| ᠰᠢᠨᠬᠤᠸᠠ ᠬᠤᠷᠢᠶᠠᠨ ᠤ ᠪᠡᠭᠡᠵᠢᠩ ᠤᠨ 10 ᠳ᠋ᠤᠭᠠᠷ ᠰᠠᠷ᠎ᠠ ᠶᠢᠨ 13 ᠤ ᠡᠳᠦᠷ ᠤᠨ ᠴᠠᠭᠢᠯᠭᠠᠨ ᠮᠡᠳᠡᠭᠡ ︽ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠬᠦ | ᠲᠠᠯ᠎ᠠ ᠪᠠᠷ ᠭᠦᠨᠵᠡᠭᠡᠶᠢᠷᠡᠭᠦᠯᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠲᠤᠬᠠᠢ ᠳᠤᠮᠳᠠᠳᠤ ᠤᠯᠤᠰ ᠤᠨ ᠡᠪ ᠬᠠᠮᠲᠤ ᠨᠠᠮ ᠤᠨ | ᠲᠥᠪ ᠬᠤᠷᠢᠶᠠᠨ ᠤ ᠲᠣᠭᠲᠠᠭᠠᠯ︾ ᠳᠤ᠄ ︽ᠴᠢᠨᠠᠷ ᠰᠠᠶᠢᠲᠠᠢ ᠰᠣᠶᠣᠯ ᠤᠨ ᠡᠬᠢ ᠪᠠᠶᠠᠯᠢᠭ ᠢ ᠦᠨᠳᠦᠰᠦᠨ ᠱᠠᠲᠤᠨ ᠳᠤ ᠰᠢᠭᠤᠳ ᠬᠦᠷᠭᠡᠬᠦ ᠲᠣᠭᠲᠠᠴᠠ ᠶᠢ | ᠪᠠᠶᠢᠭᠤᠯᠤᠨ᠎ᠠ︾ ᠭᠡᠵᠦ ᠳᠤᠷᠠᠳᠴᠠᠢ᠃ ᠡᠨᠡ ᠪᠣᠯ ᠰᠢᠨ᠎ᠡ ᠪᠠᠶᠢᠳᠠᠯ ᠳᠣᠣᠷᠠᠬᠢ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠲᠤᠭᠲᠠᠯᠴᠠᠭᠠᠨ ᠤ | ᠪᠠᠶᠢᠭᠤᠯᠤᠯᠲᠠ ᠶᠢ ᠴᠢᠩᠭᠠᠳᠬᠠᠨ ᠰᠠᠶᠢᠵᠢᠷᠠᠭᠤᠯᠬᠤ ᠶᠢᠨ ᠴᠢᠬᠤᠯᠠ ᠠᠷᠭ᠎ᠠ ᠬᠡᠮᠵᠢᠶ᠎ᠡ ᠪᠠᠶᠢᠵᠦ᠂ ᠲᠡᠷᠡ ᠨᠢ ᠥᠷᠭᠡᠨ ᠤᠯᠠᠨ ᠠᠷᠠᠳ ᠲᠦᠮᠡᠨ ᠤ ᠡᠳᠦᠷ ᠢᠷᠡᠬᠦᠶ᠎ᠡ | ᠨᠡᠮᠡᠭᠳᠡᠵᠦ ᠪᠠᠶᠢᠭ᠎ᠠ ᠤᠶᠤᠨ ᠤ ᠪᠠ ᠰᠣᠶᠣᠯ ᠤᠨ ᠬᠡᠷᠡᠭᠴᠡᠭᠡ ᠶᠢ ᠬᠠᠩᠭᠠᠬᠤ᠂ ᠠᠷᠠᠳ ᠲᠦᠮᠡᠨ ᠤ ᠤᠶᠤᠨ ᠤ ᠠᠮᠢᠳᠤᠷᠠᠯ ᠢ ᠬᠠᠮᠲᠤ ᠪᠠᠷ ᠴᠢᠨᠡᠭᠡᠯᠢᠭᠵᠢᠭᠦᠯᠬᠦ ᠶᠢ | ᠠᠬᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ ᠶᠤᠮ᠃ | ᠴᠢᠨᠠᠷ ᠰᠠᠶᠢᠲᠠᠢ ᠰᠣᠶᠣᠯ ᠤᠨ ᠠᠮᠢᠳᠤᠷᠠᠯ ᠪᠣᠯ ᠠᠷᠠᠳ ᠣᠯᠠᠨ ᠤ ᠰᠠᠶᠢᠨ ᠰᠠᠶᠢᠬᠠᠨ ᠠᠮᠢᠳᠤᠷᠠᠯ ᠤᠨ ᠴᠢᠬᠤᠯᠠ ᠪᠦᠷᠢᠯᠳᠦᠬᠦᠨ ᠬᠡᠰᠡᠭ ᠮᠥᠨ᠃ ᠮᠠᠨ ᠤ | ᠤᠯᠤᠰ ᠤᠨ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠬᠢᠷᠢ ᠲᠦᠪᠰᠢᠨ ᠤ ᠲᠠᠰᠤᠷᠠᠯᠲᠠ ᠦᠭᠡᠢ ᠳᠡᠭᠡᠭᠰᠢᠯᠡᠬᠦ ᠶᠢ ᠳᠠᠭᠠᠯᠳᠤᠨ᠂ ᠤᠨᠴᠠᠭᠠᠶᠢᠯᠠᠨ ᠴᠢᠨᠡᠭᠡᠯᠢᠭ | ᠨᠡᠶᠢᠭᠡᠮ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ᠂ ᠨᠢᠭᠡᠳᠦᠭᠡᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠦᠭᠰᠡᠨ ᠤ ᠳᠠᠷᠠᠭ᠎ᠠ᠂ ᠥᠷᠭᠡᠨ ᠣᠯᠠᠨ | ᠠᠷᠠᠳ ᠲᠦᠮᠡᠨ ᠤ ᠣᠶᠤᠨ ᠤ ᠪᠠ ᠰᠣᠶᠣᠯ ᠤᠨ ᠬᠡᠷᠡᠭᠴᠡᠭᠡ ᠱᠠᠭᠠᠷᠳᠠᠯᠭ᠎ᠠ ᠨᠡᠩ ᠴᠢᠩᠭ᠎ᠠ᠂ ᠨᠡᠩ ᠪᠠᠶᠠᠯᠢᠭ ᠣᠯᠠᠨ ᠶᠠᠩᠵᠤ ᠶᠢᠨ ᠪᠤᠯᠤᠭᠰᠠᠨ ᠪᠠᠶᠢᠨ᠎ᠠ᠃ ᠶᠡᠷᠦᠩᠬᠡᠢ | ᠱᠦᠵᠢ ᠰᠢ ᠶᠢᠨ ᠫᠢᠩ ᠬᠠᠮᠲᠤ ᠪᠠᠷ ᠴᠢᠨᠡᠭᠡᠯᠢᠭᠵᠢᠬᠦ ᠶᠢ ᠨᠢᠭᠡᠳᠦᠯᠲᠡᠢ ᠲᠦᠯᠦᠪᠯᠡᠨ ᠯᠠᠪᠳᠠᠭᠤᠨ ᠪᠠᠲᠤᠲᠠᠢ ᠠᠬᠢᠭᠤᠯᠬᠤ ᠠᠵᠢᠯ ᠤᠨ ᠪᠠᠶᠢᠷᠢᠰᠢᠭᠤᠯᠤᠯᠲᠠ ᠬᠢᠬᠦ ᠳᠤ ᠪᠠᠨ | ᠂ ᠴᠠᠭ ᠲᠤ ᠨᠢ ᠲᠣᠬᠢᠷᠠᠭᠤᠯᠤᠨ ᠠᠷᠠᠳ ᠲᠦᠮᠡᠨ ᠤ ᠤᠶᠤᠨ ᠤ ᠠᠮᠢᠳᠤᠷᠠᠯ ᠢ ᠬᠠᠮᠲᠤ ᠪᠠᠷ ᠴᠢᠨᠡᠭᠡᠯᠢᠭᠵᠢᠭᠦᠯᠬᠦ ᠶᠢ ᠠᠬᠢᠭᠤᠯᠬᠤ ᠡᠨᠡ ᠬᠦ ᠴᠢᠬᠤᠯᠠ ᠶᠡᠭᠡ ᠰᠡᠳᠦᠪ ᠢ | ᠳᠤᠷᠠᠳᠴᠠᠢ᠃ ᠡᠯ᠎ᠡ ᠭᠠᠵᠠᠷ ᠡᠯ᠎ᠡ ᠰᠠᠯᠠᠭ᠎ᠠ ᠮᠥᠴᠢᠷ ᠤᠨ ᠬᠢᠨ ᠨᠠᠮ ᠤᠨ ᠲᠥᠪ ᠬᠤᠷᠢᠶᠠᠨ ᠤ ᠪᠠᠶᠢᠷᠢᠯᠠᠭᠤᠯᠤᠯᠲᠠ ᠱᠠᠭᠠᠷᠳᠠᠯᠭ᠎ᠠ ᠶᠣᠰᠣᠭᠠᠷ᠂ ᠤᠯᠠᠨ ᠨᠡᠶᠢᠲᠡ ᠶᠢᠨ | ᠰᠣᠶᠣᠯ ᠤᠨ ᠦᠢᠯᠡᠰ ᠤᠨ ᠣᠷᠣᠭᠤᠯᠤᠯᠲᠠ ᠶᠢ ᠨᠡᠮᠡᠭᠳᠡᠭᠦᠯᠵᠦ᠂ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠲᠤᠭᠲᠠᠯᠴᠠᠭ᠎ᠠ ᠶᠢ ᠲᠡᠭᠦᠯᠳᠡᠷᠵᠢᠭᠦᠯᠵᠦ᠂ | ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠠᠷᠠᠳ ᠤᠯᠠᠨ ᠤ ᠦᠨᠳᠦᠰᠦᠨ ᠰᠣᠶᠣᠯ ᠤᠨ ᠡᠷᠬᠡ ᠠᠰᠢᠭ ᠢ | ᠪᠠᠲᠤᠯᠠᠵᠤ᠂ ᠬᠠᠮᠢᠶ᠎ᠠ ᠪᠦᠬᠦᠢ ᠠᠵᠢᠯ ᠳᠤ ᠲᠠᠰᠤᠷᠠᠯᠳᠠ ᠦᠭᠡᠢ ᠢᠯᠡᠳᠲᠡ ᠠᠬᠢᠴᠠ ᠪᠠ ᠦᠷ᠎ᠡ ᠪᠦᠲᠦᠮᠵᠢ ᠤᠯᠪᠠ᠃ ᠡᠭᠦᠨ ᠤ ᠬᠠᠮᠲᠤ᠂ ᠵᠠᠷᠢᠮ ᠣᠯᠠᠨ ᠲᠦᠮᠡᠨ | ᠪᠠᠰᠠ ᠦᠨᠳᠦᠰᠦᠨ ᠱᠠᠲᠤᠨ ᠤ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡ ︽ᠣᠮᠳᠠ ᠲᠠᠶᠢᠯᠬᠤ︾ ᠲᠠᠯ᠎ᠠ ᠪᠠᠷ ᠬᠦᠷᠦᠯᠴᠡᠬᠦ ᠦᠭᠡᠢ᠂ ᠤᠨᠴᠠᠭᠠᠶᠢᠯᠠᠨ | ᠨᠡᠯᠢᠶᠡᠳ ᠴᠢᠨᠠᠷ ᠰᠠᠶᠢᠲᠠᠢ ᠰᠣᠶᠣᠯ ᠤᠨ ᠡᠬᠢ ᠪᠠᠶᠠᠯᠢᠭ ᠲᠠᠢ ᠣᠶᠢᠷᠠᠳᠬᠤ ᠳᠤ ᠪᠡᠷᠬᠡ ᠪᠠᠶᠢᠵᠦ᠂ ᠡᠨᠡ ᠨᠢ ᠪᠠᠰᠠ ᠣᠳᠣᠬᠠᠨ ᠤ ᠡᠯ᠎ᠡ ᠱᠠᠲᠤᠨ ᠤ ᠣᠯᠠᠨ | ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠲᠤᠭᠲᠠᠯᠴᠠᠭᠠᠨ ᠤ ᠪᠠᠶᠢᠭᠤᠯᠤᠯᠲᠠ ᠳᠤ ᠪᠠᠰᠠ ᠭᠤᠤᠯᠳᠠᠯᠭ᠎ᠠ ᠲᠠᠢ ᠵᠦᠢᠯᠡᠰ ᠢ ᠳᠣᠷᠣᠭᠰᠢ ᠰᠢᠯᠵᠢᠭᠦᠯᠬᠦ᠂ ᠡᠬᠢ | ᠪᠠᠶᠠᠯᠢᠭ ᠢ ᠳᠣᠷᠣᠭᠰᠢ ᠨᠠᠶᠢᠳᠠᠪᠤᠷᠢᠵᠢᠭᠤᠯᠬᠤ ᠴᠢᠬᠤᠯᠠᠲᠠᠶ ᠪᠠᠶᠢᠬᠤ ᠶᠢ ᠬᠠᠷᠠᠭᠤᠯᠵᠤ ᠪᠤᠢ᠃ ᠴᠢᠨᠠᠷ ᠰᠠᠶᠢᠲᠠᠢ ᠰᠣᠶᠣᠯ ᠤᠨ ᠡᠬᠢ ᠪᠠᠶᠠᠯᠢᠭ ᠢ ᠦᠨᠳᠦᠰᠦᠨ | ᠱᠠᠲᠤᠨ ᠳᠤ ᠰᠢᠭᠤᠳ ᠬᠦᠷᠭᠡᠬᠦ ᠲᠣᠭᠲᠠᠴᠠ ᠶᠢ ᠪᠠᠶᠢᠭᠤᠯᠬᠤ ᠨᠢ ᠴᠢᠨᠠᠷ ᠰᠠᠶᠢᠲᠠᠢ ᠰᠣᠶᠣᠯ ᠤᠨ ᠡᠬᠢ ᠪᠠᠶᠠᠯᠢᠭ ᠤᠨ ᠲᠡᠩᠴᠡᠭᠦᠷᠢᠲᠦ ᠴᠢᠨᠠᠷ ᠪᠠ ᠪᠣᠯᠤᠮᠵᠢᠲᠤ | ᠴᠢᠨᠠᠷ ᠢ ᠤᠯᠠᠮ ᠨᠢᠭᠡ ᠠᠯᠬᠤᠮ ᠴᠢᠩᠭᠠᠳᠬᠠᠵᠤ᠂ ᠠᠷᠠᠳ ᠣᠯᠠᠨ ᠳᠤ ᠨᠡᠩ ᠰᠢᠯᠢᠳᠡᠭ᠂ ᠨᠡᠩ ᠦᠷ᠎ᠡ ᠪᠦᠲᠦᠮᠵᠢᠲᠡᠶ᠂ ᠨᠡᠩ ᠲᠥᠪ ᠭᠤᠤᠯᠴᠢ᠂ ᠨᠡᠩ | ᠦᠷᠬᠦᠯᠵᠢᠯᠡᠬᠦ᠋ᠢᠴᠡ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡ ᠬᠠᠩᠭᠠᠵᠤ᠂ ᠬᠤᠳᠠ ᠬᠥᠳᠡᠭᠡ ᠶᠢᠨ ᠰᠠᠭᠤᠭᠠᠯᠢ ᠠᠷᠠᠳ ᠢ ᠰᠣᠶᠣᠯ ᠤᠨ ᠠᠵᠢᠯᠯᠠᠭ᠎ᠠ ᠳᠤ | ᠨᠡᠩ ᠰᠠᠶᠢᠲᠤᠷ ᠣᠷᠣᠯᠴᠠᠭᠤᠯᠵᠤ᠂ ᠤᠳᠭ᠋᠎ᠠ ᠤᠷᠠᠯᠢᠭ ᠤᠨ ᠤᠷ᠎ᠠ ᠴᠢᠳᠠᠪᠤᠷᠢ ᠶᠢ ᠨᠢ ᠪᠤᠶᠢᠵᠢᠭᠤᠯᠵᠤ᠂ ᠰᠣᠶᠣᠯ ᠤᠨ ᠠᠮᠢᠳᠤᠷᠠᠯ ᠢ ᠡᠳ᠋ᠯᠡᠭᠦᠯᠬᠦ᠂ ᠰᠣᠶᠣᠯ ᠤᠨ | ᠬᠠᠯᠠᠭᠤᠨ ᠰᠡᠳᠬᠢᠯᠭᠡ ᠶᠢ ᠬᠦᠭᠵᠢᠭᠡᠬᠦ᠂ ᠤᠶᠤᠨ ᠤ ᠬᠦᠴᠦᠨ ᠴᠢᠳᠠᠯ ᠢ ᠨᠢ ᠨᠡᠮᠡᠭᠳᠡᠭᠦᠯᠬᠦ ᠳᠤ ᠠᠰᠢᠭᠲᠠᠢ ᠶᠤᠮ᠃ | ᠡᠨᠡ ᠬᠦ ᠱᠠᠭᠠᠷᠳᠠᠯᠭ᠎ᠠ ᠶᠢ ᠣᠶᠢᠯᠠᠭᠠᠬᠤ ᠪᠠ ᠠᠬᠢᠭᠤᠯᠤᠨ ᠬᠡᠷᠡᠭᠵᠢᠭᠦᠯᠬᠦ ᠳᠤᠮᠳᠠ᠂ ᠳᠣᠤᠷᠠᠬᠢ 4 ᠲᠠᠯ᠎ᠠ ᠶᠢ ᠬᠦᠴᠦᠯᠡᠨ ᠰᠠᠶᠢᠲᠤᠷ ᠡᠵᠡᠮᠳᠡᠬᠦ ᠬᠡᠷᠡᠭᠲᠡᠶ᠃ | ᠨᠢᠭᠡᠳᠦᠭᠡᠷ ᠲᠤ᠂ ᠬᠤᠲᠠ ᠬᠥᠳᠡᠭᠡ ᠶᠢᠨ ᠣᠯᠠᠨ ᠨᠡᠶᠢᠲᠡ ᠶᠢᠨ ᠰᠤᠶᠤᠯ ᠤᠨ ᠦᠢᠯᠡᠴᠢᠯᠡᠭᠡᠨ ᠤ ᠲᠤᠭᠲᠠᠯᠴᠠᠭ᠎ᠠ ᠶᠢ ᠨᠢᠭᠡ ᠴᠣᠭᠴᠠᠵᠢᠭᠤᠯᠬᠤ ᠪᠠᠶᠢᠭᠤᠯᠤᠯᠲᠠ ᠶᠢ | ᠠᠬᠢᠭᠤᠯᠤᠨ᠎ᠠ᠃ ᠨᠠᠮ ᠤᠨ ᠤᠳᠤᠷᠢᠳᠤᠯᠭ᠎ᠠ ᠳᠣᠤᠷ᠎ᠠ᠂ ᠵᠠᠰᠠᠭ ᠤᠨ ᠣᠷᠳᠣᠨ ᠢᠶᠠᠷ ᠭᠤᠤᠯᠯᠠᠭᠤᠯᠬᠤ᠂ ᠨᠡᠶᠢᠭᠡᠮ ᠤᠨ ᠬᠢᠨ ᠢ ᠤᠷᠤᠯᠴᠠᠭᠤᠯᠬᠤ᠂ ᠭᠤᠤᠯᠳᠠᠯᠭ᠎ᠠ ᠲᠠᠢ | ᠵᠦᠢᠯᠡᠰ ᠢ ᠦᠨᠳᠦᠰᠦᠨ ᠱᠠᠲᠤᠨ ᠳᠤ ᠰᠢᠯᠵᠢᠭᠦᠯᠬᠦ᠂ ᠬᠠᠮᠲᠤ ᠪᠠᠷ ᠪᠠᠶᠢᠭᠤᠯᠵᠤ ᠬᠠᠮᠲᠤ ᠪᠠᠷ ᠬᠦᠷᠲᠡᠬᠦ ᠶᠢ ᠪᠠᠷᠢᠮᠲᠠᠯᠠᠨ᠂ ᠣᠯᠠᠨ ᠨᠡᠶᠢᠲᠡ ᠶᠢᠨ ᠰᠣᠶᠣᠯ ᠤᠨ | ᠦᠢᠯᠡᠴᠢᠯᠡᠭᠡᠨ ᠤ ᠪᠠᠷᠢᠮᠵᠢᠶᠠᠵᠢᠭᠤᠯᠬᠤ ᠪᠠᠶᠢᠭᠤᠯᠤᠯᠲᠠ ᠶᠢ ᠭᠦᠨᠵᠡᠭᠡᠶ ᠠᠬᠢᠭᠤᠯᠵᠤ᠂ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ︽ᠬᠠᠲᠠᠭᠤ ᠲᠣᠨᠤᠭ︾ | ᠪᠠ ︽ᠵᠥᠭᠡᠯᠡᠨ ᠲᠣᠨᠤᠭ︾ ᠤᠨ ᠪᠠᠶᠢᠭᠤᠯᠤᠯᠲᠠ ᠶᠢ ᠨᠢᠭᠡᠳᠦᠯᠲᠡᠶ ᠲᠥᠯᠥᠪᠯᠡᠨ ᠠᠬᠢᠭᠤᠯᠵᠤ᠂ ᠦᠨᠳᠦᠰᠦᠨ ᠱᠠᠲᠤᠨ ᠤ ᠣᠯᠠᠨ ᠨᠡᠶᠢᠲᠡ ᠶᠢᠨ ᠰᠣᠶᠣᠯ ᠤᠨ | ᠦᠢᠯᠡᠴᠢᠯᠡᠭᠡᠨ ᠤ ᠲᠣᠤᠷ ᠰᠦᠯᠵᠢᠶ᠎ᠡ ᠶᠢ ᠲᠡᠭᠦᠯᠳᠡᠷᠵᠢᠭᠦᠯᠦᠨ᠎ᠡ᠃ ᠬᠤᠲᠠ ᠬᠥᠳᠡᠭᠡ ᠶᠢᠨ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠡᠬᠢ ᠪᠠᠶᠠᠯᠢᠭ ᠢ | ᠨᠡᠶᠢᠳᠭᠡᠬᠦ ᠶᠢ ᠲᠦᠯᠬᠢᠨ ᠠᠬᠢᠭᠤᠯᠵᠤ᠂ ᠴᠢᠨᠠᠷ ᠰᠠᠶᠢᠲᠠᠢ ᠰᠣᠶᠣᠯ ᠤᠨ ᠡᠬᠢ ᠪᠠᠶᠠᠯᠢᠭ ᠢ ᠦᠨᠳᠦᠰᠦᠨ ᠱᠠᠲᠤᠨ ᠤ ᠨᠢᠭᠡᠳᠦᠭᠡᠷ ᠹᠷᠣᠨᠲ ᠲᠡᠶᠢᠰᠢ ᠨᠡᠩ ᠢᠯᠡᠭᠦᠦ | ᠳᠣᠷᠣᠭᠰᠢ ᠨᠠᠶᠢᠳᠠᠪᠤᠷᠢᠵᠢᠭᠤᠯᠵᠤ᠂ ᠬᠥᠳᠡᠭᠡ ᠲᠣᠰᠬᠤᠨ ᠲᠡᠶᠢᠰᠢ ᠬᠡᠯᠪᠠᠶᠢᠯᠭᠡᠵᠦ᠂ ᠬᠤᠪᠢᠰᠬᠠᠯ ᠤᠨ ᠬᠠᠭᠤᠴᠢᠨ ᠰᠠᠭᠤᠷᠢᠨ ᠭᠠᠵᠠᠷ᠂ ᠦᠨᠳᠦᠰᠦᠲᠡᠨ ᠤ ᠭᠠᠵᠠᠷ | ᠣᠷᠣᠨ᠂ ᠬᠢᠯᠢ ᠬᠢᠵᠠᠭᠠᠷ ᠣᠷᠣᠨ ᠲᠡᠶᠢᠰᠢ ᠬᠡᠯᠪᠠᠶᠢᠯᠭᠡᠬᠦ ᠶᠢ ᠬᠥᠲᠥᠯᠥᠨ ᠵᠢᠯᠣᠭᠤᠳᠤᠨ᠎ᠠ᠃ ᠡᠯ᠎ᠡ ᠱᠠᠲᠤᠨ ᠤ ᠡᠯ᠎ᠡ ᠲᠥᠷᠥᠯ ᠤᠨ ᠨᠣᠮ ᠤᠨ ᠰᠠᠩ᠂ ᠰᠣᠶᠣᠯ ᠤᠨ | ᠦᠪ ᠤᠨ ᠣᠷᠳᠣᠨ᠂ ᠮᠦᠽᠧᠶ᠂ ᠤᠷᠠᠨ ᠵᠢᠷᠤᠭ ᠤᠨ ᠣᠷᠳᠣᠨ᠂ ᠪᠣᠳᠠᠰ ᠤᠨ ᠪᠤᠰᠤ ᠰᠣᠶᠣᠯ ᠤᠨ ᠣᠷᠳᠣᠨ ᠵᠡᠷᠭᠡ ᠶᠢᠨ ᠬᠠᠮᠲᠤᠷᠠᠨ ᠬᠥᠳᠡᠯᠦᠯᠴᠡᠬᠦ ᠲᠣᠭᠲᠠᠴᠠ ᠶᠢ | ᠪᠠᠶᠢᠭᠤᠯᠬᠤ ᠶᠢ ᠲᠦᠯᠬᠢᠨ ᠠᠬᠢᠭᠤᠯᠵᠤ᠂ ᠶᠡᠷᠦᠩᠬᠡᠶ ᠬᠤᠪᠢᠶᠠᠷᠢ ᠣᠷᠳᠣᠨ ᠤ ᠳᠦᠷᠢᠮ ᠤᠨ ᠪᠠᠶᠢᠭᠤᠯᠤᠯᠲᠠ ᠶᠢ ᠴᠢᠩᠭᠠᠳᠬᠠᠨ᠎ᠠ᠃ ᠬᠤᠲᠠ ᠬᠥᠳᠡᠭᠡ ᠶᠢᠨ | ᠰᠣᠶᠣᠯ ᠤᠨ ᠰᠣᠯᠢᠯᠴᠠᠭᠠᠨ ᠤ ᠪᠠᠶᠢᠩᠭᠤᠰᠢᠭᠤᠯᠤᠭᠰᠠᠨ ᠠᠵᠢᠯ ᠤᠨ ᠲᠣᠭᠲᠠᠴᠠ ᠶᠢ ᠪᠦᠷᠢᠨᠰᠢᠭᠦᠯᠵᠦ᠂ ᠬᠥᠳᠡᠭᠡ ᠲᠣᠰᠬᠤᠨ ᠳᠤ ᠨᠡᠶᠢᠲᠡ ᠶᠢᠨ ᠠᠰᠠᠷᠠᠮᠵᠢ ᠶᠢᠨ | ᠺᠢᠨᠣ᠋ ᠶᠢ ᠲᠠᠷᠬᠠᠭᠠᠨ ᠦᠵᠡᠭᠦᠯᠬᠦ ᠪᠠ ︽ᠬᠤᠪᠢᠰᠬᠠᠯᠲᠤ ᠤᠳᠬ᠎ᠠ ᠤᠷᠠᠯᠢᠭ ᠤᠨ ᠬᠥᠩᠭᠡᠨ ᠮᠣᠷᠢᠲᠤ ᠴᠡᠷᠢᠭ︾ ᠵᠡᠷᠭᠡ ᠬᠤᠲᠠ ᠬᠥᠳᠡᠭᠡ ᠶᠢᠨ ᠭᠦᠢᠯᠭᠡᠮᠡᠯ | ᠰᠣᠶᠣᠯ ᠤᠨ ᠦᠢᠯᠡᠴᠢᠯᠡᠭᠡᠨ ᠢ ᠶᠡᠭᠡ ᠪᠠᠷ ᠬᠦᠭᠵᠢᠭᠦᠯᠦᠨ᠎ᠡ᠃ | ᠬᠤᠶᠠᠳᠤᠭᠠᠷ ᠲᠤ᠂ ᠦᠨᠳᠦᠰᠦᠨ ᠱᠠᠲᠤᠨ ᠤ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠬᠠᠩᠭᠠᠯᠭ᠎ᠠ ᠬᠡᠷᠡᠭᠴᠡᠭᠡ ᠶᠢ ᠵᠣᠯᠭᠠᠭᠤᠯᠬᠤ ᠲᠣᠭᠲᠠᠴᠠ ᠶᠢ | ᠲᠡᠭᠦᠯᠳᠡᠷᠵᠢᠭᠦᠯᠦᠨ᠎ᠡ᠃ ᠣᠯᠠᠨ ᠲᠦᠮᠡᠨ ᠤ ᠰᠣᠶᠣᠯ ᠤᠨ ᠬᠡᠷᠡᠭᠴᠡᠭᠡ ᠱᠠᠭᠠᠷᠳᠠᠯᠭ᠎ᠠ ᠶᠢ ᠴᠤᠭᠯᠠᠭᠤᠯᠬᠤ ᠪᠠ ᠬᠠᠷᠢᠭᠤ ᠲᠤᠰᠬᠠᠬᠤ ᠲᠣᠭᠲᠠᠴᠠ ᠶᠢ ᠪᠠᠶᠢᠭᠤᠯᠵᠤ᠂ ︽ | ᠣᠯᠠᠨ ᠲᠦᠮᠡᠨ ᠤ ᠵᠠᠬᠢᠶᠠᠯᠠᠭ᠎ᠠ ᠠᠪᠬᠤ︾ ᠪᠠ ︽ᠵᠠᠰᠠᠭ ᠤᠨ ᠣᠷᠳᠣᠨ ᠤ ᠲᠤᠭᠠᠴᠠᠭ᠎ᠠ ᠬᠢᠬᠦ︾ ᠶᠢ ᠨᠠᠩ ᠰᠠᠶᠢᠲᠤᠷ ᠵᠣᠯᠭᠠᠭᠤᠯᠬᠤ ᠶᠢ ᠠᠬᠢᠭᠤᠯᠵᠤ᠂ ᠰᠣᠶᠣᠯ ᠢᠶᠠᠷ | ᠠᠷᠠᠳ ᠲᠤ ᠠᠰᠢᠭ ᠬᠦᠷᠲᠡᠭᠡᠬᠦ ᠢᠨᠵᠧᠨᠧᠷᠢᠩ ᠢ ᠰᠢᠨ᠎ᠡ ᠶᠢ ᠡᠭᠦᠳᠦᠨ ᠬᠡᠷᠡᠭᠵᠢᠭᠦᠯᠵᠦ᠂ ᠴᠢᠨᠠᠷ ᠰᠠᠶᠢᠲᠠᠢ ᠰᠣᠶᠣᠯ ᠤᠨ ᠡᠬᠢ ᠪᠠᠶᠠᠯᠢᠭ ᠢ ᠬᠤᠲᠠ ᠬᠥᠳᠡᠭᠡ ᠶᠢᠨ | ᠣᠯᠠᠨ ᠨᠡᠶᠢᠲᠡ ᠶᠢᠨ ᠰᠣᠶᠣᠯ ᠤᠨ ᠣᠷᠣᠨ ᠵᠠᠶ ᠪᠠ ᠣᠯᠠᠨ ᠲᠦᠮᠡᠨ ᠤ ᠡᠳᠦᠷ ᠲᠤᠲᠤᠮ ᠤᠨ ᠠᠮᠢᠳᠤᠷᠠᠯ ᠳᠤ ᠪᠦᠲᠦᠮᠵᠢᠲᠡᠶ ᠠᠭᠤᠰᠤᠯᠴᠠᠬᠤ ᠶᠢ ᠠᠬᠢᠭᠤᠯᠵᠤ᠂ | ᠦᠨᠳᠦᠰᠦᠨ ᠱᠠᠲᠤᠨ ᠤ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ︽ᠡᠴᠦᠰ ᠤᠨ ᠨᠢᠭᠡ ᠺᠢᠯᠤᠮᠧᠳ᠋ᠷ︾ ᠢ ᠨᠡᠪᠲᠡᠷᠡᠭᠦᠯᠦᠨ᠎ᠡ᠃ ︽ᠳᠤᠤᠷᠠᠲᠦ | ᠱᠠᠲᠤ ᠠᠴᠠ ᠳᠡᠭᠡᠳᠦ ᠱᠠᠲᠤ ᠳᠡᠶᠢᠰᠢ ᠬᠡᠷᠡᠭᠴᠡᠭᠡ ᠪᠠᠷ ᠬᠠᠩᠭᠠᠯᠭ᠎ᠠ ᠶᠢ ᠲᠤᠭᠲᠠᠭᠠᠬᠤ︾ ᠬᠠᠷᠢᠯᠴᠠᠨ ᠬᠥᠳᠡᠯᠦᠯᠴᠡᠬᠦ ᠮᠠᠶ᠋ᠢᠭ ᠤᠨ᠂ ᠲᠣᠪᠶᠤᠭ ᠮᠠᠶ᠋ᠢᠭ ᠤᠨ | ᠬᠡᠯᠪᠡᠷᠢ ᠶᠢᠨ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠢ ᠰᠦᠪᠡᠭᠴᠢᠯᠡᠨ ᠥᠷᠨᠢᠭᠦᠯᠵᠦ᠂ ᠲᠥᠪᠯᠡᠷᠡᠭᠦᠯᠦᠨ ᠥᠨᠳᠥᠷ ᠦᠷ᠎ᠡ ᠪᠦᠲᠦᠮᠵᠢᠲᠡᠶ ᠪᠠᠷ | ᠲᠣᠬᠢᠷᠠᠭᠤᠯᠤᠨ ᠬᠦᠷᠭᠡᠬᠦ ᠪᠠ ᠠᠵᠢᠯᠯᠠᠭᠤᠯᠬᠤ ᠶᠢ ᠬᠡᠷᠡᠭᠵᠢᠭᠦᠯᠵᠦ᠂ ᠦᠨᠳᠦᠰᠦᠨ ᠱᠠᠲᠤᠨ ᠤ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠬᠦᠴᠦᠨ | ᠴᠢᠳᠠᠪᠤᠷᠢ ᠶᠢ ᠬᠦᠴᠦᠯᠡᠨ ᠳᠡᠭᠡᠭᠰᠢᠯᠡᠭᠦᠯᠦᠨ᠎ᠡ᠃ ᠨᠡᠶᠢᠭᠡᠮ ᠤᠨ ᠬᠦᠴᠦᠨ ᠢ ᠦᠨᠳᠦᠰᠦᠨ ᠱᠠᠲᠤᠨ ᠤ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠳᠤ | ᠢᠳᠡᠪᠬᠢᠲᠡᠶ ᠤᠷᠤᠯᠴᠠᠭᠤᠯᠬᠤ ᠶᠢ ᠵᠣᠷᠢᠭᠵᠢᠭᠤᠯᠤᠨ᠂ ᠦᠨᠳᠦᠰᠦᠨ ᠱᠠᠲᠤᠨ ᠤ ᠰᠣᠶᠣᠯ ᠤᠨ ᠪᠡᠯᠡᠳᠬᠡᠮᠵᠢ ᠶᠢᠨ ᠨᠡᠶᠢᠭᠡᠮᠴᠢᠯᠡᠭᠰᠡᠨ ᠡᠵᠡᠩᠨᠡᠯᠲᠡ ᠶᠢ ᠯᠠᠪᠳᠠᠭᠤᠨ ᠢᠶᠠᠷ | ᠲᠦᠯᠬᠢᠨ ᠠᠬᠢᠭᠤᠯᠵᠤ᠂ ᠦᠨᠳᠦᠰᠦᠨ ᠱᠠᠲᠤᠨ ᠤ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠰᠢᠨ᠎ᠡ ᠶᠢ ᠡᠭᠦᠳᠬᠦ ᠠᠮᠢᠵᠢᠷᠠᠯ ᠤᠨ ᠬᠦᠴᠦᠨ ᠢ | ᠲᠠᠰᠤᠷᠠᠯᠲᠠ ᠤᠢᠭᠡᠢ ᠨᠡᠮᠡᠭᠳᠡᠭᠦᠯᠦᠨ᠎ᠡ᠃ | ᠭᠤᠷᠪᠠᠳᠤᠭᠠᠷ ᠲᠤ᠂ ᠡᠯ᠎ᠡ ᠱᠠᠲᠤᠨ ᠤ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠳ᠋ᠢᠭᠢᠳ᠋ᠴᠢᠯᠡᠭᠰᠡᠨ ᠡᠨᠧᠷᠭᠢ ᠣᠯᠭᠤᠬᠤ ᠶᠢ ᠴᠢᠩᠭᠠᠳᠬᠠᠨ᠎ᠠ᠃ | ᠳ᠋ᠢᠭᠢᠳ᠋ᠴᠢᠯᠡᠭᠰᠡᠨ ᠮᠡᠷᠭᠡᠵᠢᠯ ᠢ ᠬᠡᠷᠡᠭᠯᠡᠨ ᠰᠣᠶᠣᠯ ᠤᠨ ᠡᠬᠢ ᠪᠠᠶᠠᠯᠢᠭ ᠢ ᠨᠡᠶᠢᠳᠭᠡᠵᠦ᠂ ᠡᠯ᠎ᠡ ᠱᠠᠲᠤ ᠳᠠᠪᠬᠤᠷᠭ᠎ᠠ ᠶᠢᠨ ᠣᠯᠠᠨ ᠨᠡᠶᠢᠲᠡ ᠶᠢᠨ ᠰᠣᠶᠣᠯ ᠤᠨ ᠳ᠋ᠢᠭᠢᠲ᠋ᠠᠯ | ᠡᠬᠢ ᠪᠠᠶᠠᠯᠢᠭ ᠤᠨ ᠬᠥᠮᠥᠷᠭᠡ ᠶᠢᠨ ᠪᠦᠯᠦᠭᠵᠢᠯ ᠢ ᠨᠡᠪᠲᠡᠷᠡᠭᠦᠯᠵᠦ᠂ ᠤᠯᠤᠰ ᠤᠨ ᠰᠣᠶᠣᠯ ᠤᠨ ᠲᠣᠮᠣ ᠳ᠋ᠠᠶᠢᠲ᠋ᠠ ᠶᠢᠨ ᠲᠤᠭᠲᠠᠯᠴᠠᠭ᠎ᠠ ᠶᠢ ᠪᠠᠶᠢᠭᠤᠯᠵᠤ᠂ ᠤᠶᠤᠨᠲᠤ | ᠨᠣᠮ ᠤᠨ ᠰᠠᠩ᠂ ᠤᠶᠤᠨᠲᠤ ᠮᠦᠽᠧᠶ᠂ ᠤᠶᠤᠨᠲᠤ ᠷᠠᠳᠢᠣ᠋ ᠲᠧᠯᠸᠢᠰ ᠵᠡᠷᠭᠡ ᠳ᠋ᠢᠭᠢᠲ᠋ᠠᠯ ᠦᠢᠯᠡᠴᠢᠯᠡᠭᠡᠨ ᠤ ᠲᠠᠪᠴᠠᠩ ᠢ ᠪᠠᠶᠢᠭᠤᠯᠵᠤ᠂ ᠡᠭᠦᠯᠡᠨ ᠦᠵᠡᠰᠬᠦᠯᠡᠩ᠂ | ᠡᠭᠦᠯᠡᠨ ᠤᠩᠰᠢᠯᠭ᠎ᠠ᠂ ᠡᠭᠦᠯᠡᠨ ᠦᠵᠡᠵᠦ ᠰᠣᠨᠣᠰᠬᠤ᠂ ᠡᠭᠦᠯᠡᠨ ᠪᠡᠶᠡᠴᠢᠯᠡᠨ ᠣᠶᠢᠯᠠᠭᠠᠬᠤ ᠶᠢ ᠢᠳᠡᠪᠬᠢᠲᠡᠢ ᠬᠥᠭᠵᠢᠭᠦᠯᠵᠦ᠂ ᠬᠦᠳᠡᠭᠡ ᠠᠶᠢᠯ ᠤᠨ ᠨᠣᠮ ᠤᠨ | ᠥᠷᠥᠭᠡ ᠶᠢᠨ ᠳ᠋ᠢᠭᠢᠳ᠋ᠴᠢᠯᠡᠭᠰᠡᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠥᠷᠭᠡᠨ ᠣᠯᠠᠨ ᠠᠷᠠᠳ ᠲᠦᠮᠡᠨ ᠢ ︽ᠡᠭᠦᠯᠡᠨ ᠦᠵᠦᠭᠦᠷ︾᠂ ︽ᠬᠤᠷᠤᠭᠤᠨ | ᠦᠵᠦᠭᠦᠷ︾ ᠢᠶᠠᠷ ᠳᠠᠮᠵᠢᠭᠤᠯᠤᠨ ᠣᠯᠠᠨ ᠶᠠᠩᠵᠤᠴᠢᠯᠠᠭᠰᠠᠨ᠂ ᠣᠨᠣᠪᠴᠢᠯᠠᠭᠰᠠᠨ᠂ ᠴᠢᠨᠠᠷ ᠰᠠᠶᠢᠲᠠᠢ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡ ᠲᠠᠢ | ᠰᠢᠭᠤᠳ ᠵᠣᠯᠭᠠᠭᠤᠯᠤᠨ᠎ᠠ᠃ | ᠳᠦᠷᠪᠡᠳᠦᠭᠡᠷ ᠲᠤ᠂ ︽ᠰᠤᠶᠤᠯ ᠢ ᠬᠦᠷᠭᠡᠬᠦ︾ ᠪᠠ ︽ᠰᠤᠶᠤᠯ ᠢ ᠦᠨᠳᠦᠰᠦᠯᠡᠭᠦᠯᠬᠦ︾ ᠶᠢ ᠣᠷᠭᠠᠨᠢᠭ ᠢᠶᠠᠷ ᠤᠶᠠᠯᠳᠤᠭᠤᠯᠬᠤ ᠶᠢ ᠠᠬᠢᠭᠤᠯᠤᠨ᠎ᠠ᠃ | ᠦᠨᠳᠦᠰᠦᠨ ᠱᠠᠲᠤᠨ ᠤ ᠣᠯᠠᠨ ᠲᠦᠮᠡᠨ ᠤ ᠰᠣᠶᠣᠯ ᠤᠨ ᠠᠵᠢᠯᠯᠠᠭ᠎ᠠ ᠶᠢ ᠲᠡᠳᠬᠦᠵᠦ ᠬᠥᠲᠥᠯᠥᠨ ᠵᠢᠯᠣᠭᠤᠳᠬᠤ ᠡᠷᠴᠢᠮ ᠢᠶᠠᠨ ᠴᠢᠩᠭᠠᠷᠠᠭᠤᠯᠵᠤ᠂ ᠤᠷᠠᠯᠢᠭ ᠤᠨ | ᠵᠢᠯᠣᠭᠤᠳᠣᠯᠭ᠎ᠠ᠂ ᠲᠠᠯᠠᠪᠤᠷ᠂ ᠠᠮᠤᠷ ᠲᠦᠪᠰᠢᠨ᠂ ᠬᠤᠲᠠ ᠶᠢᠨ ᠬᠠᠮᠢᠶᠠᠷᠤᠯᠲᠠ ᠵᠡᠷᠭᠡ ᠲᠠᠯ᠎ᠠ ᠶᠢᠨ ᠳᠥᠭᠦᠮ ᠳᠦᠳᠡ ᠨᠦᠬᠦᠴᠡᠯ ᠢ ᠢᠳᠡᠪᠬᠢᠲᠡᠶ ᠬᠠᠩᠭᠠᠵᠤ᠂ ᠡᠯ᠎ᠡ | ᠱᠠᠲᠤᠨ ᠤ ᠡᠯ᠎ᠡ ᠲᠥᠷᠥᠯ ᠤᠨ ᠰᠣᠶᠣᠯ ᠤᠨ ᠨᠢᠭᠡᠴᠢ ᠬᠢᠭᠡᠳ ᠬᠤᠲᠠ ᠬᠥᠳᠡᠭᠡ ᠶᠢᠨ ᠦᠨᠳᠦᠰᠦᠨ ᠱᠠᠲᠤ ᠯᠤᠭ᠎ᠠ ︽ᠬᠤᠤᠰᠯᠠᠭᠤᠯᠬᠤ᠂ ᠰᠤᠶᠤᠯ ᠢ | ᠦᠨᠳᠦᠰᠦᠯᠡᠭᠦᠯᠬᠦ︾ ᠠᠵᠢᠯᠯᠠᠭ᠎ᠠ ᠦᠷᠨᠢᠭᠦᠯᠬᠦ ᠶᠢ ᠵᠤᠷᠢᠭᠵᠢᠭᠤᠯᠵᠤ᠂ ᠪᠦᠬᠦ ᠠᠷᠠᠳ ᠲᠤ ᠤᠷᠠᠯᠢᠭ ᠢ ᠲᠦᠭᠡᠮᠡᠯᠵᠢᠭᠦᠯᠵᠦ᠂ ᠦᠨᠳᠦᠰᠦᠨ ᠱᠠᠲᠤᠨ ᠳᠤ | ᠦᠨᠳᠦᠰᠦᠯᠡᠭᠰᠡᠨ ᠣᠯᠠᠨ ᠲᠦᠮᠡᠨ ᠤ ᠤᠳᠬ᠎ᠠ ᠤᠷᠠᠯᠢᠭ ᠤᠨ ᠪᠦᠯᠬᠦᠮ ᠢ ᠪᠤᠶᠢᠵᠢᠭᠤᠯᠤᠨ᠂ ᠬᠤᠷᠴᠠ ᠴᠢᠳᠠᠮᠠᠭᠠᠶ ᠥᠨᠳᠥᠷ ᠪᠦᠲᠦᠮᠵᠢᠲᠡᠶ ᠪᠠᠶᠢᠬᠤ ᠦᠨᠳᠦᠰᠦᠨ | ᠱᠠᠲᠤᠨ ᠤ ᠰᠣᠶᠣᠯ ᠤᠨ ᠴᠢᠳᠠᠪᠤᠷᠢᠲᠠᠨ ᠤ ᠡᠩᠨᠡᠭᠡ ᠶᠢ ᠪᠠᠶᠢᠭᠤᠯᠵᠤ᠂ ᠣᠯᠠᠨ ᠲᠦᠮᠡᠨ ᠤ ᠰᠣᠶᠣᠯ ᠤᠨ ᠠᠵᠢᠯᠯᠠᠭ᠎ᠠ ᠶᠢᠨ ᠨᠡᠷᠡᠲᠦ ᠲᠥᠷᠥᠯ ᠲᠡᠮᠳᠡᠭᠲᠦ ᠶᠢᠨ | ᠪᠦᠲᠦᠭᠡᠨ ᠪᠠᠶᠢᠭᠤᠯᠤᠯᠲᠠ ᠶᠢ ᠴᠢᠩᠭᠠᠳᠬᠠᠨ᠂ ︽ᠣᠯᠠᠨ ᠣᠳᠣᠨ ᠱᠠᠩᠨᠠᠯ︾ ᠵᠡᠷᠭᠡ ᠵᠢᠱᠢᠶ᠎ᠡ ᠦᠵᠡᠭᠦᠯᠬᠦ ᠦᠢᠯᠡᠳᠦᠯ ᠢ ᠭᠦᠢᠴᠡᠳ ᠪᠠᠳᠠᠷᠠᠭᠤᠯᠵᠤ᠂ ᠣᠯᠠᠨ | ᠲᠦᠮᠡᠨ ᠤ ᠤᠳᠬ᠎ᠠ ᠤᠷᠠᠯᠢᠭ ᠤᠨ ᠰᠣᠳᠣᠨ ᠪᠦᠲᠦᠭᠡᠯ ᠵᠣᠬᠢᠶᠠᠨ ᠪᠦᠲᠦᠭᠡᠬᠦ ᠶᠢ ᠠᠬᠢᠭᠤᠯᠵᠤ᠂ ᠬᠤᠲᠠ ᠬᠥᠳᠡᠭᠡ ᠶᠢᠨ ᠦᠨᠳᠦᠰᠦᠨ ᠱᠠᠲᠤᠨ ᠤ ᠰᠣᠶᠣᠯ ᠤᠨ | ᠪᠠᠶᠢᠭᠤᠯᠤᠯᠲᠠ ᠶᠢᠨ ᠥᠪᠡᠷ ᠢ ᠪᠠᠨ ᠬᠥᠭᠵᠢᠭᠦᠯᠬᠦ᠂ ᠦᠪᠡᠷ ᠤᠨ ᠪᠡᠶ᠎ᠡ ᠳᠤ ᠪᠠᠨ ᠦᠢᠯᠡᠴᠢᠯᠡᠬᠦ ᠴᠢᠳᠠᠮᠵᠢ ᠶᠢ ᠨᠢ ᠨᠡᠮᠡᠭᠳᠡᠭᠦᠯᠦᠨ᠎ᠡ᠃ |