ᠮᠤᠩᠭᠤᠯᠴᠤᠳ ᠶᠢᠷᠳᠢᠡᠴᠦ ᠳᠡᠯᠡᠬᠡᠢ ᠶᠢᠨ ᠠᠯᠢᠪᠠ ᠬᠦᠮᠦᠨ ᠠᠮᠢᠳᠡᠨ ᠴᠦᠮ ᠲᠡᠭᠷᠢ ᠠᠴᠠ ᠵᠠᠶᠠᠭᠠᠵᠦ ᠲᠦᠷᠦᠭᠦᠯᠵᠦ ᠦᠷᠡᠵᠢᠭᠦᠯᠦᠭᠰᠡᠨ ᠪᠦᠭᠡᠳ ᠡᠬᠡ | ᠪᠠᠶᠢᠭᠠᠯᠢ ᠶᠢᠨ ᠡᠯᠳᠡᠪ ᠵᠦᠢᠯ ᠤᠨ ᠤᠷᠭᠤᠮᠠᠯ ᠪᠤᠳᠠᠰ ᠢ ᠴᠦ ᠲᠡᠭᠷᠢ ᠠᠮᠢᠯᠠᠭᠤᠯᠤᠨ ᠭᠠᠷᠭᠠᠭᠰᠡᠨ ᠭᠡᠵᠦ ᠦᠵᠡᠳᠡᠭ ᠠᠴᠠ ︽ᠲᠡᠭᠷᠢ ᠠᠪᠤ︾ ︽ᠡᠴᠢᠭᠡ ᠲᠡᠭᠷᠢ︾ | ᠭᠡᠵᠦ ᠲᠡᠭᠡᠳᠦᠯᠡᠨ ᠳᠠᠭᠤᠳᠠᠵᠦ᠂ ᠴᠢᠩᠬᠢᠰ ᠬᠠᠭᠠᠨ ᠢᠶᠠᠨ ᠡᠴᠢᠭᠡ ᠲᠡᠭᠷᠢ ᠠᠴᠠ ᠰᠤᠶᠤᠷᠬᠠᠨ ᠲᠦᠷᠦᠭᠦᠯᠦᠭᠰᠡᠨ ︽ᠲᠡᠭᠷᠢ ᠶᠢᠨ ᠬᠦᠪᠡᠬᠦᠨ︾ ᠬᠡᠮᠡᠨ ᠨᠡᠷᠡᠯᠡᠵᠡᠢ᠃ | ᠳᠡᠭᠡᠭᠦ ᠳᠡᠭᠡᠨ ᠲᠡᠭᠷᠢ ᠶᠢ ᠰᠢᠳᠦᠬᠦ᠂ ᠲᠡᠭᠷᠢ ᠶᠢ ᠬᠦᠡᠳᠦᠯᠡᠬᠦ ᠵᠠᠩᠰᠢᠯ ᠲᠠᠢ ᠪᠤᠯᠵᠡᠢ᠃ ᠴᠢᠩᠬᠢᠰ ᠬᠠᠭᠠᠨ ᠪᠡᠯᠭᠡ ᠶᠢᠨ ᠳᠡᠭᠡᠳᠦ ᠶᠢᠨ ᠰᠢᠳᠦᠭᠡᠨ ᠳᠡᠭᠡᠨ ᠴᠠᠭᠠᠭᠴᠢ | ᠭᠡᠭᠦᠦ ᠶᠢᠨ ᠡᠰᠦᠭ ᠤᠨ ᠰᠠᠴᠤᠯᠢ ᠡᠷᠭᠦᠵᠦ ᠪᠠᠶᠢᠠᠠᠰᠡᠨ ᠨᠢ ᠴᠠᠭᠠᠨ ᠮᠤᠷᠢ ᠨᠢ ᠪᠡᠯᠭᠡ ᠶᠢᠨ ᠳᠡᠭᠡᠳᠦ᠂ ᠴᠠᠭᠠᠨ ᠴᠡᠭᠡ ᠨᠢ ᠢᠳᠡᠭᠡᠨ ᠤ ᠳᠡᠭᠡᠵᠢ ᠭᠡᠵᠦ ᠦᠵᠡᠵᠦ | ᠪᠠᠶᠢᠠᠠᠰᠡᠨ ᠪᠠᠶᠢᠨ᠎ᠠ᠃ ᠬᠡᠬᠦ ᠳᠡᠭᠡᠨ ᠮᠤᠩᠭᠤᠯᠴᠤᠳ ᠦᠷᠯᠦᠭᠡ ᠡᠷᠳᠡ ᠰᠠᠭᠠᠵᠦ ᠠᠪᠤᠠᠠᠰᠡᠨ ᠦᠨᠢᠶᠡᠨ ᠰᠦ ᠪᠠᠨ ︽ᠰᠠᠴᠤᠯᠢ︾ ᠭᠡᠵᠦ᠂ ᠠᠷᠢᠭᠤᠨ ᠴᠠᠭᠠᠨ | ᠰᠦ ᠪᠠᠨ ᠡᠴᠢᠭᠡ ᠲᠡᠭᠷᠢ ᠳᠡᠭᠡᠨ ᠰᠠᠴᠤᠯᠢ ᠡᠷᠭᠦᠵᠦ ᠦᠨᠡᠡᠴᠢ ᠰᠡᠳᠬᠢᠯ ᠢᠶᠠᠷ ᠰᠦᠰᠦᠭᠯᠡᠨ ᠳᠠᠬᠢᠵᠦ ᠪᠠᠶᠢᠬᠤ ᠪᠠᠨ ᠢᠯᠡᠳᠬᠡᠳᠡᠭ ᠶᠤᠮ᠃ ᠡᠭᠦᠨ ᠠᠴᠠ ᠦᠵᠡᠬᠦ ᠳᠤ | ᠮᠤᠩᠭᠤᠯᠴᠤᠳ ᠤᠨ ᠰᠠᠴᠤᠯᠢ ᠡᠷᠭᠦᠳᠡᠭ ᠵᠠᠩᠰᠢᠯ ᠨᠢ ᠲᠡᠭᠷᠢ ᠶᠢ ᠰᠢᠳᠦᠨ ᠪᠢᠰᠢᠷᠡᠳᠡᠭ ᠦᠵᠡᠯ ᠠᠴᠠ ᠡᠭᠦᠰᠦᠭᠰᠡᠨ ᠶᠤᠮ ᠪᠠᠶᠢᠨ᠎ᠠ᠃ | ᠮᠤᠩᠭᠤᠯᠴᠤᠳ ᠶᠠᠮᠠᠷ ᠨᠢᠭᠡᠨ ᠪᠠᠶᠠᠷ ᠨᠠᠶᠢᠷ᠂ ᠦᠯᠵᠡᠢ ᠪᠡᠯᠭᠡ ᠲᠠᠢ ᠤᠴᠢᠷ ᠶᠠᠪᠤᠳᠠᠯ ᠤᠨ ᠲᠡᠷᠢᠭᠦᠨ ᠳᠤ ᠪᠡᠯᠭᠡ ᠳᠡᠮᠪᠡᠷᠢᠯ ᠢ ᠡᠷᠬᠢᠮᠯᠡᠨ ᠤᠮᠳᠠᠭᠠᠨ ᠤ | ᠳᠡᠭᠡᠵᠢ ᠪᠠᠨ ᠰᠠᠴᠤᠯᠢ ᠡᠷᠭᠦᠳᠡᠭ ᠶᠤᠮ᠃ ᠡᠩ ᠲᠡᠷᠢᠭᠦᠨ ᠳᠤ ᠴᠠᠭᠠᠨ ᠰᠠᠷ᠎ᠠ ᠶᠢᠨ ᠲᠡᠭᠷᠢ ᠳᠠᠬᠢᠬᠤ ᠳᠠᠭᠠᠨ ᠴᠠᠭᠠᠨ ᠢᠳᠡᠭᠡᠨ᠂ ᠰᠦ ᠲᠠᠢ ᠴᠠᠢ᠂ ᠠᠷᠢᠬᠢ | ᠳᠠᠷᠠᠰᠦ ᠪᠠᠷ ᠢᠶᠠᠨ ᠡᠴᠢᠭᠡ ᠳᠡᠭᠷᠢ ᠳᠡᠭᠡᠨ ᠰᠠᠴᠤᠯᠢ ᠡᠷᠭᠦᠵᠦ ᠲᠦᠷᠪᠡᠨ ᠵᠦᠭ ᠨᠠᠢᠮᠠᠨ ᠵᠤᠪᠬᠢᠰ ᠲᠤ ᠮᠦᠷᠭᠦᠵᠦ ᠰᠢᠨ᠎ᠠ ᠨᠢᠭᠡᠨ ᠵᠢᠯ ᠲᠡᠭᠡᠨ ᠠᠮᠤᠷ ᠠᠮᠤᠭᠤᠯᠠᠩ | ᠠᠵᠦ ᠲᠦᠷᠦᠬᠦ ᠪᠠᠨ ᠰᠦᠰᠦᠭᠯᠡᠨ ᠳᠠᠭᠠᠳᠬᠠᠳᠠᠭ᠃ ᠮᠤᠩᠭᠤᠯᠴᠤᠳ ᠪᠠᠶᠠᠷ ᠨᠠᠶᠢᠷ ᠲᠤ ᠤᠷᠢᠠᠠᠳᠡᠨ ᠰᠠᠭᠤᠬᠤ᠂ ᠠᠶᠢᠯ ᠡᠷᠦᠬᠡ ᠳᠤ ᠵᠠᠯᠬᠠᠳᠡᠨ ᠵᠤᠴᠢᠨ ᠪᠤᠯᠬᠤ | ᠦᠶ᠎ᠠ ᠳᠤ ᠡᠮᠦᠨ᠎ᠠ ᠨᠢ ᠳᠠᠯᠪᠢᠠᠠᠰᠡᠨ ᠴᠠᠭᠠᠨ ᠢᠳᠡᠭᠡᠨ ᠠᠴᠠ ᠪᠠᠭ᠎ᠠ ᠬᠡᠯᠳᠦᠯᠦᠨ ᠠᠪᠴᠦ ᠳᠡᠭᠷᠢ ᠳᠤ ᠰᠠᠴᠤᠯᠢ ᠡᠷᠭᠦᠳᠡᠭ᠃ ᠨᠡᠩ ᠢᠯᠠᠩᠭᠤᠶ᠎ᠠ ᠠᠷᠢᠬᠢ ᠳᠠᠷᠠᠰᠦ | ᠪᠠᠷᠢᠵᠦ ᠦᠭᠪᠡᠯ ᠬᠤᠨᠳᠠᠭᠠᠨ ᠠᠴᠠ ᠪᠠᠨ ᠭᠤᠷᠪᠠᠨᠳᠠ ᠰᠠᠴᠤᠯᠢ ᠡᠷᠭᠦᠭᠰᠡᠨ ᠤ ᠳᠠᠷᠠᠭ᠎ᠠ ᠰᠠᠶ᠋ᠢ ᠠᠮᠰᠠᠳᠠᠭ᠃ ᠪᠡᠯᠭᠡ ᠳᠡᠮᠪᠡᠷᠢᠯ ᠢ ᠡᠷᠬᠢᠮᠯᠡᠳᠡᠭ ᠮᠤᠩᠭᠤᠯᠴᠤᠳ ᠠᠶᠠᠨ | ᠵᠢᠩ ᠳᠤ ᠶᠠᠪᠤᠬᠤ᠂ ᠠᠪᠠ ᠬᠦᠷᠦᠭᠡ ᠳᠤ ᠭᠠᠷᠬᠤ᠂ ᠨᠤᠳᠤᠭ ᠤᠰᠤ ᠰᠡᠯᠡᠭᠦᠨ ᠨᠡᠭᠦᠭᠦ ᠳᠤ ᠮᠤᠷᠳ᠋ᠬᠠᠰᠠᠳ ᠪᠠᠶ᠎ᠠ ᠪᠠᠨ ᠠᠷᠢᠭᠤᠯᠤᠨ᠂ ᠬᠦᠯᠦᠭ ᠤᠨᠤᠭ᠎ᠠ ᠡᠳ᠋ᠯᠡᠯ | ᠬᠡᠷᠡᠭᠰᠡᠯ ᠢᠶᠠᠨ ᠮᠢᠯᠢᠶᠠᠭᠠᠳ ᠰᠠᠴᠤᠯᠢ ᠡᠷᠭᠦᠵᠦ᠂ ᠭᠠᠢ ᠪᠠᠷᠴᠢᠳ ᠳᠠᠭᠠᠷᠠᠯᠳᠤᠯ ᠦᠭᠡᠢ᠂ ᠭᠠᠨᠴᠤᠭᠠ ᠲᠦᠭᠦᠷᠡᠩ ᠪᠤᠴᠨᠨ ᠢᠷᠡᠬᠦ ᠶᠢ ᠵᠦᠭᠨᠡᠨ ᠪᠡᠯᠭᠡᠳᠡᠳᠡᠭ᠃ | ᠲᠡᠷᠡᠴᠢᠯᠡᠨ ᠦᠷ᠎ᠠ ᠬᠡᠤᠬᠡᠳ ᠨᠢ ᠴᠡᠷᠢᠭ ᠲᠤ ᠮᠤᠷᠳᠠᠬᠤ᠂ ᠶᠡᠭᠡ ᠰᠤᠷᠭᠠᠭᠤᠯᠢ ᠳᠤ ᠶᠠᠪᠤᠬᠤ ᠳᠤ ᠬᠦᠨᠦᠭ ᠲᠠᠢ ᠰᠦ ᠠᠴᠠ ᠪᠠᠨ ᠰᠠᠴᠤᠯᠢ ᠡᠷᠭᠦᠵᠦ ᠠᠮᠤᠷ ᠮᠡᠡᠳᠦ | ᠶᠠᠪᠤᠭᠠᠷᠠᠢ᠂ ᠠᠵᠢᠯ ᠰᠤᠷᠤᠯᠭ᠎ᠠ ᠳᠠᠭᠠᠨ ᠠᠮᠵᠢᠯᠳᠠ ᠪᠦᠳᠦᠮᠵᠢ ᠤᠯᠤᠭᠠᠷᠠᠢ ᠭᠡᠵᠦ ᠢᠷᠦᠭᠡᠳᠡᠭ᠃ ᠮᠤᠩᠭᠤᠯᠴᠤᠳ ᠭᠠᠯ ᠤᠨ ᠳᠠᠯᠠᠯᠠᠭ᠎ᠠ᠂ ᠮᠠᠯ ᠤᠨ ᠬᠡᠰᠢᠭ ᠤᠨ | ᠳᠠᠯᠠᠯᠠᠭ᠎ᠠ᠂ ᠠᠶᠠᠨ ᠵᠢᠩ ᠤᠨ ᠳᠠᠯᠠᠯᠠᠭ᠎ᠠ᠂ ᠠᠪᠠ ᠬᠦᠷᠦᠭᠡ ᠶᠢᠨ ᠳᠠᠯᠠᠯᠠᠭ᠎ᠠ᠂ ᠮᠤᠷᠳᠠᠭᠤᠯᠭ᠎ᠠ ᠶᠢᠨ ᠳᠠᠯᠠᠯᠠᠭ᠎ᠠ᠂ ᠰᠦᠨᠡᠰᠦᠨ ᠤ ᠳᠠᠯᠠᠯᠠᠭ᠎ᠠ᠂ ᠰᠦᠯᠳᠡ ᠶᠢᠨ | ᠳᠠᠯᠠᠯᠭ᠎ᠠ᠂ ᠤᠪᠤᠭ᠎ᠠ ᠱᠠᠩᠰᠢ ᠶᠢᠨ ᠳᠠᠯᠠᠯᠠᠭ᠎ᠠ ᠠᠪᠳᠠᠭ᠃ ᠡᠳᠡᠭᠡᠷ ᠳᠠᠯᠠᠯᠠᠭ᠎ᠠ ᠶᠢᠨ ᠵᠠᠩ ᠦᠢᠯᠨ ᠨᠢ ᠲᠤᠰ ᠲᠤᠰ ᠲᠠᠭᠠᠨ ᠤᠡᠴᠠᠯᠢᠭ ᠲᠠᠢ ᠴᠦ ᠪᠦᠷ ᠡᠷᠭᠦᠯᠳᠡ | ᠰᠠᠴᠤᠯᠢ᠂ ᠳᠠᠯᠠᠯᠠᠭ᠎ᠠ ᠬᠤᠷᠦ᠋ᠢᠯᠠᠭ᠎ᠠ ᠪᠠᠨ ᠬᠦᠢᠴᠡᠳᠬᠡᠳᠡᠭ᠃ | ︽ᠮᠤᠩᠭᠤᠯ ᠬᠦᠮᠦᠨ ᠪᠡᠯᠭᠡ ᠪᠠᠷ᠂ ᠮᠠᠡᠵᠦ ᠬᠦᠮᠦᠨ ᠪᠡᠨ᠎ᠠ ᠪᠠᠷ︾ ᠭᠡᠵᠦ ᠮᠤᠩᠭᠤᠯᠴᠤᠳ ᠰᠠᠶᠢᠨ ᠰᠠᠶᠢᠬᠠᠨ ᠢ ᠬᠦᠰᠡᠳᠡᠭ ᠦᠨᠡᠡᠴᠢ ᠰᠡᠳᠬᠢᠯ ᠤᠨ ᠳᠡᠭᠡᠵᠢ ᠪᠠᠨ | ᠡᠴᠢᠭᠡ ᠳᠡᠭᠷᠢ ᠳᠡᠭᠡᠨ ᠰᠠᠴᠤᠯᠢ ᠡᠷᠭᠦᠨ ᠳᠠᠬᠢᠵᠦ᠂ ᠠᠭᠤᠯᠨ ᠤᠰᠤᠨ ᠤ ᠨᠠᠪᠳᠠᠭ ᠱᠠᠪᠳᠠᠭ ᠲᠠᠭᠠᠨ ᠡᠷᠭᠦᠯᠳᠡ ᠡᠷᠭᠦᠵᠦ ᠢᠯᠡᠳᠬᠡᠳᠡᠭ᠃ ᠡᠳᠦᠭᠡ ᠰᠠᠴᠤᠯᠢ ᠡᠷᠭᠦᠬᠦ | ᠵᠠᠩ ᠵᠤᠷᠰᠢᠯ ᠦᠡᠳᠦᠰᠦᠨ ᠳᠡᠭᠡᠨ ᠳᠡᠮᠡᠢ ᠦᠵᠡᠭᠳᠡᠬᠦ ᠦᠭᠡᠢ ᠪᠤᠯᠵᠡᠢ᠃ ᠠᠬᠠᠮᠠᠳ ᠨᠠᠰᠤᠳᠠᠶᠢᠴᠤᠳ ᠮᠦᠨ ᠯᠨ ᠡᠨᠡᠬᠦ ᠪᠡᠯᠭᠡ ᠳᠡᠮᠪᠡᠷᠢᠯ ᠲᠠᠢ ᠪᠤᠯᠪᠠᠰᠤᠨ | ᠵᠠᠩᠰᠢᠯ ᠢᠶᠠᠨ ᠪᠠᠷᠢᠮᠳᠠᠯᠠᠠᠰᠠᠭᠠᠷ ᠪᠠᠶᠢᠳᠠᠭ᠃ ᠮᠤᠩᠭᠤᠯᠴᠤᠳ ᠪᠢᠳᠡᠨ ᠮᠤᠩᠭᠤᠯ ᠤᠨ ᠢᠶᠠᠨ ᠡᠨᠡᠬᠦ ᠪᠡᠯᠭᠡ ᠳᠡᠮᠪᠡᠷᠢᠯ ᠤᠨ ᠵᠠᠩᠰᠢᠯ ᠢᠶᠠᠨ ᠤᠯᠠᠮᠵᠢᠯᠡᠨ ᠪᠠᠳᠠᠷᠠᠭᠤᠯᠵᠦ | ᠶᠠᠪᠤᠵᠠᠭᠠᠶ᠎ᠠ᠃ | |