᠶ᠎ᠠ ᠤᠨᠤᠨ᠂ ᠪᠤᠤᠷᠵᠢ᠂ ᠲᠠᠷᠢ᠂ ᠦᠯᠢᠷᠡᠩᠭᠡ ᠨᠤᠳᠤᠭ ᠤᠳ ᠤᠨ ᠨᠢᠭᠡ ᠪᠦᠯᠦᠭ ᠪᠤᠷᠢᠶᠠᠳ ᠤᠳ | 1910 ᠊ᠭᠠᠳ ᠤᠨ ᠤ ᠰᠡᠬᠦᠯᠴᠢ ᠪᠡ 1920 ᠊ᠭᠠᠳ ᠤᠨ ᠤ ᠬᠤᠭᠤᠷᠤᠡᠳᠤ ᠬᠢᠯᠢ ᠲᠠᠪᠠᠵᠤ᠂ ᠲᠤᠮᠳᠠᠳᠤ ᠤᠯᠤᠰ ᠤᠨ ᠬᠦᠯᠦᠨ ᠪᠤᠶᠢᠷ ᠲᠤ ᠨᠡᠬᠦᠳᠡᠯᠯᠡᠨ ᠢᠷᠡᠵᠤ | ᠂ ᠠᠩᠬᠠᠨ ᠠᠴᠠ ᠪᠠᠨ ᠪᠤᠷᠢᠶᠠᠳ ᠤᠳ ᠲᠠᠢ ᠤᠳᠤᠮ ᠤᠭᠰᠠᠭ᠎ᠠ ᠨᠢᠭᠡ ᠲᠠᠢ ᠤᠪᠤᠭ ᠬᠠᠯᠠ ᠪᠠᠷ ᠠᠳᠠᠯᠢ ᠬᠠᠭᠤᠴᠢᠨ᠂ ᠰᠢᠨ᠎ᠠ ᠪᠠᠷᠭᠤ ᠮᠤᠩᠭᠤᠯᠴᠤᠳ ᠤᠨ ᠲᠠᠮᠵᠢᠯᠭᠡ | ᠬᠠᠷᠠᠭᠠᠯᠵᠠᠯ ᠢ ᠬᠦᠷᠳᠡᠵᠤ᠂ 1921 ᠤᠨ ᠳᠤ ᠰᠢᠨᠡᠭᠡᠨ ᠭᠤᠤᠯ᠂ ᠢᠮᠢᠨ ᠭᠤᠤᠯ ᠲᠠᠭᠠᠤ ᠰᠠᠭᠤᠷᠢᠰᠢᠨ᠂ ᠲᠤᠮᠳᠠᠳᠤ ᠶᠢᠨ ᠬᠠᠷᠢᠶᠠᠳᠤ ᠪᠤᠯᠵᠤ᠂ ᠰᠢᠨᠡᠭᠡᠨ | ᠪᠤᠷᠢᠶᠠᠳ ᠬᠤᠰᠢᠭᠤ ᠭᠡᠮᠡᠨ ᠪᠠᠶᠢᠭᠤᠯᠤᠭᠳᠠᠵᠤ᠂ ᠤᠤᠯ ᠤᠨ ᠰᠠᠭᠤᠭᠠᠯᠢ ᠲᠠᠭᠤᠷ᠂ ᠦᠭᠡᠯᠡᠳ᠂ ᠡᠸᠡᠩᠬᠢ ᠶᠢᠨ ᠠᠷᠠᠳ ᠲᠦᠮᠡᠨ ᠤ ᠲᠠᠮᠵᠢᠯᠭᠡ ᠲᠤᠰᠠᠯᠠᠮᠵᠢ ᠪᠠᠷ | ᠲᠠᠳᠡᠨ ᠲᠠᠢ ᠪᠦᠯᠬᠦᠮᠳᠠᠨ ᠬᠠᠮᠳᠤ ᠪᠠᠷ ᠨᠤᠳᠤᠭᠰᠢᠨ ᠰᠠᠭᠤᠵᠤ᠂ ᠰᠢᠨᠡᠭᠡᠨ ᠤ ᠪᠤᠷᠢᠶᠠᠳ ᠭᠡᠮᠡᠨ ᠨᠡᠷᠡᠶᠢᠳᠥᠭᠳᠡᠵᠤ 90 ᠭᠠᠷᠤᠢ ᠵᠢᠯ ᠪᠤᠯᠤᠭᠰᠠᠨ ᠪᠠᠶᠢᠨ᠎ᠠ᠃ | | | ᠵᠣᠬᠢᠶᠠᠭᠴᠢ᠄ ᠬᠤᠸᠠᠰᠠᠢ ᠊ ᠴᠤᠭᠳᠤ ᠶᠢᠨ ᠵᠠᠮᠰᠤ |