| ︽ᠬᠦᠳᠡᠯᠮᠦᠷᠢ ᠶᠢᠨ ᠴᠢᠨᠠᠷᠲᠠᠢ ᠠᠰᠢᠭ ᠣᠷᠤᠯᠭ᠎ᠠ︾ | ᠬᠥᠳᠡᠯᠮᠦᠷᠢ ᠶᠢᠨ ᠴᠢᠨᠠᠷᠲᠠᠶ ᠠᠰᠢᠭ ᠣᠷᠤᠯᠭ᠎ᠠ ᠭᠡᠳᠡᠭ ᠨᠢ ᠬᠥᠳᠡᠯᠮᠦᠷᠢ ᠪᠠᠷ ᠳᠠᠮᠵᠢᠨ ᠦᠨ᠎ᠡ ᠥᠷᠲᠡᠭ ᠪᠣᠯᠤᠨ ᠬᠡᠷᠡᠭᠴᠡᠭᠡᠨ ᠤ ᠦᠨ᠎ᠡ ᠥᠷᠲᠡᠭ ᠢ ᠡᠭᠦᠳᠦᠨ | ᠪᠦᠲᠦᠭᠡᠭᠰᠡᠨ ᠠᠴᠠ ᠪᠣᠯᠵᠤ ᠣᠯᠤᠭᠰᠠᠨ ᠠᠰᠢᠭ ᠣᠷᠤᠯᠭ᠎ᠠ ᠶᠢ ᠵᠢᠭᠠᠵᠤ᠂ ᠪᠣᠳᠠᠰᠴᠢ ᠴᠢᠨᠠᠷ ᠤᠨ ᠪᠠ ᠪᠣᠳᠠᠰᠴᠢ ᠪᠤᠰᠤ ᠴᠢᠨᠠᠷ ᠤᠨ ᠬᠥᠳᠡᠯᠮᠦᠷᠢ ᠶᠢᠨ | ᠪᠦᠲᠦᠭᠡᠭᠲᠡᠬᠦᠨ ᠢ ᠪᠠᠭᠲᠠᠭᠠᠨ᠎ᠠ᠃ ᠬᠥᠳᠡᠯᠮᠦᠷᠢ ᠶᠢᠨ ᠴᠢᠨᠠᠷᠲᠠᠶ ᠠᠰᠢᠭ ᠣᠷᠤᠯᠭ᠎ᠠ ᠨᠢ ᠬᠥᠷᠥᠩᠭᠡ ᠶᠢᠨ ᠴᠢᠨᠠᠷᠲᠠᠶ ᠠᠰᠢᠭ ᠣᠷᠤᠯᠭ᠎ᠠ ᠠᠴᠠ ᠣᠨᠳᠣᠣ ᠪᠠᠶᠢᠵᠤ᠂ | ᠲᠡᠭᠦᠨ ᠢ ᠣᠯᠬᠤ ᠨᠥᠬᠦᠴᠡᠯ ᠨᠢ ᠡᠷᠬᠡᠪᠰᠢ ᠬᠥᠳᠡᠯᠮᠦᠷᠢ ᠢᠶᠠᠷ ᠳᠠᠮᠵᠢᠵᠤ᠂ ᠬᠥᠳᠡᠯᠮᠦᠷᠢ ᠶᠢᠨ ᠳᠤᠮᠳᠠ ᠠᠴᠠ ᠣᠯᠵᠤ᠂ ᠬᠥᠳᠡᠯᠮᠦᠷᠢᠯᠡᠬᠦ ᠦᠭᠡᠢ ᠪᠣᠯ ᠠᠰᠢᠭ | ᠣᠷᠤᠯᠭ᠎ᠠ ᠦᠭᠡᠢ᠃ | ︽ᠠᠷᠠᠳ ᠤᠨ ᠵᠣᠭᠤᠰ ᠤᠨ ᠬᠢᠯᠢ ᠶᠢᠨ ᠭᠠᠳᠠᠨᠠᠬᠢ ᠵᠠᠬ᠎ᠠ ᠳᠡᠯᠭᠡᠭᠦᠷ︾ | ᠣᠯᠠᠨ ᠤᠯᠤᠰ ᠤᠨ ᠵᠣᠭᠤᠰᠣᠨ ᠤ ᠰᠠᠭᠤᠷᠢ ᠮᠥᠩᠭᠦᠨ ᠤ ᠵᠣᠬᠢᠶᠠᠨ ᠪᠠᠶᠢᠭᠤᠯᠤᠯᠲᠠ ᠶᠢᠨ ᠲᠣᠭᠲᠠᠭᠠᠭᠰᠠᠨ ᠤᠬᠠᠭᠳᠠᠬᠤᠨ ᠢ ᠦᠨᠳᠦᠰᠦᠯᠡᠪᠡᠯ᠂ ᠬᠢᠯᠢ ᠶᠢᠨ | ᠭᠠᠳᠠᠨᠠᠬᠢ ᠵᠠᠬ᠎ᠠ ᠳᠡᠯᠭᠡᠭᠦᠷ ᠭᠡᠳᠡᠭ ᠨᠢ ᠡᠩ ᠤᠨ ᠪᠠᠶᠢᠳᠠᠯ ᠳᠤ ᠵᠣᠭᠤᠰ ᠲᠠᠷᠬᠠᠭᠠᠬᠤ ᠤᠯᠤᠰ ᠤᠨ ᠭᠠᠳᠠᠨ᠎ᠠ᠂ ᠲᠤᠰ ᠤᠯᠤᠰ ᠤᠨ ᠵᠣᠭᠤᠰᠣᠨ ᠤ ᠪᠡᠯᠡ ᠮᠥᠩᠭᠦ ᠶᠢ | ᠲᠣᠬᠢᠷᠠᠭᠤᠯᠤᠨ ᠨᠡᠪᠲᠡᠷᠡᠭᠦᠯᠬᠦ ᠠᠵᠢᠯᠯᠠᠭ᠎ᠠ ᠥᠷᠨᠢᠭᠦᠯᠬᠦ ᠣᠷᠣᠨ ᠪᠦᠰᠡ ᠶᠢ ᠵᠢᠭᠠᠵᠤ᠂ ᠪᠠᠰᠠ ᠵᠣᠭᠤᠰ ᠲᠠᠷᠬᠠᠭᠠᠬᠤ ᠤᠯᠤᠰ ᠤᠨ ᠳᠣᠲᠣᠭᠠᠳᠤ ᠳᠤ ᠪᠠᠨ ᠣᠯᠠᠨ | ᠤᠯᠤᠰ ᠤᠨ ᠳᠦᠷᠢᠮ ᠲᠣᠭᠲᠠᠭᠠᠯ ᠯᠤᠭ᠎ᠠ ᠵᠣᠯᠭᠠᠯᠳᠤᠭᠰᠠᠨ ᠬᠠᠤᠯᠢ ᠴᠠᠭᠠᠵᠠ᠂ ᠨᠢᠭᠲᠠᠯᠠᠨ ᠪᠣᠳᠣᠬᠤ᠂ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠵᠡᠷᠭᠡ | ᠳᠦᠷᠢᠮ ᠤᠨ ᠨᠥᠬᠦᠴᠡᠯ ᠢ ᠪᠦᠷᠢᠯᠳᠦᠭᠦᠯᠦᠭᠰᠡᠨ ᠣᠨᠴᠠᠭᠠᠢ ᠣᠷᠣᠨ ᠪᠦᠰᠡ ᠶᠢ ᠵᠢᠭᠠᠨ᠎ᠠ᠃ ᠬᠠᠷᠢᠴᠠᠩᠭᠤᠢ ᠪᠠᠷ᠂ ᠠᠷᠠᠳ ᠤᠨ ᠵᠣᠭᠤᠰ ᠤᠨ ᠬᠢᠯᠢ ᠶᠢᠨ ᠭᠠᠳᠠᠨᠠᠬᠢ | ᠵᠠᠬ᠎ᠠ ᠳᠡᠯᠭᠡᠭᠦᠷ ᠭᠡᠳᠡᠭ ᠨᠢ ᠳᠤᠮᠳᠠᠳᠤ ᠤᠯᠤᠰ ᠤᠨ ᠬᠠᠤᠯᠢ ᠴᠠᠭᠠᠵᠠ ᠶᠢᠨ ᠬᠠᠷᠢᠶᠠᠯᠠᠯ ᠤᠨ ᠭᠠᠳᠠᠨ᠎ᠠ ᠶᠢᠨ ᠠᠷᠠᠳ ᠤᠨ ᠵᠣᠭᠤᠰ ᠤᠨ ᠬᠠᠳᠠᠭᠠᠯᠠᠮᠵᠢ ᠵᠢᠭᠡᠯᠡᠯᠭᠡ᠂ | ᠭᠤᠪᠢᠭᠤᠯᠭ᠎ᠠ ᠪᠠ ᠳ᠋ᠦᠩᠨᠡᠨ ᠪᠣᠳᠣᠬᠤ ᠵᠢᠴᠢ ᠠᠷᠠᠳ ᠤᠨ ᠵᠣᠭᠤᠰ ᠢᠶᠠᠷ ᠦᠨ᠎ᠡ ᠪᠣᠳᠣᠬᠤ ᠰᠲ᠋ᠣᠺ᠂ ᠵᠢᠭᠡᠯᠡᠯᠭᠡ ᠶᠢᠨ ᠲᠡᠮᠳᠡᠭᠲᠦ᠂ ᠡᠭᠦᠰᠦᠮᠡᠯ ᠡᠳ᠋ ᠵᠡᠷᠭᠡ ᠮᠥᠩᠭᠦᠨ | ᠭᠦᠢᠯᠭᠡᠭᠡᠨ ᠤ ᠨᠡᠷᠡᠳᠭᠦᠨ ᠢ ᠲᠠᠷᠬᠠᠭᠠᠬᠤ ᠪᠠ ᠠᠷᠠᠯᠵᠢᠶᠠᠯᠠᠬᠤ ᠣᠷᠣᠨ ᠪᠦᠰᠡ ᠶᠢ ᠵᠢᠭᠠᠨ᠎ᠠ᠃ ᠣᠳᠣᠬᠠᠨ ᠳᠤ ᠠᠷᠠᠳ ᠤᠨ ᠵᠣᠭᠤᠰᠤᠨ ᠤ ᠬᠢᠯᠢ ᠶᠢᠨ ᠭᠠᠳᠠᠨᠠᠬᠢ | ᠵᠠᠬ᠎ᠠ ᠳᠡᠯᠭᠡᠭᠦᠷ ᠲᠤ ᠭᠤᠣᠯᠳᠠᠭᠤ ᠳᠤᠮᠳᠠᠳᠤ ᠤᠯᠤᠰ ᠤᠨ ᠰᠢᠶᠠᠩᠭᠠᠩ᠂ ᠰᠢᠩᠭᠠᠫᠤᠷ᠂ ᠠᠩᠭ᠍ᠯᠢ ᠶᠢᠨ ᠯᠣᠨᠳᠣᠨ ᠵᠡᠷᠭᠡ ᠭᠠᠵᠠᠷ ᠪᠠᠭᠲᠠᠨ᠎ᠠ᠃ | ︽ᠦᠨᠳᠦᠰᠦᠨ ᠲᠠᠷᠢᠮᠠᠯ︾ | ᠦᠨᠳᠦᠰᠦᠨ ᠲᠠᠷᠢᠮᠠᠯ ᠭᠡᠳᠡᠭ ᠨᠢ ᠬᠥᠮᠦᠰ ᠤᠨ ᠦᠨᠳᠦᠰᠦᠨ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡ ᠶᠢ ᠬᠠᠩᠭᠠᠬᠤ ᠶᠢᠨ ᠲᠥᠯᠥᠭᠡ ᠶᠡᠭᠡ ᠬᠡᠮᠵᠢᠶ᠎ᠡ ᠪᠠᠷ | ᠲᠠᠷᠢᠭᠰᠠᠨ ᠲᠠᠷᠢᠮᠠᠯ ᠢ ᠵᠢᠭᠠᠨ᠎ᠠ᠃ ᠤᠯᠤᠰ ᠤᠨ ᠳᠡᠰ ᠳᠠᠪᠬᠤᠷᠭ᠎ᠠ ᠠᠴᠠ ᠠᠪᠴᠤ ᠦᠵᠡᠪᠡᠯ᠂ ᠦᠨᠳᠦᠰᠦᠨ ᠲᠠᠷᠢᠮᠠᠯ ᠳᠤ ᠭᠤᠣᠯᠳᠠᠭᠤ ᠠᠮᠤ ᠪᠤᠳᠠᠭ᠎ᠠ᠂ ᠲᠣᠰᠣᠯᠢᠭ | ᠵᠦᠢᠯ᠂ ᠬᠥᠪᠥᠩ᠂ ᠰᠢᠬᠢᠷᠯᠢᠭ ᠡᠳ᠋᠂ ᠢᠳᠡᠰᠢᠨ ᠨᠣᠭᠤᠭ᠎ᠠ᠂ ᠲᠡᠵᠢᠭᠡᠯ ᠡᠪᠡᠰᠦ ᠪᠣᠷᠳᠤᠭ᠎ᠠ ᠵᠡᠷᠭᠡ ᠰᠠᠭᠤᠷᠢᠯᠠᠬᠤ ᠴᠢᠨᠠᠷᠲᠠᠶ᠂ ᠪᠠᠶᠢᠯᠳᠤᠬᠤ ᠪᠣᠳᠣᠯᠭ᠎ᠠ ᠶᠢᠨ | ᠴᠢᠨᠠᠷᠲᠠᠶ ᠲᠠᠷᠢᠮᠠᠯ ᠤᠨ ᠵᠦᠢᠯ ᠪᠠᠭᠲᠠᠨ᠎ᠠ᠃ ᠡᠯ᠎ᠡ ᠭᠠᠵᠠᠷ ᠣᠷᠣᠨ ᠳᠤ ᠪᠣᠳᠠᠲᠠᠶ ᠪᠠᠷ ᠠᠪᠴᠤ ᠦᠵᠡᠪᠡᠯ᠂ ᠡᠬᠢ ᠪᠠᠶᠠᠯᠢᠭ ᠤᠨ ᠨᠦᠬᠡᠴᠡ ᠭᠦᠢᠴᠡᠳ᠂ ᠠᠭᠤᠷ | ᠠᠮᠢᠰᠬᠤᠯ ᠤᠨ ᠨᠥᠬᠦᠴᠡᠯ᠂ ᠲᠠᠷᠢᠮᠠᠯ ᠤᠨ ᠲᠦᠷᠢᠮ᠂ ᠣᠷᠣᠨ ᠪᠠᠶᠢᠷᠢ ᠶᠢᠨ ᠨᠥᠬᠦᠴᠡᠯ ᠵᠡᠷᠭᠡ ᠬᠦᠴᠦᠨ ᠵᠦᠢᠯ ᠢ ᠦᠨᠳᠦᠰᠦᠯᠡᠨ᠂ ᠦᠨᠳᠦᠰᠦᠨ ᠲᠠᠷᠢᠮᠠᠯ ᠳᠤ ᠪᠠᠰᠠ | ᠲᠠᠷᠢᠵᠤ ᠤᠷᠭᠤᠭᠤᠯᠤᠭᠰᠠᠨ ᠲᠡᠦᠬᠡ᠂ ᠠᠵᠤ ᠦᠢᠯᠡᠰ ᠤᠨ ᠳᠠᠪᠠᠭᠤᠯᠢᠭ ᠵᠢᠴᠢ ᠦᠢᠯᠡᠳᠪᠦᠷᠢᠯᠡᠯ ᠠᠮᠢᠳᠤᠷᠠᠯ ᠳᠤ ᠡᠷᠬᠡᠪᠰᠢ ᠪᠦᠷᠢᠯᠳᠦᠭᠦᠯᠬᠦ ᠣᠷᠣᠨ ᠪᠦᠰᠡ ᠶᠢᠨ | ᠴᠢᠨᠠᠷᠲᠠᠶ ᠵᠦᠢᠯ ᠲᠦᠷᠦᠯ ᠤᠳ ᠢ ᠪᠠᠭᠲᠠᠭᠠᠨ᠎ᠠ᠃ ᠦᠨᠳᠦᠰᠦᠨ ᠲᠠᠷᠢᠮᠠᠯ ᠨᠢ ᠣᠷᠣᠰᠢᠨ ᠲᠣᠭᠲᠠᠨᠢᠬᠤ ᠠᠮᠤᠷ ᠲᠦᠪᠰᠢᠨ᠂ ᠤᠯᠤᠰ ᠤᠨ ᠠᠮᠤᠷ ᠲᠦᠪᠰᠢᠨ ᠲᠠᠢ | ᠰᠢᠭᠤᠳ ᠬᠤᠯᠪᠣᠭᠳᠠᠬᠤ ᠪᠣᠯᠬᠤᠷ᠂ ᠲᠠᠷᠢᠶᠠᠨ ᠭᠠᠵᠠᠷ ᠤᠨ ᠡᠬᠢ ᠪᠠᠶᠠᠯᠢᠭ ᠤᠨ ᠠᠰᠢᠭᠯᠠᠯᠲᠠ ᠶᠢᠨ ᠲᠠᠯ᠎ᠠ ᠪᠠᠷ ᠡᠩ ᠲᠡᠷᠢᠭᠦᠨ ᠳᠤ ᠪᠠᠲᠤᠯᠠᠭ᠎ᠠ ᠬᠠᠩᠭᠠᠬᠤ | ᠴᠢᠬᠤᠯᠠ ᠲᠠᠢ ᠪᠠᠶᠢᠨ᠎ᠠ᠃ |