ᠰᠢᠨ᠎ᠡ ᠪᠠᠷᠭᠤᠴᠤᠳ ᠰᠡᠴᠡᠨ ᠬᠠᠨ ᠠᠶᠢᠮᠠᠬ ᠤᠨ ᠠᠯᠢ ᠬᠤᠰᠢᠭᠤᠳ ᠠᠴᠠ ᠢᠷᠡᠭᠰᠡᠨ ᠪᠤᠢ
ᠨᠡᠶᠢᠲᠡᠯᠡᠭᠰᠡᠨ ᠴᠠᠭ᠄
2024/11/6
    ᠬᠦᠯᠤᠨ ᠪᠤᠶᠢᠷ ᠬᠤᠳᠠ ᠶᠢᠨ ᠪᠠᠷᠭᠤᠴᠤᠳ ᠢ ᠬᠦᠯᠤᠨ ᠪᠤᠶᠢᠷ ᠲᠤ 1732 ᠤᠨ ᠳᠤ ᠢᠷᠡᠭᠰᠡᠨ ᠢ ᠨᠢ ᠬᠠᠭᠤᠴᠢᠨ ᠪᠠᠷᠭᠤ ᠭᠡᠵᠤ᠂ 1734 ᠤᠨ ᠳᠤ ᠢᠷᠡᠭᠰᠡᠨ ᠢ ᠨᠢ ᠰᠢᠨ᠎ᠡ ᠪᠠᠷᠭᠤ ᠭᠡᠵᠤ ᠨᠡᠷᠡᠯᠡᠳᠡᠭ᠃ ᠮᠠᠨ ᠤ ᠤᠷᠤᠨ ᠤ ᠭᠤᠤᠯ ᠴᠤᠬᠴᠠ ᠪᠤᠯᠬᠤ ᠦᠨᠳᠤᠰᠤᠳᠡᠨ ᠨᠢ ᠬᠡᠯᠡᠯᠭᠡᠨ ᠦᠭᠡᠢ ᠮᠤᠩᠭᠤᠯ ᠦᠨᠳᠤᠰᠤᠳᠡᠨ ᠪᠤᠯᠤᠨ᠎ᠠ᠃ ᠲᠡᠭᠡᠪᠡᠯ ᠬᠦᠯᠤᠨ ᠪᠤᠶᠢᠷ ᠤᠨ ᠭᠤᠤᠯ ᠴᠤᠭᠴᠠ ᠦᠨᠳᠤᠰᠤᠳᠡᠨ ᠶᠠᠰᠤᠳᠠᠨ ᠤ ᠲᠤᠪᠤᠶᠢᠬᠰᠠᠨ ᠤᠨᠴᠠᠯᠢᠬ ᠢ ︽ᠲᠦᠷᠪᠡᠨ ᠴᠦᠬᠡᠨ ᠲᠤᠭᠠᠳᠤ ᠦᠨᠳᠤᠰᠤᠳᠡᠨ ᠭᠤᠷᠪᠠᠨ ᠶᠠᠰᠤᠳᠠᠨ︾ ᠭᠡᠵᠤ ᠲᠤᠪᠴᠢᠯᠠᠨ ᠲᠡᠮᠳᠡᠭᠯᠡᠵᠤ ᠪᠤᠯᠤᠨ᠎ᠠ᠃     ᠭᠤᠷᠪᠠᠨ ᠶᠠᠰᠤᠳᠠᠨ ᠤ ᠭᠤᠤᠯ ᠴᠤᠭᠴᠠ ᠪᠤᠯᠬᠤ ᠪᠠᠷᠭᠤ ᠶᠠᠰᠤᠳᠠᠨ 33423 ᠬᠦᠮᠤᠨ ᠠᠮᠠ ᠲᠠᠢ ᠪᠢᠯᠡ᠃ ᠡᠭᠦᠨ ᠤ ᠲᠤᠳᠤᠷ᠎ᠠ ᠰᠢᠨ᠎ᠡ ᠪᠠᠷᠭᠤ ᠶᠢᠨ ᠬᠦᠮᠤᠨ ᠠᠮᠠ ᠨᠢ 25250 ᠪᠠᠶᠢᠬᠤ ᠪᠦᠭᠡᠳ ᠡᠳᠡᠭᠡᠷ ᠬᠦᠮᠤᠰ ᠨᠢ 1734 ᠤᠨ ᠳᠤ ᠰᠡᠴᠡᠨ ᠬᠠᠨ ᠠᠶᠢᠮᠠᠬ ᠤᠨ ᠪᠠᠶᠢᠰᠠ ᠵᠠᠩᠴᠢᠪᠳᠤᠷᠵᠢ᠂ ᠬᠦᠡᠭ ᠱᠠᠬᠳᠠᠷᠵᠠᠪ᠂ ᠪᠠᠶᠢᠰᠠ ᠸᠠᠩᠵᠢᠯ᠂ ᠸᠠᠩ ᠲᠤᠷᠵᠢᠵᠠᠯ ᠨᠠᠷ ᠤᠨ ᠬᠤᠰᠢᠭᠤᠨ ᠠᠴᠠ ᠨᠡᠭᠦᠵᠤ ᠢᠷᠡᠭᠰᠡᠨ 2400 ᠴᠡᠷᠢᠭ ᠡᠷᠡᠰ ᠪᠤᠯᠤᠨ ᠲᠡᠳᠡᠨ ᠤ ᠭᠡᠷ ᠪᠦᠯᠢ ᠶᠢᠨ ᠬᠢᠨ ᠤ ᠦᠷ᠎ᠡ ᠬᠤᠶᠢᠴᠢᠰ ᠪᠤᠯᠤᠨ᠎ᠠ᠃ ᠡᠳᠡᠭᠡᠷ ᠵᠤᠨ ᠤ ᠲᠡᠭᠡᠳᠤᠰ ᠨᠢ ︽ᠪᠠᠶᠢᠭᠠᠯ ᠨᠠᠭᠤᠷ᠂ ᠤᠢᠢᠬᠤᠨ ᠠᠷᠠᠯ ᠤᠷᠴᠢᠮ ᠢᠶᠠᠷ ᠪᠠᠶᠢᠬᠰᠠᠨ ᠤᠭ ᠨᠤᠳᠤᠭ ᠠᠴᠠ ᠪᠠᠨ ᠤᠷᠤᠰ ᠤᠨ ᠲᠦᠷᠢᠯᠳᠡ ᠠᠴᠠ ᠪᠤᠯᠵᠤ ᠬᠠᠯᠬ᠎ᠠ ᠶᠢᠨ ᠰᠡᠴᠡᠨ ᠬᠠᠨ ᠤ ᠨᠤᠳᠤᠭ ᠲᠤ 1660 ᠊ᠭᠠᠳ ᠤᠨ ᠳᠤ ᠢᠷᠡᠵᠤ ᠰᠠᠭᠤᠭᠠᠳ ᠪᠠᠰᠠ ᠬᠤᠶᠢᠰᠢ ᠪᠠᠨ ᠤᠷᠤᠰ ᠤᠨ ᠰᠢᠨ᠎ᠡ ᠪᠠᠷ ᠪᠠᠷᠢᠬᠰᠠᠨ ᠰᠢᠪᠡᠭᠡ ᠰᠠᠭᠤᠷᠢᠨ ᠳᠤ ᠠᠯᠪᠠ ᠦᠭᠴᠤ ᠡᠬᠢᠯᠡᠭᠰᠡᠨ ᠢ ᠳ᠋ᠠᠢ ᠬᠤᠨᠭ᠌ ᠲᠠᠶᠢᠵᠢ ᠪᠤᠶᠤ ᠱᠤᠯᠤᠢ ᠶᠢᠨ ᠬᠦᠤ ᠠᠨᠠᠨᠳᠠ᠂ ᠡᠷᠬᠡ ᠲᠠᠯᠠᠢ ᠶᠢᠨ ᠬᠤᠨᠭ᠌ ᠲᠠᠶᠢᠵᠢ ᠶᠢᠨ ᠬᠦᠤ ᠭᠤᠨᠭ᠍ᠭᠤᠷ ᠳ᠋ᠠᠢ ᠬᠤᠨᠭ᠌ ᠲᠠᠶᠢᠵᠢ ᠨᠠᠷ ᠬᠤᠷᠢᠶᠠᠨ ᠠᠪᠤᠬᠰᠠᠨ᠃ ᠮᠦᠨ ᠤᠳᠠᠯ ᠦᠭᠡᠢ 1675 ᠤᠨ ᠳᠤ ᠪᠤᠴᠠᠵᠤ ᠤᠷᠤᠰ ᠲᠤ ᠲᠠᠭᠠᠨ ᠪᠠᠶᠢᠭᠠᠯ ᠨᠠᠭᠤᠷ ᠤᠨ ᠬᠤᠶᠠᠷ ᠲᠠᠯ᠎ᠠ ᠪᠠᠷ ᠰᠠᠭᠤᠬᠤ ᠪᠤᠯᠤᠬᠰᠠᠨ᠃ 1692 ᠤᠨ ᠳᠤ ᠲᠠᠬᠢᠨ ᠲᠠᠯᠠᠢ ᠬᠤᠨᠭ᠌ ᠲᠠᠶᠢᠵᠢ ᠪᠤᠶᠤ ᠠᠨᠠᠨᠳᠠ ᠳᠤ ᠲᠠᠭᠠᠵᠤ ᠵᠠᠬᠢᠷᠤᠬᠳᠠᠬᠤ ᠪᠤᠯᠤᠬᠰᠠᠨ ᠵᠡᠷᠭᠡ ᠪᠠᠷ ᠪᠠᠷᠭᠤ ᠰᠡᠭᠦᠯᠳᠡᠵᠤ ᠢᠷᠡᠭᠡᠳ ᠤᠷᠤᠰ — ᠴᠢᠩ ᠤᠯᠤᠰ ᠤᠨ ᠬᠤᠭᠤᠷᠤᠨᠳᠤ ᠭᠤᠶᠢᠪᠢᠵᠤ ᠶᠡᠬᠡᠬᠡᠨ ᠨᠡᠭᠦᠳᠡᠯ ᠬᠦᠳᠡᠯᠭᠡᠭᠡᠨ ᠲᠠᠢ ᠪᠠᠶᠢᠬᠰᠠᠨ ᠢ ᠮᠡᠳᠡᠵᠤ ᠪᠤᠯᠬᠤ ᠪᠠᠶᠢᠨ᠎ᠠ᠃︾ ︵1︶ ᠭᠡᠵᠤ ᠲᠡᠮᠳᠡᠭᠯᠡᠭᠰᠡᠨ ᠠᠴᠠ ᠰᠢᠨ᠎ᠡ ᠪᠠᠷᠭᠤᠴᠤᠳ ᠤᠨ ᠲᠡᠭᠡᠳᠤᠰ ᠪᠠᠶᠢᠭᠠᠯ ᠨᠠᠭᠤᠷ ᠤᠷᠤᠨ ᠠᠴᠠ ᠰᠠᠯᠤᠬᠰᠠᠨ ᠴᠠᠬ ᠬᠤᠭᠤᠴᠠᠭ᠎ᠠ᠂ ᠰᠡᠴᠡᠨ ᠬᠠᠨ ᠳᠤ ᠤᠷᠤᠵᠤ ᠭᠠᠷᠴᠤ ᠪᠠᠶᠢᠬᠰᠠᠨ ᠪᠠ ᠤᠷᠤᠰᠢᠨ ᠰᠠᠭᠤᠬᠰᠠᠨ ᠴᠠᠬ ᠬᠤᠭᠤᠴᠠᠭ᠎ᠠ ᠶᠢ ᠮᠡᠳᠡᠵᠤ ᠪᠤᠯᠤᠨ᠎ᠠ᠃     ᠰᠢᠨ᠎ᠡ ᠪᠠᠷᠭᠤ ᠶᠢᠨ ᠲᠡᠭᠡᠳᠤᠰ ᠬᠠᠯᠬ᠎ᠠ ᠶᠢᠨ ᠰᠡᠴᠡᠨ ᠬᠠᠨ ᠠᠶᠢᠮᠠᠬ ᠤᠨ ᠨᠤᠳᠤᠭ ᠲᠤ ᠤᠷᠤᠰᠢᠨ ᠰᠠᠭᠤᠬᠤ ᠳᠠᠭᠠᠨ ᠲᠦᠷᠪᠡᠨ ᠬᠤᠰᠢᠭᠤᠨ ᠳᠤ ᠬᠠᠷᠢᠶᠠᠯᠠᠬᠳᠠᠨ ᠠᠵᠤ ᠲᠦᠷᠤᠨ ᠠᠮᠢᠳᠤᠷᠠᠵᠤ ᠪᠠᠶᠢᠬᠰᠠᠨ ᠠᠵᠢ᠃     ᠲᠤᠬᠠᠢ ᠶᠢᠨ ᠦᠶ᠎ᠡ ᠳᠤ ︽ᠲᠠᠶᠢᠴᠢᠩ ᠤᠯᠤᠰ ᠤᠨ ᠡᠩᠬᠡ ᠠᠮᠤᠭᠤᠯᠠᠩ ᠬᠠᠭᠠᠨ 1691 ᠤᠨ ᠤ 5 ᠰᠠᠷ᠎ᠠ ᠶᠢᠨ 1 ᠤ ᠡᠳᠤᠷ᠂ ᠦᠪᠤᠷ ᠮᠤᠩᠭᠤᠯ ᠤᠨ ᠲᠤᠯᠤᠨ ᠨᠠᠭᠤᠷ ᠲᠤ ᠴᠢᠭᠤᠯᠭᠠᠨ ᠬᠢᠪᠡ᠃ ᠡᠨᠡᠬᠦ ᠴᠢᠭᠤᠯᠭᠠᠨ ᠲᠡᠭᠡᠷ᠎ᠡ ᠬᠠᠯᠬ᠎ᠠ ᠶᠢ ᠪᠠᠰᠠ ᠦᠪᠤᠷ ᠮᠤᠩᠭᠤᠯ ᠤᠨ 49 ᠬᠤᠰᠢᠭᠤ ᠲᠠᠢ ᠠᠳᠠᠯᠢ ᠪᠠᠷ ᠴᠢᠭᠤᠯᠭᠠᠨ᠂ ᠬᠤᠰᠢᠭᠤ᠂ ᠰᠤᠮᠤ ᠬᠤᠪᠢᠶᠠᠭᠠᠳ 30 ᠬᠤᠰᠢᠭᠤ ᠵᠠᠰᠠᠬ ᠪᠠᠶᠢᠭᠤᠯᠤᠨ ᠲᠤᠰ ᠲᠤᠰ ᠲᠤᠨᠢ ᠵᠠᠰᠠᠬ ᠤᠨ ᠨᠤᠶᠠᠨ ᠲᠤᠮᠢᠯᠠᠵᠤ᠂ ᠤᠯᠠᠮᠵᠢᠯᠠᠯ ᠪᠦᠬᠦᠢ ᠬᠠᠭᠤᠴᠢᠨ ᠬᠡᠷᠬᠡᠮ ᠴᠤᠯᠠ ᠶᠢ ᠦᠭᠡᠷᠡᠴᠢᠯᠡᠨ ᠸᠠᠩ᠂ ᠪᠠᠶᠢᠯᠠ᠂ ᠪᠠᠶᠢᠰᠠ᠂ ᠬᠦᠡᠭ ᠭᠡᠵᠤ ᠲᠠᠭᠤᠳᠠᠬᠤ ᠪᠤᠯᠪᠠ᠃ ᠡᠩᠬᠡ ᠠᠮᠤᠭᠤᠯᠠᠩ ᠬᠠᠭᠠᠨ ᠤ ᠲᠠᠷᠠᠭ᠎ᠠ ᠨᠠᠶᠢᠷᠠᠯᠳᠤ ᠲᠦᠪ ᠬᠠᠭᠠᠨ ᠪᠤᠯᠤᠨ ᠲᠡᠭᠷᠢ ᠲᠡᠳᠭᠦᠭᠴᠢ ᠬᠠᠭᠠᠨ ᠤ ᠦᠶ᠎ᠡ ᠳᠤ ᠬᠠᠯᠬ᠎ᠠ ᠶᠢᠨ ᠬᠤᠰᠢᠭᠤ ᠵᠠᠰᠠᠬ ᠢ ᠲᠠᠬᠢᠨ ᠲᠠᠬᠢᠨ ᠨᠡᠮᠡᠵᠤ ᠪᠠᠶᠢᠭᠤᠯᠤᠬᠰᠠᠭᠠᠷ 86 ᠬᠤᠰᠢᠭᠤ ᠪᠤᠯᠭᠠᠵᠤ 4 ᠴᠢᠭᠤᠯᠭᠠᠨ ᠳᠤ ᠪᠠᠭᠳᠠᠭᠠᠪᠠ᠃ ᠬᠠᠨ ᠠᠭᠤᠯᠠ ᠶᠢᠨ ᠴᠢᠭᠤᠯᠭᠠᠨ ᠳᠤ᠄ ᠲᠦᠰᠢᠶᠡᠳᠤ ᠬᠠᠨ ᠠᠶᠢᠮᠠᠬ ᠤᠨ 20 ᠬᠤᠰᠢᠭᠤ ᠶᠢ ᠪᠠᠭᠳᠠᠭᠠᠵᠤ᠂ ᠬᠠᠯᠬ᠎ᠠ ᠶᠢᠨ ᠤᠮᠠᠷᠠᠳᠤ ᠵᠠᠮ ᠭᠡᠵᠤ ᠨᠡᠷᠡᠶᠢᠳᠪᠡ᠃ ᠴᠡᠴᠡᠷᠯᠢᠭ ᠤᠨ ᠴᠢᠭᠤᠯᠭᠠᠨ ᠳᠤ᠄ ᠰᠠᠶᠢᠨ ᠨᠤᠶᠠᠨ ᠬᠠᠨ ᠠᠶᠢᠮᠠᠬ 24 ᠬᠤᠰᠢᠭᠤ ᠶᠢ ᠪᠠᠭᠳᠠᠭᠠᠵᠤ᠂ ᠬᠠᠯᠬ᠎ᠠ ᠶᠢᠨ ᠲᠤᠮᠳᠠᠳᠤ ᠵᠠᠮ ᠭᠡᠵᠤ ᠨᠡᠷᠡᠶᠢᠳᠪᠠ᠃ ᠬᠡᠷᠤᠯᠤᠨ ᠤ ᠪᠠᠷᠰ ᠬᠤᠳᠠᠨ ᠤ ᠴᠢᠭᠤᠯᠭᠠᠨ ᠳᠤ᠄ ᠵᠠᠰᠠᠬᠳᠤ ᠬᠠᠨ ᠠᠶᠢᠮᠠᠬ ᠤᠨ 19 ᠬᠤᠰᠢᠭᠤ ᠶᠢ ᠪᠠᠭᠳᠠᠭᠠᠵᠤ᠂ ᠬᠠᠯᠬ᠎ᠠ ᠶᠢᠨ ᠦᠷᠤᠨᠠᠳᠤ ᠵᠠᠮ ᠭᠡᠵᠤ ᠨᠡᠷᠡᠶᠢᠳᠪᠡ︾ ︵2︶ ᠭᠡᠰᠡᠨ ᠲᠤᠳᠤᠷᠬᠠᠢ ᠲᠡᠮᠳᠡᠭᠯᠡᠯ ᠪᠤᠢ᠃ ᠲᠡᠭᠡᠪᠡᠯ᠂ ᠬᠠᠯᠬ᠎ᠠ ᠶᠢᠨ ᠡᠨᠡᠬᠦ 86 ᠬᠤᠰᠢᠭᠤᠨ ᠤ ᠲᠤᠳᠤᠷ᠎ᠠ ᠠᠴᠠ ᠰᠢᠨ᠎ᠡ ᠪᠠᠷᠭᠤ ᠶᠢᠨ ᠲᠡᠭᠡᠳᠤᠰ ᠤᠨ ᠵᠠᠬᠢᠷᠤᠬᠳᠠᠵᠤ ᠪᠠᠶᠢᠬᠰᠠᠨ 4 ᠬᠤᠰᠢᠭᠤ ᠶᠢ ᠲᠤᠳᠤᠷᠬᠠᠢᠢᠯᠠᠨ ᠢᠯᠭᠠᠵᠤ ᠲᠠᠶᠢᠯᠪᠤᠷᠢᠯᠠᠪᠠᠯ ᠲᠤᠤᠷᠠᠬᠢ ᠮᠡᠳᠤ᠄     ᠨᠢᠭᠡ᠂ ᠲᠤᠷᠤᠨ᠎ᠠ ᠵᠠᠮ ᠤᠨ ᠲᠤᠮᠳᠠᠳᠤ ᠡᠮᠤᠨᠡᠳᠤ ᠬᠤᠰᠢᠭᠤ     ᠲᠤᠰ ᠬᠤᠰᠢᠭᠤ ᠮᠠᠨᠵᠤ ᠶᠢᠨ ᠨᠤᠶᠠᠷᠬᠠᠯ ᠤᠨ ᠦᠶ᠎ᠡ ᠳᠤ ᠰᠡᠴᠡᠨ ᠬᠠᠨ ᠠᠶᠢᠮᠠᠬ ᠤᠨ ᠲᠤᠷᠤᠨ᠎ᠠ ᠵᠠᠮ ᠤᠨ ᠲᠤᠮᠳᠠᠳᠤ ᠡᠮᠤᠨᠡᠳᠤ ᠬᠤᠰᠢᠭᠤ ᠭᠡᠳᠡᠭ ᠨᠡᠷ᠎ᠡ ᠲᠠᠢ ᠪᠠᠶᠢᠪᠠ᠃ ᠲᠤᠰ ᠬᠤᠰᠢᠭᠤ ︽ᠪᠤᠬᠳᠠ ᠬᠠᠭᠠᠨᠳᠤ ᠮᠤᠩᠭᠤᠯ ᠤᠯᠤᠰ ᠤᠨ ᠦᠶ᠎ᠡ ᠳᠤ ᠰᠡᠴᠡᠨ ᠬᠠᠨ ᠠᠶᠢᠮᠠᠬ ᠤᠨ ᠴᠢᠩ ᠠᠴᠢᠳᠤ ᠪᠠᠶᠢᠰᠠ ᠶᠢᠨ ᠬᠤᠰᠢᠭᠤ ᠨᠡᠷ᠎ᠡ ᠲᠠᠢ ᠬᠡᠳᠤ ᠬᠡᠳᠤᠨ ᠰᠤᠮᠤ᠂ ᠤᠳᠤᠭ᠂ ᠪᠠᠭ ᠲᠤ ᠬᠤᠪᠢᠶᠠᠬᠳᠠᠳᠠᠬ ᠵᠡᠭᠦᠨ ᠬᠢᠵᠠᠭᠠᠷ ᠤᠨ ᠲᠤᠮᠤᠬᠠᠨ ᠬᠤᠰᠢᠭᠤ ᠪᠠᠶᠢᠵᠠᠢ᠃ ᠠᠷᠠᠳ ᠤᠨ ᠵᠠᠰᠠᠬ ᠤᠨ ᠡᠬᠢᠨ ᠤ ᠵᠢᠯ ᠤᠳ ᠲᠤ ᠬᠠᠨ ᠬᠡᠨᠳᠠᠢ ᠠᠭᠤᠯᠠ ᠶᠢᠨ ᠠᠶᠢᠮᠠᠬ ᠤᠨ ᠪᠠᠶᠠᠨᠳᠦ᠋ᠮᠡᠨ ᠬᠠᠨ ᠠᠭᠤᠯᠠ ᠶᠢᠨ ᠬᠤᠰᠢᠭᠤ ᠬᠡᠮᠡᠨ ᠨᠡᠷᠡᠯᠡᠭᠳᠡᠨ᠂ ᠪᠠᠶᠠᠨᠮᠦ᠋ᠡᠭᠬᠡ᠂ ᠪᠤᠯᠠᠭᠠᠨ — ᠠᠭᠤᠯᠠ ᠂ ᠪᠠᠶᠠᠨ — ᠦᠨᠳᠤᠷ᠂ ᠪᠠᠶᠠᠨᠳᠡᠯᠠᠪᠠᠢ᠂ ᠪᠠᠶᠠᠠᠨᠤᠷᠪᠤᠯᠢᠨ᠂ ᠪᠠᠶᠠᠨᠵᠢᠷᠭᠠᠯᠠᠩᠳᠤ᠂ ᠪᠠᠶᠠᠨᠪᠤᠯᠠᠬ᠂ ᠪᠠᠶᠠᠨᠳᠤᠩᠪᠠᠳᠤ᠂ ᠲᠡᠯᠭᠡᠷᠮᠦ᠋ᠷᠡᠨ᠂ ᠭᠡᠰᠢᠭᠳᠡᠯᠡᠪᠠᠢ᠂ ᠸᠴᠢᠷᠮᠦ᠋ᠡᠭᠬᠡ — ᠠᠭᠤᠯᠠ ᠵᠡᠷᠭᠡ 11 ᠰᠤᠮᠤ ᠲᠠᠢ ᠪᠠᠶᠢᠵᠠᠢ᠃ ᠤᠳᠤ ᠲᠤᠷᠤᠨᠠᠳᠤ ᠠᠶᠢᠮᠠᠬ ᠤᠨ ᠪᠠᠶᠠᠨᠳᠦ᠋ᠮᠡᠨ᠂ ᠬᠡᠷᠤᠯᠤᠨ᠂ ᠪᠤᠯᠠᠭᠠᠨ᠂ ᠰᠡᠷᠭᠦᠯᠡᠩ᠂ ᠴᠦᠢᠪᠠᠯᠰᠠᠩ ᠵᠡᠷᠭᠡ ᠰᠤᠮᠤᠨ ᠳᠤ ᠪᠦᠳᠤᠨ ᠢᠶᠠᠷ᠂ ᠴᠠᠭᠠᠨ ᠤᠪᠤᠭ᠎ᠠ᠂ ᠪᠠᠶᠠᠨᠳᠤᠩ᠂ ᠪᠠᠶᠠᠨ — ᠠᠭᠤᠯᠠ ᠰᠤᠮᠤ ᠶᠢᠨ ᠵᠠᠷᠢᠮ ᠨᠤᠳᠤᠭ ᠬᠠᠭᠠᠰ ᠬᠠᠮᠢᠶᠠᠷᠴᠤ ᠪᠠᠶᠢᠨ᠎ᠠ᠃ ᠬᠤᠰᠢᠭᠤᠨ ᠤ ᠭᠠᠵᠠᠷ ᠨᠤᠳᠤᠭ ᠤᠨ ᠵᠠᠭᠠᠬ᠄ ᠬᠤᠰᠢᠭᠤ ᠨᠤᠳᠤᠭ ᠤᠨ ᠲᠡᠮᠳᠡᠭᠯᠡᠯ ᠳᠤ᠄ ︿ᠬᠤᠰᠢᠭᠤᠨ ᠤ ᠪᠠᠶᠢᠰᠠ ᠠᠨᠠᠨᠳᠠ ᠪᠠᠶᠠᠨᠮᠦ᠋ᠡᠭᠬᠡᠳᠤ ᠰᠢᠭᠧᠷ ᠬᠦᠳᠤᠯ ᠳᠤ ᠨᠤᠳᠤᠬᠯᠠᠨ᠎ᠠ᠃ ᠵᠡᠭᠦᠨ ᠮᠡᠷᠬᠡᠨ ᠬᠠᠮᠠᠷ᠂ ᠪᠠᠷᠠᠭᠤᠨᠰᠢ ᠰᠦᠨᠳᠡᠷᠳᠤ᠂ ᠡᠮᠤᠨᠡᠰᠢ ᠬᠦᠷᠡᠩ ᠬᠦᠬᠡ ᠲᠠᠷᠠᠰᠤ ᠬᠦᠷᠴᠠᠢ᠃ ᠬᠡᠷᠤᠯᠤᠨ ᠭᠤᠤᠯ ᠢ ᠬᠠᠪᠴᠢᠵᠤ ᠪᠤᠢ﹀᠂ ︿ᠵᠡᠭᠦᠨᠰᠢ ᠵᠠᠷᠭ᠎ᠠ ᠠᠭᠤᠯᠠ ᠬᠦᠷᠴᠠᠢ᠃ ᠬᠦᠯᠤᠨ ᠪᠤᠶᠢᠷ ᠯᠤᠭ᠎ᠠ ᠵᠠᠬ᠎ᠠ ᠨᠡᠶᠢᠯᠡᠨ᠎ᠡ᠃ ᠡᠮᠤᠨᠡᠰᠢ ᠬᠠᠷ᠎ᠠ ᠤᠪᠤᠭ᠎ᠠ ᠬᠦᠷᠴᠠᠢ᠃ ᠦᠢᠽᠸᠡᠭ ᠬᠦᠡᠭ ᠤᠨ ᠬᠤᠰᠢᠭᠤᠨ ᠳᠤ ᠵᠠᠬ᠎ᠠ ᠨᠡᠶᠢᠯᠡᠨ᠎ᠡ ᠃ ᠪᠠᠷᠠᠭᠤᠨᠰᠢ ᠲᠠᠶᠠᠩ ᠦᠨᠳᠤᠷ ᠬᠦᠷᠴᠠᠢ᠃ ᠰᠠᠷᠠᠭᠤᠯ ᠬᠦᠡᠭ ᠤᠨ ᠬᠤᠰᠢᠭᠤᠨ ᠳᠤ ᠵᠠᠬ᠎ᠠ ᠨᠡᠶᠢᠯᠡᠨ᠎ᠡ᠃ ᠬᠤᠶᠢᠰᠢ ᠤᠬᠳᠤᠮ ᠠᠭᠤᠯᠠ ᠬᠦᠷᠴᠠᠢ᠃ ᠬᠢᠯᠢ ᠶᠢᠨ ᠬᠠᠷᠠᠭᠤᠯ ᠯᠤᠬ᠎ᠠ ᠵᠠᠬ᠎ᠠ ᠨᠡᠶᠢᠯᠡᠨ᠎ᠡ᠃ ᠵᠡᠭᠦᠨ ᠬᠤᠶᠢᠰᠢ ᠬᠦᠬᠡ ᠨᠠᠭᠤᠷ ᠬᠦᠷᠤᠨ᠎ᠠ᠃ ᠬᠦᠯᠤᠨ ᠪᠤᠶᠢᠷ᠂ ᠬᠢᠯᠢ ᠶᠢᠨ ᠬᠠᠷᠠᠭᠤᠯ ᠬᠦᠷᠴᠠᠢ᠃ ᠪᠠᠷᠠᠭᠤᠨ ᠬᠤᠶᠢᠰᠢ ᠬᠤᠸᠠ ᠲᠤᠯᠤᠭᠠᠢ ᠬᠦᠷᠴᠠᠢ᠃ ᠰᠠᠷᠠᠭᠤᠯ ᠬᠦᠡᠭ ᠤᠨ ᠬᠤᠰᠢᠭᠤᠨ ᠳᠤ ᠵᠠᠬ᠎ᠠ ᠨᠡᠶᠢᠯᠡᠨ᠎ᠡ᠃ ᠵᠡᠭᠦᠨ ᠡᠮᠤᠨᠡᠰᠢ ᠡᠯᠡᠰᠤᠳᠤ ᠦᠨᠳᠤᠷ ᠬᠦᠷᠴᠠᠢ᠃ ᠪᠠᠷᠠᠭᠤᠨ ᠡᠮᠤᠨ᠎ᠡ ᠬᠤᠳᠠᠯᠠ ᠬᠤᠰᠢᠭᠤ ᠬᠦᠷᠴᠠᠢ᠃ ᠶᠤᠰᠤᠳᠤ ᠪᠠᠶᠢᠰᠠ ᠶᠢᠨ ᠬᠤᠰᠢᠭᠤᠨ ᠳᠤ ᠵᠠᠬ᠎ᠠ ᠨᠡᠶᠢᠯᠡᠨ᠎ᠡ﹀︾ ︵3︶ ᠭᠡᠰᠡᠨ ᠲᠡᠮᠳᠡᠭᠯᠡᠯ ᠪᠠᠶᠢᠳᠠᠬ᠃ ᠬᠤᠰᠢᠭᠤᠨ ᠤ ᠨᠤᠶᠠᠳ ᠤᠨ ᠤᠭ ᠡᠬᠢ ᠭᠡᠪᠡᠯ᠄ ᠪᠠᠶᠢᠰᠠ ᠠᠨᠠᠨᠳᠠ ︵1691 — 1696︶ — ᠲᠠᠶᠢᠵᠢ ᠭᠤᠨᠴᠤᠭ ︵1696 — 1705︶ — ᠬᠦᠡᠭ ᠴᠡᠪᠡᠯᠷᠡᠪᠳᠡᠨ ︵1705 — 1706︶ — ᠪᠠᠶᠢᠰᠠ ᠵᠠᠩᠴᠢᠪᠳᠤᠷᠵᠢ ︵1706 — 1757︶ ᠁ ᠪᠢᠯᠡ᠃ ᠰᠢᠨ᠎ᠡ ᠪᠠᠷᠭᠤ ᠶᠢᠨ ᠲᠡᠭᠡᠳᠤᠰ ᠵᠠᠩᠴᠢᠪᠳᠤᠷᠵᠢ ᠶᠢᠨ ᠬᠤᠰᠢᠭᠤᠨ ᠤ ᠵᠠᠬᠢᠷᠭ᠎ᠠ ᠪᠠᠶᠢᠬᠰᠠᠨ ᠦᠶ᠎ᠡ ᠳᠤ ᠲᠡᠭᠦᠨ ᠤ ᠬᠤᠰᠢᠭᠤᠨ ᠠᠴᠠ ᠬᠦᠯᠤᠨ ᠪᠤᠶᠢᠷ ᠲᠤ ᠢᠷᠡᠭᠰᠡᠨ ᠪᠢᠯᠡ᠃     ᠬᠤᠶᠠᠷ᠂ ᠲᠤᠷᠤᠨ᠎ᠠ ᠵᠠᠮ ᠤᠨ ᠲᠤᠮᠳᠠᠳᠤ ᠪᠠᠷᠠᠭᠤᠨ ᠬᠤᠶᠢᠳᠤ ᠬᠤᠰᠢᠭᠤ     ᠲᠤᠰ ᠬᠤᠰᠢᠭᠤ ᠮᠠᠨᠵᠤ ᠶᠢᠨ ᠨᠤᠶᠠᠷᠬᠠᠯ ᠤᠨ ᠦᠶ᠎ᠡ ᠳᠤ ᠰᠡᠴᠡᠨ ᠬᠠᠨ ᠠᠶᠢᠮᠠᠬ ᠤᠨ ᠲᠤᠷᠤᠨ᠎ᠠ ᠵᠠᠮ ᠤᠨ ᠲᠤᠮᠳᠠᠳᠤ ᠬᠤᠰᠢᠭᠤ ᠬᠡᠳᠡᠭ ᠨᠡᠷ᠎ᠡ ᠲᠠᠢ ᠪᠠᠶᠢᠪᠠ᠃ ᠲᠤᠰ ᠬᠤᠰᠢᠭᠤ ︽ᠪᠤᠬᠳᠠ ᠬᠠᠭᠠᠨᠳᠤ ᠮᠤᠩᠭᠤᠯ ᠤᠯᠤᠰ ᠤᠨ ᠦᠶ᠎ᠡ ᠳᠤ ᠰᠡᠴᠡᠨ ᠬᠠᠨ ᠠᠶᠢᠮᠠᠬ ᠤᠨ ᠲᠠᠯᠠᠢ ᠲᠠᠷᠬᠠᠨ ᠬᠦᠡᠭ ᠤᠨ ᠬᠤᠰᠢᠭᠤ ᠭᠡᠵᠤ ᠨᠡᠷᠡᠯᠡᠭᠳᠡᠭᠰᠡᠨ ᠴᠦᠬᠡᠨ ᠬᠦᠮᠤᠨ ᠠᠮᠠ ᠲᠠᠢ ᠪᠠᠭ᠎ᠠ ᠬᠤᠰᠢᠭᠤ ᠶᠠᠪᠤᠵᠠᠢ᠃ ᠠᠷᠠᠳ ᠤᠨ ᠵᠠᠰᠠᠬ ᠤᠨ ᠡᠬᠢᠨ ᠤ ᠵᠢᠯ ᠤᠳ ᠲᠤ ᠬᠠᠨ ᠬᠡᠨᠳᠠᠢ ᠠᠭᠤᠯᠠ ᠶᠢᠨ ᠠᠶᠢᠮᠠᠬ ᠤᠨ ᠬᠠᠨ ᠬᠡᠨᠳᠠᠢ ᠠᠭᠤᠯᠠ ᠶᠢᠨ ᠬᠤᠰᠢᠭᠤ ᠨᠡᠷ᠎ᠡ ᠲᠠᠢ 1 ᠰᠤᠮᠤ ᠲᠠᠢ ᠶᠠᠪᠤᠬᠰᠠᠨ ᠪᠠᠶᠢᠨ᠎ᠠ᠃ ᠤᠳᠤ ᠬᠡᠨᠳᠠᠢ ᠠᠶᠢᠮᠠᠬ ᠤᠨ ᠡᠮᠤᠨᠡᠳᠡᠯᠭᠡᠷ᠂ ᠴᠡᠩᠭᠡᠷᠮᠠᠨᠳᠠᠯ᠂ ᠲᠦᠪ ᠠᠶᠢᠮᠠᠬ ᠤᠨ ᠮᠦᠡᠭᠭᠦᠨᠮᠤᠷᠢᠳᠤ ᠰᠤᠮᠤᠳ ᠤᠨ ᠵᠠᠯᠭᠠᠭ᠎ᠠ ᠨᠤᠳᠤᠭ ᠲᠤ ᠪᠤᠢ᠃ ᠨᠤᠳᠤᠬᠯᠠᠨ ᠰᠠᠭᠤᠭᠰᠠᠨ ᠭᠠᠵᠠᠷ ᠤᠨ ᠲᠤᠬᠠᠢ᠄ ︿ᠬᠤᠰᠢᠭᠤ ᠨᠤᠳᠤᠭ ᠤᠨ ᠲᠡᠮᠳᠡᠭᠯᠡᠯ﹀ ᠳᠤ ︿ᠬᠡᠨᠳᠠᠢ ᠠᠭᠤᠯᠠ ᠶᠢᠨ ᠵᠡᠭᠦᠨᠳᠠᠢ ᠬᠡᠷᠤᠯᠤᠨ᠂ ᠤᠨᠤᠨ ᠬᠤᠶᠠᠷ ᠭᠤᠤᠯ ᠤᠨ ᠡᠬᠢᠨ ᠳᠤ ᠪᠤᠢ᠃ ᠵᠡᠭᠦᠨᠰᠢ ᠲᠡᠯᠭᠡᠷ ᠬᠠᠨ ᠠᠭᠤᠯᠠ ᠬᠦᠷᠴᠠᠢ᠃ ᠡᠮᠤᠨᠡᠰᠢ ᠪᠠᠶᠠᠨ ᠠᠭᠤᠯᠠ ᠬᠦᠷᠴᠠᠢ᠃ ᠪᠠᠷᠠᠭᠤᠨᠰᠢ ᠲᠠᠭᠠᠨᠠᠳᠤ ᠭᠤᠤᠯ ᠬᠦᠷᠴᠠᠢ᠃ ᠬᠤᠶᠢᠰᠢ ᠬᠠᠳᠠᠷ ᠭᠤᠤᠯ ᠬᠦᠷᠴᠠᠢ᠃ ᠵᠡᠭᠦᠨ ᠬᠤᠶᠢᠰᠢ ᠲᠠᠷᠠᠳ ᠭᠤᠤᠯ ᠬᠦᠷᠴᠠᠢ᠃ ᠪᠠᠷᠠᠭᠤᠨ ᠬᠤᠶᠢᠰᠢ ᠬᠡᠨᠳᠢ ᠠᠭᠤᠯᠠ ᠬᠦᠷᠴᠠᠢ᠃ ᠵᠡᠭᠦᠨ ᠡᠮᠤᠨᠡᠰᠢ ᠬᠦᠬᠡ ᠴᠢᠯᠠᠭᠤᠳᠤ ᠬᠦᠷᠴᠠᠢ᠃ ᠪᠠᠷᠠᠭᠤᠨ ᠡᠮᠤᠨᠡᠰᠢ ᠴᠡᠴᠡᠭᠳᠤ ᠨᠤᠭᠤ ᠬᠦᠷᠴᠠᠢ﹀ ᠭᠡᠵᠤ ᠪᠢᠴᠢᠭᠰᠡᠨ ᠪᠤᠢ︾ ︵4︶ ᠭᠡᠰᠡᠨ ᠲᠡᠮᠳᠡᠭᠯᠡᠯ ᠪᠠᠶᠢᠳᠠᠬ᠃ ᠬᠤᠰᠢᠭᠤᠨ ᠤ ᠨᠤᠶᠠᠳ ᠤᠨ ᠤᠭ ᠡᠬᠢ ᠭᠡᠪᠡᠯ᠄ ᠪᠠᠶᠢᠰᠠ ᠯᠤᠪᠰᠠᠩ ︵1697 — 1715︶ — ᠬᠦᠡᠭ ᠱᠠᠬᠳᠠᠷᠵᠠᠪ ︵1715 — 1730︶᠂ ︵1736 — 1742︶ ᠁ ᠪᠢᠯᠡ ︵1730 — 1736 ᠤᠨ ᠳᠤ ᠱᠠᠬᠳᠠᠷᠵᠠᠪ ᠤᠨ ᠠᠬᠠᠮᠠᠳ ᠬᠦᠪᠡᠭᠦᠨ ᠭᠧᠵᠡᠪᠡᠯ ᠵᠠᠯᠭᠠᠮᠵᠢᠯᠠᠪᠠ︶᠃ ᠰᠢᠨ᠎ᠡ ᠪᠠᠷᠭᠤ ᠶᠢᠨ ᠲᠡᠭᠡᠳᠤᠰ ᠱᠠᠬᠳᠠᠷᠵᠠᠪ ᠤᠨ ᠬᠢᠨ ᠤ ᠬᠤᠰᠢᠭᠤᠨ ᠤ ᠵᠠᠬᠢᠷᠭ᠎ᠠ ᠪᠠᠶᠢᠬᠰᠠᠨ ᠦᠶ᠎ᠡ ᠳᠤ ᠲᠡᠭᠦᠨ ᠤ ᠬᠤᠰᠢᠭᠤᠨ ᠠᠴᠠ ᠬᠦᠯᠤᠨ ᠪᠤᠶᠢᠷ ᠲᠤ ᠢᠷᠡᠭᠰᠡᠨ ᠪᠢᠯᠡ᠃     ᠭᠤᠷᠪᠠ᠂ ᠲᠤᠷᠤᠨ᠎ᠠ ᠵᠠᠮ ᠤᠨ ᠲᠤᠮᠳᠠᠳᠤ ᠠᠳᠠᠬ ᠬᠤᠰᠢᠭᠤ     ᠲᠤᠰ ᠬᠤᠰᠢᠭᠤ ᠮᠠᠨᠵᠤ ᠶᠢᠨ ᠨᠤᠶᠠᠷᠬᠠᠯ ᠤᠨ ᠦᠶ᠎ᠡ ᠳᠤ ᠰᠡᠴᠡᠨ ᠬᠠᠨ ᠠᠶᠢᠮᠠᠬ ᠤᠨ ᠲᠤᠷᠤᠨ᠎ᠠ ᠵᠠᠮ ᠤᠨ ᠲᠤᠮᠳᠠᠳᠤ ᠠᠳᠠᠬ ᠬᠤᠰᠢᠭᠤ ᠭᠡᠳᠡᠭ ᠨᠡᠷ᠎ᠡ ᠲᠠᠢ ᠪᠠᠶᠢᠪᠠ᠃ ᠲᠤᠰ ᠬᠤᠰᠢᠭᠤ ︽ᠪᠤᠬᠳᠠ ᠬᠠᠭᠠᠨᠳᠤ ᠮᠤᠩᠭᠤᠯ ᠤᠯᠤᠰ ᠤᠨ ᠦᠶ᠎ᠡ ᠳᠤ ᠰᠡᠴᠡᠨ ᠬᠠᠨ ᠠᠶᠢᠮᠠᠬ ᠤᠨ ᠪᠢᠰᠢᠷᠡᠯᠳᠤ ᠸᠠᠩ ᠤᠨ ᠬᠤᠰᠢᠭᠤ ᠭᠡᠵᠤ ᠲᠤᠳᠤᠷ᠎ᠠ ᠪᠠᠨ ᠰᠤᠮᠤ᠂ ᠤᠳᠤᠭ᠂ ᠪᠠᠭ ᠲᠤ ᠬᠤᠪᠢᠶᠠᠬᠳᠠᠵᠤ ᠶᠠᠪᠤᠪᠠ᠃ ᠠᠷᠠᠳ ᠤᠨ ᠵᠠᠰᠠᠬ ᠤᠨ ᠡᠬᠢᠨ ᠤ ᠵᠢᠯ ᠤᠳ ᠲᠤ ᠬᠠᠨ ᠬᠡᠨᠳᠠᠢ ᠠᠭᠤᠯᠠ ᠶᠢᠨ ᠭᠠᠯ ᠰᠢᠷ᠎ᠠ ᠠᠭᠤᠯᠠ ᠶᠢᠨ ᠬᠤᠰᠢᠭᠤ ᠭᠡᠵᠤ ᠨᠡᠷᠡᠯᠡᠭᠳᠡᠨ ᠪᠠᠶᠠᠨᠬᠠᠡᠭᠭᠠᠢ᠂ ᠪᠠᠶᠠᠨᠮᠦ᠋ᠡᠭᠭᠡ᠂ ᠪᠤᠳᠠᠷ᠂ ᠪᠠᠶᠠᠨᠳᠤᠪᠤᠯᠠᠬ᠂ ᠲᠡᠯᠭᠡᠷ — ᠠᠭᠤᠯᠠ᠂ ᠨᠤᠶᠠᠨ — ᠠᠭᠤᠯᠠ ᠭᠡᠭᠦ 6 ᠰᠤᠮᠤ ᠲᠠᠢ ᠪᠠᠶᠢᠪᠠ᠃ ᠬᠡᠨᠳᠠᠢ ᠠᠶᠢᠮᠠᠬ ᠤᠨ ᠭᠠᠯ ᠰᠢᠷ᠎ᠠ᠂ ᠪᠤᠶᠠᠨᠳᠤ ᠬᠤᠶᠠᠷ ᠰᠤᠮᠤ ᠪᠠᠶᠢᠭᠠᠳ ᠤᠳᠤ ᠨᠡᠶᠢᠯᠡᠭᠡᠳ ᠭᠠᠯ ᠰᠢᠷ᠎ᠠ ᠰᠤᠮᠤ ᠪᠤᠯᠵᠠᠢ᠃ ᠬᠤᠰᠢᠭᠤ ᠨᠤᠳᠤᠭ ᠤᠨ ᠬᠡᠴᠡ ᠵᠠᠭᠠᠭ ᠢ ᠬᠤᠰᠢᠭᠤ ᠨᠤᠳᠤᠭ ᠤᠨ ᠲᠡᠮᠳᠡᠭᠯᠡᠯ ᠳᠤ᠄ ᠳ᠋ᠠᠷᠢ ᠪᠤᠯᠪᠠᠰᠤ ᠦᠶ᠎ᠡ ᠤᠯᠠᠷᠢᠨ ᠬᠡᠷᠤᠯᠤᠨ ᠭᠤᠤᠯ ᠤᠨ ᠡᠮᠤᠨ᠎ᠡ ᠪᠤᠷᠤ ᠪᠤᠳᠠᠰ ᠭᠡᠭᠦ ᠭᠠᠵᠠᠷ ᠨᠤᠳᠤᠭᠯᠠᠨ ᠰᠠᠭᠤᠵᠠᠢ᠃ ᠬᠤᠰᠢᠭᠤᠨ ᠤ ᠪᠠᠶᠢᠰᠠ ᠳ᠋ᠠᠷᠢ ᠴᠠᠭᠠᠨ ᠪᠤᠯᠠᠬ ᠲᠤ ᠨᠤᠳᠤᠭᠯᠠᠨ᠎ᠠ᠃ ᠵᠡᠭᠦᠨᠰᠢ ᠪᠤᠷᠤ ᠶᠢᠨ ᠵᠠᠬ᠎ᠠ ᠬᠢᠯᠢ᠂ ᠪᠠᠷᠠᠭᠤᠨᠰᠢ ᠰᠤᠮᠤᠨ ᠬᠠᠳᠠ᠂ ᠡᠮᠤᠨᠡᠰᠢ ᠴᠠᠭᠠᠨ ᠤᠰᠤ ᠮᠠᠷᠰᠠᠳᠠᠢ᠂ ᠬᠤᠶᠢᠰᠢ ᠲᠠᠯ᠎ᠠ ᠪᠤᠯᠠᠬ ᠬᠦᠷᠴᠠᠢ ᠭᠡᠭᠦ ᠪᠤᠶᠤ ᠪᠠᠰᠠ ᠦᠭᠡᠷ᠎ᠡ ᠪᠠᠷ ᠵᠡᠭᠦᠨᠰᠢ ᠴᠠᠬᠤ ᠪᠤᠯᠠᠬ᠂ ᠡᠮᠤᠨᠡᠰᠢ ᠦᠨᠳᠤᠷ ᠬᠠᠷ᠎ᠠ ᠲᠤᠯᠤᠭᠠᠢ᠂ ᠪᠠᠷᠠᠭᠤᠨᠰᠢ ᠨᠡᠭᠦᠷᠡᠰᠤ ᠲᠠᠢ ᠤᠰᠤ᠂ ᠬᠤᠶᠢᠰᠢ ᠬᠦᠳᠡᠭᠡᠨ ᠡᠯᠢᠶ᠎ᠡ ᠠᠭᠤᠯᠠ᠂ ᠵᠡᠭᠦᠨ ᠬᠤᠶᠢᠰᠢ ᠶᠡᠭᠡ ᠨᠡᠷᠡᠳᠤ ᠠᠭᠤᠯᠠ᠂ ᠪᠠᠷᠠᠭᠤᠨ ᠬᠤᠶᠢᠰᠢ ᠡᠷᠬᠢᠨᠡᠭ ᠠᠭᠤᠯᠠ᠂ ᠵᠡᠭᠦᠨ ᠡᠮᠤᠨᠡᠰᠢ ᠠᠭᠤᠰᠬᠢ ᠶᠢᠨ ᠠᠭᠤᠯᠠ᠂ ᠪᠠᠷᠠᠭᠤᠨ ᠡᠮᠤᠨᠡᠰᠢ ᠴᠠᠭᠠᠨ ᠬᠦᠳᠤᠯ ᠬᠦᠷᠴᠠᠢ ᠭᠡᠵᠤ ᠪᠢᠴᠢᠭᠰᠡᠨ ᠪᠤᠢ︾ ︵5︶ ᠭᠡᠰᠡᠨ ᠲᠡᠮᠳᠡᠭᠯᠡᠯ ᠪᠠᠶᠢᠳᠠᠬ᠃ ᠬᠤᠰᠢᠭᠤᠨ ᠤ ᠨᠤᠶᠠᠳ ᠤᠨ ᠤᠭ ᠡᠬᠢ ᠭᠡᠪᠡᠯ᠄ ᠪᠠᠶᠢᠰᠠ ᠳ᠋ᠠᠷᠢ ︵1691 — 1692︶ — ᠪᠠᠶᠢᠰᠠ ᠠᠬᠠᠢ ᠴᠧᠮᠪᠡᠯ ︵1692 — 1701︶ — ᠪᠠᠶᠢᠰᠠ ᠷᠠᠪᠳᠠᠨ ︵1701 — 1732︶ — ᠪᠠᠶᠢᠰᠠ ᠸᠠᠩᠵᠢᠯ ︵1732 — 1762︶ ᠁ ᠪᠢᠯᠡ᠃ ᠰᠢᠨ᠎ᠡ ᠪᠠᠷᠭᠤ ᠶᠢᠨ ᠲᠡᠭᠡᠳᠤᠰ ᠸᠠᠩᠵᠢᠯ ᠤᠨ ᠬᠤᠰᠢᠭᠤᠨ ᠤ ᠵᠠᠬᠢᠷᠭ᠎ᠠ ᠪᠠᠶᠢᠬᠰᠠᠨ ᠦᠶ᠎ᠡ ᠳᠤ ᠲᠡᠭᠦᠨ ᠤ ᠬᠤᠰᠢᠭᠤᠨ ᠠᠴᠠ ᠬᠦᠯᠤᠨ ᠪᠤᠶᠢᠷ ᠲᠤ ᠢᠷᠡᠭᠰᠨᠨ ᠪᠢᠯᠡ᠃     ᠲᠦᠷᠪᠡ᠂ ᠲᠤᠷᠤᠨ᠎ᠠ ᠵᠠᠮ ᠤᠨ ᠵᠡᠭᠦᠨ ᠭᠠᠷᠤᠨ ᠲᠤᠮᠳᠠᠳᠤ ᠬᠤᠰᠢᠭᠤ     ᠲᠤᠰ ᠬᠤᠰᠢᠭᠤ ᠮᠠᠨᠵᠤ ᠶᠢᠨ ᠨᠤᠶᠠᠷᠬᠠᠯ ᠤᠨ ᠦᠶ᠎ᠡ ᠳᠤ ᠰᠡᠴᠡᠨ ᠬᠠᠨ ᠠᠶᠢᠮᠠᠬ ᠤᠨ ᠲᠤᠷᠤᠨ᠎ᠠ ᠵᠠᠮ ᠤᠨ ᠵᠡᠭᠦᠨ ᠭᠠᠷᠤᠨ ᠲᠤᠮᠳᠠᠳᠤ ᠬᠤᠰᠢᠭᠤ ᠭᠡᠳᠡᠭ ᠨᠡᠷ᠎ᠡ ᠲᠠᠢ ᠪᠠᠶᠢᠪᠠ᠃ ᠲᠤᠰ ᠬᠤᠰᠢᠭᠤ ︽ᠪᠤᠬᠳᠠ ᠬᠠᠭᠠᠨᠳᠤ ᠮᠤᠩᠭᠤᠯ ᠤᠯᠤᠰ ᠤᠨ ᠦᠶ᠎ᠡ ᠳᠤ ᠰᠡᠴᠡᠨ ᠬᠠᠨ ᠠᠶᠢᠮᠠᠬ ᠤᠨ ᠬᠤᠱᠤᠢ ᠴᠢᠨ ᠸᠠᠩ ᠤᠨ ᠬᠤᠰᠢᠭᠤ ᠭᠡᠵᠤ ᠨᠡᠷᠡᠯᠡᠭᠳᠡᠨ᠂ ᠰᠤᠮᠤ᠂ ᠤᠳᠤᠭ ᠲᠤ ᠬᠤᠪᠢᠶᠠᠬᠳᠠᠵᠤ ᠪᠠᠶᠢᠪᠠ᠃ ᠠᠷᠠᠳ ᠤᠨ ᠵᠠᠰᠠᠬ ᠤᠨ ᠡᠬᠢᠨ ᠤ ᠵᠢᠯ ᠤᠳ ᠲᠤ ᠬᠠᠨ ᠬᠡᠨᠳᠠᠢ ᠠᠶᠢᠮᠠᠬ ᠤᠨ ᠲᠦᠮᠡᠨᠴᠤᠬᠳᠤ ᠠᠭᠤᠯᠠ ᠶᠢᠨ ᠬᠤᠰᠢᠭᠤ ᠭᠡᠵᠤ ᠨᠡᠷᠡᠯᠡᠭᠳᠡᠨ ᠵᠢᠪᠬᠤᠯᠠᠩ — ᠤᠪᠤᠭ᠎ᠠ᠂ ᠴᠠᠭᠠᠨ — ᠤᠪᠤᠭ᠎ᠠ ᠬᠤᠶᠠᠷ ᠰᠤᠮᠤ ᠲᠠᠢ ᠶᠠᠪᠤᠵᠤ ᠪᠠᠶᠢᠭᠠᠳ 1926 ᠤᠨ ᠳᠤ ᠮᠦᠡᠭᠬᠡ ᠬᠠᠨ ᠠᠭᠤᠯᠠ ᠶᠢᠨ ᠬᠤᠰᠢᠭᠤᠨ ᠳᠤ ᠨᠡᠶᠢᠯᠠᠵᠠᠢ᠃ ᠤᠳᠤ ᠰᠦᠭᠡᠪᠠᠭᠠᠳᠤᠷ ᠠᠶᠢᠮᠠᠬ ᠤᠨ ᠲᠦᠮᠡᠨᠴᠤᠬᠳᠤ᠂ ᠬᠡᠨᠳᠠᠢ ᠠᠶᠢᠮᠠᠬ ᠤᠨ ᠪᠠᠶᠠᠨ — ᠤᠪᠤᠭ᠎ᠠ᠂ ᠨᠤᠷᠪᠤᠯᠢᠨ ᠰᠤᠮᠤ ᠶᠢᠨ ᠵᠠᠷᠢᠮ ᠭᠡᠰᠡᠭ ᠲᠤ ᠪᠤᠢ᠃ ᠬᠤᠰᠢᠭᠤ ᠨᠤᠳᠤᠭ ᠤᠨ ᠬᠡᠴᠡ ᠵᠠᠭᠠᠭ᠄ ᠵᠡᠭᠦᠨ᠎ᠡ ᠪᠤᠭᠤᠨᠢ ᠬᠤᠰᠢᠭᠤ ᠠᠭᠤᠯᠠ ᠶᠢᠨ ᠡᠮᠤᠨᠡᠳᠤ ᠳᠤ ᠲᠤᠮᠳᠠ ᠲᠦᠷᠢᠨ᠂ ᠪᠠᠷᠠᠭᠤᠨᠰᠢ ᠲᠡᠭᠡᠷᠡᠮᠳᠤ ᠠᠭᠤᠯᠠ᠂ ᠬᠤᠶᠢᠰᠢ ᠶᠡᠭᠡ ᠭᠠᠵᠠᠷ ᠬᠦᠷᠴᠠᠢ᠃ ᠵᠡᠭᠦᠨ ᠬᠤᠶᠢᠰᠢ ᠶᠡᠭᠡ ᠭᠠᠵᠠᠷ ᠤᠨ ᠵᠡᠭᠦᠨ ᠬᠦᠳᠤᠯ᠂ ᠪᠠᠷᠠᠭᠤᠨ ᠬᠤᠶᠢᠰᠢ ᠲᠦᠮᠤᠰᠤᠳᠠᠢ᠂ ᠵᠡᠭᠦᠨ ᠡᠮᠤᠨᠡᠰᠢ ᠰᠢᠷ᠎ᠠ ᠬᠠᠳᠠ᠂ ᠪᠠᠷᠠᠭᠤᠨ ᠡᠮᠤᠨᠡᠰᠢ ᠵᠠᠮ ᠤᠨ ᠱᠠᠩᠳᠤ ᠬᠦᠷᠴᠠᠢ ᠭᠡᠮᠡᠨ ᠬᠤᠰᠢᠭᠤ ᠨᠤᠳᠤᠭ ᠤᠨ ᠲᠡᠮᠳᠡᠭᠯᠡᠯ ᠳᠤ ᠪᠢᠴᠢᠭᠰᠡᠨ ᠪᠠᠶᠢᠨ᠎ᠠ︾ ︵6︶ ᠭᠡᠰᠡᠨ ᠲᠡᠮᠳᠡᠭᠯᠡᠯ ᠪᠠᠶᠢᠳᠠᠬ᠃ ᠬᠤᠰᠢᠭᠤᠨ ᠤ ᠨᠤᠶᠠᠳ ᠤᠨ ᠤᠭ ᠡᠬᠢ ᠭᠡᠪᠡᠯ᠄ ᠴᠢᠨ ᠸᠠᠩ ᠨᠠᠮᠵᠢᠯ ︵1691 — 1721︶ — ᠸᠠᠩ ᠲᠡᠮᠷᠢᠨᠳᠤᠷᠵᠢ ︵1721 — 1732︶ — ᠸᠠᠩ ᠲᠤᠷᠵᠢᠵᠠᠯ ︵1731 — 1740︶ ᠁ ᠪᠢᠯᠡ᠃ ᠰᠢᠨ᠎ᠡ ᠪᠠᠷᠭᠤ ᠶᠢᠨ ᠲᠡᠭᠡᠳᠤᠰ ᠲᠤᠷᠵᠢᠵᠠᠯ ᠤᠨ ᠬᠤᠰᠢᠭᠤᠨ ᠤ ᠵᠠᠬᠢᠷᠭ᠎ᠠ ᠪᠠᠶᠢᠬᠰᠠᠨ ᠦᠶ᠎ᠡ ᠳᠤ ᠲᠡᠭᠦᠨ ᠤ ᠬᠤᠰᠢᠭᠤᠨ ᠠᠴᠠ ᠬᠦᠯᠤᠨ ᠪᠤᠶᠢᠷ ᠲᠤ ᠢᠷᠡᠭᠰᠡᠨ ᠪᠢᠯᠡ᠃ ᠰᠡᠴᠡᠨ ᠬᠠᠨ ᠠᠶᠢᠮᠠᠬ ᠤᠨ ᠲᠦᠷᠪᠡᠨ ᠬᠤᠰᠢᠭᠤᠨ ᠠᠴᠠ ᠬᠦᠯᠤᠨ ᠪᠤᠶᠢᠷ ᠲᠤ ᠨᠡᠭᠦᠵᠤ ᠢᠷᠡᠭᠰᠡᠨ ᠪᠠᠷᠭᠤᠴᠤᠳ ᠢ 1734 ᠤᠨ ᠳᠤ ᠬᠤᠶᠠᠷ ᠭᠠᠷ᠂ ᠨᠠᠢᠮᠠᠨ ᠬᠤᠰᠢᠭᠤ᠂ 40 ᠰᠤᠮᠤ ᠪᠤᠯᠭᠠᠨ ᠵᠤᠬᠢᠶᠠᠨ ᠪᠠᠶᠢᠭᠤᠯᠵᠤ᠂ ᠪᠠᠷᠠᠭᠤᠨ ᠭᠠᠷ ᠢ ᠤᠷᠱᠤᠨ ᠭᠤᠤᠯ ᠤᠨ ᠪᠠᠷᠠᠭᠤᠨ ᠲᠠᠯ᠎ᠠ ᠳᠤ᠂ ᠵᠡᠭᠦᠨ ᠲᠠᠯ᠎ᠠ ᠳᠤ ᠲᠤᠰ ᠲᠤᠰ ᠨᠤᠳᠤᠬᠰᠢᠭᠤᠯᠵᠠᠢ᠃ ᠲᠡᠭᠦᠨ ᠤ ᠲᠠᠷᠠᠭ᠎ᠠ ᠨᠠᠢᠮᠠᠨ ᠵᠢᠯ ᠪᠤᠯᠤᠭᠠᠳ ᠦᠭᠡᠷ᠎ᠡ ᠪᠠᠷ ᠬᠡᠯᠡᠪᠡᠯ 1742 ᠤᠨ ᠳᠤ ᠬᠠᠷᠠᠮᠦ᠋ᠷᠡᠨ ᠤ ᠵᠠᠩᠵᠤᠨ ᠠᠴᠠ ᠠᠶᠢᠯᠠᠳᠬᠠᠵᠤ᠂ ᠬᠤᠰᠢᠭᠤ ᠪᠦᠷᠢ ᠠᠴᠠ ᠬᠤᠶᠠᠷ ᠰᠤᠮᠤ ᠶᠢ ᠬᠠᠰᠤᠵᠤ ᠪᠦᠭᠦᠳᠡ 24 ᠰᠤᠮᠤ ᠪᠤᠯᠭᠠᠵᠠᠢ᠃ ᠰᠢᠨ᠎ᠡ ᠪᠠᠷᠭᠤᠴᠤᠳ ᠤᠨ ᠰᠡᠴᠡᠨ ᠬᠠᠨ ᠠᠶᠢᠮᠠᠬ ᠤᠨ ᠬᠤᠰᠢᠭᠤᠳ ᠠᠴᠠ ᠨᠡᠭᠦᠵᠤ ᠢᠷᠡᠭᠰᠡᠨ ᠲᠤᠪᠴᠢ ᠪᠠᠶᠢᠳᠠᠯ ᠡᠶᠢᠮᠤ ᠪᠢᠯᠡ᠃ ᠵᠠᠭᠦᠯᠳᠡ᠄     ︵1︶ ᠰᠤᠩᠭᠤᠤᠯ ᠪ᠊ · ᠨᠠᠴᠤᠬᠳᠤᠷᠵᠢ᠂ ︽ᠰᠢᠨ᠎ᠡ ᠪᠠᠷᠭᠤ ᠶᠢᠨ ᠤᠷᠤᠰ ᠲᠤ ᠪᠤᠰᠴᠤ ᠤᠴᠢᠬᠰᠨᠨ ᠲᠤᠬᠠᠢ ᠦᠭᠦᠯᠡᠬᠦ ᠨᠢ︾᠂ 2011 ᠤᠨ᠃    ︵2︶ ᠨᠠᠮᠰᠠᠷᠠᠢ᠂ ︽ᠴᠢᠩ ᠤᠯᠤᠰ ᠤᠨ ᠦᠶ᠎ᠡ ᠶᠢᠨ ᠮᠤᠩᠭᠤᠯ ᠬᠤᠰᠢᠭᠤ ᠴᠢᠭᠤᠯᠭᠠᠨ︾᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 2011 ᠤᠨ᠃     ︵3︶ ︵4︶ ︵5︶ ︵6︶ ᠼ᠊ · ᠰᠤᠨᠤᠮᠳᠠᠬᠪᠠ᠂ ︽ᠮᠤᠩᠭᠤᠯ ᠤᠯᠤᠰ ᠤᠨ ᠵᠠᠰᠠᠬ ᠵᠠᠬᠢᠷᠭᠠᠨ ᠤ ᠵᠤᠬᠢᠶᠠᠨ ᠪᠠᠶᠢᠭᠤᠯᠤᠯᠳᠠ ᠶᠢᠨ ᠦᠭᠡᠷᠡᠴᠢᠯᠡᠯᠳᠡ ᠰᠢᠨᠡᠴᠢᠯᠡᠯᠳᠡ ︵1691 — 1997︶︾᠂ ᠤᠯᠠᠭᠠᠨᠪᠠᠭᠠᠳᠤᠷ ᠬᠤᠳᠠ᠂ 1998 ᠤᠨ 
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ