ᠤᠪᠤᠭᠠᠨ ᠲᠠᠬᠢᠯᠭ᠎ᠠ ᠶᠢ ᠲᠤᠬᠢᠯᠢᠭ ᠪᠡᠯᠡᠳᠭᠡᠬᠦ ᠶᠢᠨ ᠲᠤᠰᠠᠳᠠ᠂ ᠵᠢᠯ ᠪᠦᠷᠢ ᠶᠢᠨ ᠤᠪᠤᠭᠠᠨ ᠲᠠᠬᠢᠯᠭ᠎ᠠ ᠪᠤᠯᠬᠤ ᠳᠤ ᠯᠠᠮᠠ ᠬᠤᠪᠢᠯᠭᠠᠨ ᠴᠤᠭᠯᠠᠷᠠᠵᠤ ᠨᠤᠮ | ᠤᠩᠰᠢᠵᠤ ᠪᠦᠳᠦᠭᠡᠯᠭᠡ ︵ᠪᠦᠳᠦᠭᠡᠬᠦ︶ ᠵᠡᠷᠭᠡ ᠶᠢᠨ ᠦᠢᠯᠡ ᠶᠢ ᠬᠢᠵᠤ᠂ ᠳ᠋ᠧᠩᠯᠤ ᠡᠯᠭᠦᠵᠤ᠂ ᠬᠦᠵᠢ ᠵᠤᠯᠠ ᠤᠨᠳᠠᠷᠠᠭᠠᠳᠠᠭ ᠦᠭᠡᠢ᠃ ᠲᠠᠬᠢᠭᠠᠳ ᠬᠡᠯᠡᠪᠡᠯ᠂ | ᠤᠪᠤᠭᠠᠨ ᠤ ᠲᠠᠬᠢᠯᠭ᠎ᠠ ᠨᠢ ᠭᠠᠭᠴᠠ ᠭᠠᠵᠠᠷ ᠤᠰᠤ ᠶᠢ ᠲᠠᠬᠢᠵᠤ ᠪᠠᠶᠢᠭ᠎ᠠ ᠪᠢᠰᠢ᠂ ᠬᠠᠷᠢᠨ ᠲᠡᠭᠷᠢ᠂ ᠤᠳᠤᠨ ᠭᠠᠷᠠᠭ᠂ ᠲᠡᠭᠡᠳᠦᠰ᠂ ᠰᠦᠨᠡᠰᠦ ᠶᠢ ᠴᠦᠮ ᠲᠠᠬᠢᠳᠠᠭ | ᠪᠦᠭᠡᠳ ᠤᠪᠤᠭᠠᠨ ᠳᠤ ᠪᠠᠨ ᠦᠴᠢᠭ ᠲᠠᠭᠠᠳᠬᠠᠯ ᠬᠢᠳᠡᠭ ᠪᠠᠶᠢᠨ᠎ᠠ᠃ ᠲᠡᠭᠡᠬᠦ ᠳᠤ ᠪᠠᠨ ᠲᠡᠳᠡᠭᠡᠷ ᠪᠠᠶᠢᠭᠠᠯᠢ ᠶᠢᠨ ᠪᠤᠳᠠᠰ ᠢ ᠭᠠᠭᠴᠠ ᠭᠠᠭᠴᠠ ᠪᠠᠷ ᠨᠢ ᠰᠢᠳᠦᠵᠤ | ᠲᠠᠬᠢᠬᠤ ᠪᠢᠰᠢ᠂ ᠬᠠᠷᠢᠨ ᠪᠠᠶᠢᠭᠠᠯᠢ ᠶᠢᠨ ᠤᠯᠠᠨ ᠲᠠᠬᠢᠯᠭ᠎ᠠ ᠶᠢ ᠤᠪᠤᠭᠠᠨ ᠲᠡᠭᠡᠷ᠎ᠠ ᠲᠦᠪᠯᠡᠷᠡᠭᠦᠯᠵᠤ ᠲᠠᠬᠢᠳᠠᠭ᠃ ᠤᠪᠤᠭᠠᠨ ᠤ ᠲᠠᠬᠢᠯᠭ᠎ᠠ ᠡᠬᠢᠯᠡᠬᠦ ᠦᠶ᠎ᠠ ᠳᠤ | ᠲᠠᠬᠢᠯᠭ᠎ᠠ ᠳᠤ ᠤᠷᠤᠯᠴᠠᠬᠤ ᠪᠠᠷ ᠢᠷᠡᠭᠰᠡᠨ ᠤᠪᠤᠭᠠᠨ ᠳᠤ ᠪᠠᠨ ᠮᠦᠷᠬᠦᠬᠦ ᠶᠢᠨ ᠤᠷᠢᠳ ᠤᠪᠤᠭᠠᠨ ᠤ ᠲᠠᠬᠢᠯᠭ᠎ᠠ ᠶᠢᠨ ᠦᠴᠢᠭ ᠤᠩᠰᠢᠵᠤ᠂ ᠨᠤᠳᠤᠭ ᠤᠰᠤᠨ ᠤ | ᠰᠠᠬᠢᠭᠤᠰᠤ᠂ ᠲᠡᠭᠷᠢ ᠳᠤ ᠰᠦᠰᠦᠭᠯᠡᠨ ᠮᠦᠷᠭᠦᠵᠤ ᠤᠪᠤᠭᠠᠨ ᠳᠤ ᠪᠠᠨ ᠪᠤᠷᠭᠠᠰᠤ᠂ ᠴᠢᠯᠠᠭᠤ ᠵᠡᠷᠭᠡ ᠶᠢ ᠨᠡᠮᠡᠷᠢᠯᠡᠭᠡᠳ ᠲᠠᠷᠠᠭ᠎ᠠ ᠨᠢ ᠠᠪᠴᠢᠷᠠᠭᠰᠠᠨ ᠲᠡᠭᠡᠵᠢ ᠪᠠᠨ | ᠤᠪᠤᠭᠠᠨ ᠳᠤ ᠡᠷᠭᠦᠬᠦ ᠦᠶ᠎ᠠ ᠳᠤ ᠲᠠᠭᠠᠳᠬᠠᠯ ᠤᠩᠰᠢᠳᠠᠭ᠃ | ᠤᠪᠤᠭᠠᠨ ᠤ ᠦᠴᠢᠭ ︵ᠲᠠᠬᠢᠯᠭ᠎ᠠ︶ ᠨᠢ ᠭᠤᠤᠯᠳᠠᠭᠤ ᠲᠡᠭᠷᠢ ︵ᠤᠳᠤᠨ ᠭᠠᠷᠠᠭ︶᠂ ᠭᠠᠵᠠᠷ ᠪᠠ ᠨᠤᠳᠤᠭ ᠤᠰᠤᠨ ᠤ ᠰᠠᠶᠢᠨ ᠰᠠᠶᠢᠬᠠᠨ ᠢ ᠵᠢᠷᠤᠭᠯᠠᠨ | ᠲᠦᠷᠰᠦᠯᠡᠬᠦ᠂ ᠮᠦᠨ ᠲᠡᠭᠦᠨ ᠤ ᠭᠠᠪᠢᠶ᠎ᠠ ᠵᠢᠳᠭᠦᠯ ᠢ ᠢᠷᠦᠭᠡᠨ ᠮᠠᠭᠳᠠᠵᠤ ᠰᠢᠯᠦᠭᠯᠡᠨ᠂ ᠦᠪᠡᠷᠰᠡᠳ ᠤᠨ ᠢᠶᠠᠨ ᠡᠩᠭᠡ ᠮᠡᠨᠳᠦ᠂ ᠡᠯᠪᠡᠭ ᠪᠠᠶᠠᠨ ᠠᠮᠢᠳᠤᠷᠠᠯ ᠪᠠ | ᠠᠵᠠ ᠵᠢᠷᠭᠠᠯ ᠢ ᠵᠦᠩᠨᠡᠨ ᠪᠡᠯᠭᠡᠳᠡᠭᠰᠡᠨ ᠠᠭᠤᠯᠭ᠎ᠠ ᠲᠠᠢ ᠪᠠᠶᠢᠳᠠᠭ᠃ ᠤᠪᠤᠭᠠᠨ ᠤ ᠲᠠᠭᠠᠳᠬᠠᠯ ᠨᠢ ᠭᠤᠤᠯᠳᠠᠭᠤ ᠲᠠᠬᠢᠯᠭ᠎ᠠ ᠳᠤ ᠤᠷᠤᠯᠴᠠᠭᠰᠠᠳ ᠦᠪᠡᠷ ᠤᠨ | ᠰᠠᠳᠤᠨ ᠲᠦᠷᠦᠯ᠂ ᠠᠶᠢᠯ ᠠᠶᠢᠮᠠᠭ᠂ ᠤᠪᠤᠭ ᠤᠭᠰᠠᠭᠠᠳᠠᠨ ᠤ ᠪᠠᠨ ᠬᠠᠷᠢ ᠶᠢᠨ ᠲᠠᠶᠢᠰᠤᠨ ᠤ ᠠᠶᠤᠯ ᠦᠭᠡᠢ᠂ ᠡᠷᠡᠭᠦᠯ ᠡᠩᠭᠡ ᠪᠦᠭᠡᠳ ᠨᠤᠳᠤᠭ ᠤᠰᠤ ᠨᠢ ᠬᠤᠷ᠎ᠠ | ᠪᠤᠷᠤᠭᠠᠨ ᠲᠠᠢ ᠦᠩᠰᠢᠭ ᠰᠠᠶᠢᠬᠠᠨ ᠪᠠᠶᠢᠬᠤ ᠶᠢ ᠵᠦᠩᠨᠡᠵᠤ᠂ ᠮᠦᠨ ᠲᠡᠳᠡᠭᠡᠷ ᠤᠨ ᠠᠯᠢᠪᠠ ᠠᠵᠢᠯ ᠦᠢᠯᠡᠰ ᠤᠨ ᠦᠭᠡᠳᠡ ᠡᠰᠡᠷᠡᠭ᠂ ᠦᠪᠡᠷ ᠤᠨ ᠠᠯᠢᠪᠠ ᠦᠢᠯᠡᠰ | ᠰᠡᠳᠬᠢᠯᠴᠢᠯᠡᠨ ᠪᠦᠳᠦᠬᠦ᠂ ᠠᠴᠢᠷ ᠬᠡᠦᠭᠡᠳ ᠨᠤᠮ ᠰᠤᠷᠭᠠᠯ ᠲᠠᠢ ᠪᠠᠶᠢᠬᠤ ᠵᠡᠷᠭᠡ ᠶᠢ ᠵᠠᠯᠪᠠᠷᠢᠨ ᠲᠠᠭᠠᠳᠬᠠᠭᠰᠠᠨ ᠠᠭᠤᠯᠭ᠎ᠠ ᠲᠠᠢ ᠪᠠᠶᠢᠳᠠᠭ᠃ ᠤᠪᠤᠭ᠎ᠠ ᠶᠢ | ᠲᠠᠬᠢᠬᠤ ᠳᠤ ᠦᠴᠢᠭ ᠲᠠᠭᠠᠳᠬᠠᠯ ᠨᠢ ᠦᠨᠳᠦᠰᠦᠨ ᠳᠤ ᠪᠠᠨ ᠠᠳᠠᠯᠢ ᠪᠠᠶᠢᠳᠠᠭ ᠪᠤᠯᠪᠠᠴᠤ ᠭᠠᠩ ᠭᠠᠴᠢᠭ ᠲᠠᠢ ᠵᠢᠯ ᠪᠤᠯ ᠯᠠᠮᠠ ᠨᠠᠷ ᠢᠶᠠᠷ ᠨᠤᠮ ᠤᠩᠰᠢᠭᠤᠯᠵᠤ ᠲᠡᠭᠷᠢ | ᠪᠤᠷᠬᠠᠨ ᠠᠴᠠ ᠪᠤᠷᠤᠭᠠᠨ ᠬᠠᠶᠢᠷᠠᠯᠠᠬᠤ ᠶᠢ ᠭᠤᠶᠤᠵᠤ ᠮᠦᠷᠭᠦᠯ ᠲᠠᠭᠠᠳᠬᠠᠯ ᠬᠢᠳᠡᠭ᠃ ᠢᠩᠬᠢᠭᠰᠡᠨ ᠤ ᠲᠠᠷᠠᠭ᠎ᠠ ᠤᠪᠤᠭᠠᠨ ᠤ ᠲᠠᠬᠢᠯᠭ᠎ᠠ ᠶᠢᠨ ᠲᠠᠭᠠᠭᠠᠮᠠᠯ ᠪᠤᠶᠤ | ᠨᠤᠳᠤᠭ ᠤᠨ ᠠᠬᠠᠯᠠᠭᠴᠢ ᠨᠢ ᠵᠢᠯ ᠲᠤᠷᠰᠢᠬᠢ ᠨᠤᠳᠤᠭ ᠤᠷᠤᠨ ᠤ ᠭᠡᠷᠡᠭ ᠵᠢᠭᠤᠷᠠᠭᠠᠨ᠂ ᠬᠡᠷ ᠪᠦᠯᠢ ᠶᠢᠨ ᠪᠠ ᠠᠶᠢᠯ ᠠᠶᠢᠮᠠᠭ ᠤᠨ ᠡᠪᠳᠡᠷᠡᠯ ᠬᠠᠭᠠᠴᠠᠯ ᠢ | ᠰᠢᠳᠤᠷᠭᠤ ᠪᠠᠷ ᠰᠢᠢᠳᠪᠤᠷ |