ᠢᠳᠠᠮ ᠭᠡᠳᠡᠭ ᠨᠢ ᠦᠪᠡᠷ ᠤᠨ ᠰᠢᠳᠤᠭᠡᠨ ᠭᠡᠰᠡᠨ ᠤᠳᠬ᠎ᠠ ᠲᠠᠢ᠂ ᠪᠤᠷᠬᠠᠨ ᠱᠠᠰᠢᠨ ᠤ ᠦᠵᠡᠯᠳᠡ ᠪᠠᠷ ᠪᠤᠯ ᠬᠦᠮᠦᠨ ᠪᠦᠬᠦᠨ ᠳᠤ ᠦᠪᠡᠷ ᠢ ᠨᠢ ᠲᠤᠰᠠᠯᠠᠵᠦ | ᠲᠡᠮᠵᠢᠳᠡᠭ ᠰᠢᠳᠦᠭᠡᠨ ᠪᠠᠶᠢᠳᠠᠭ ᠭᠡᠨ᠎ᠡ᠃ ᠡᠬᠦᠨ ᠢ ᠨᠢ ᠢᠳᠠᠮ ᠭᠡᠳᠡᠭ᠃ ᠮᠤᠩᠭᠤᠯ ᠬᠦᠮᠦᠨ ᠤ ᠢᠳᠠᠮ ᠪᠤᠯ ᠲᠡᠭᠷᠢ᠂ ᠭᠠᠵᠠᠷ ᠪᠠ ᠲᠡᠭᠦᠨ ᠤ ᠲᠠᠯᠢᠢᠭᠴᠢ ᠲᠡᠭᠡᠳᠤᠰ | ᠪᠤᠯᠤᠨ᠎ᠠ᠃ ᠮᠤᠩᠭᠤᠯᠴᠤᠳ ᠠᠷᠢᠬᠢ ᠢᠳᠡᠭᠡᠨ ᠤ ᠲᠡᠭᠡᠵᠢ ᠪᠠᠨ ᠲᠦᠷᠪᠡᠲᠦᠬᠡᠷ ᠬᠤᠷᠤᠭᠤ ᠪᠠᠷ ᠢᠶᠠᠨ ᠰᠡᠷᠵᠢᠮᠯᠡᠨ ᠡᠷᠭᠦᠳᠡᠭ ᠵᠠᠩᠰᠢᠯ ᠲᠠᠢ᠃ ᠲᠡᠷᠡᠬᠦ ᠰᠡᠷᠵᠢᠮ | ᠡᠷᠭᠦᠳᠡᠭ ᠬᠤᠷᠤᠭᠤ ᠶᠢ ᠢᠳᠠᠮ ᠬᠤᠷᠤᠭᠤ ᠭᠡᠨ᠎ᠡ᠃ ᠲᠡᠭᠡᠪᠡᠯ ᠲᠦᠷᠪᠡᠳᠤᠭᠡᠷ ᠬᠤᠷᠤᠭᠤ ᠶᠠᠭᠠᠬᠢᠭᠠᠳ ᠢᠳᠠᠮ ᠬᠤᠷᠤᠭᠤ ᠪᠤᠯᠴᠢᠬᠠᠪᠠ︖ ᠬᠠᠮᠤᠭ ᠠᠷᠢᠭᠤᠨ | ᠴᠢᠭᠴᠢ ᠬᠤᠷᠤᠭᠤ ᠶᠤᠮ ᠭᠡᠨ᠎ᠡ᠃ ᠡᠷᠡᠬᠡᠢ ᠬᠤᠷᠤᠭᠤ ᠨᠢ ᠪᠤᠰᠤᠳ ᠢ ᠰᠠᠶᠢᠰᠢᠶᠠᠨ ᠮᠠᠭᠳᠠᠬᠤ ᠳᠤ ᠤᠯᠠᠨ ᠭᠠᠷᠳᠠᠭ ᠪᠠ ᠡᠷᠡᠬᠡᠢ ᠮᠡᠷᠭᠡᠨ ᠬᠡᠮᠡᠨ ᠨᠤᠮᠤ ᠰᠤᠮᠤ | ᠬᠠᠷᠪᠤᠳᠠᠭ ᠲᠤᠯᠠ ᠪᠢᠯᠳᠠᠤᠴᠢ ᠮᠦᠷᠳᠡᠭᠡᠨ ᠲᠠᠶᠢᠨᠴᠢ ᠭᠡᠨ᠎ᠡ᠃ ᠲᠤᠯᠤᠪᠤᠷ ᠬᠤᠷᠤᠭᠤ ᠨᠢ ᠪᠤᠰᠤᠳ ᠢ ᠵᠢᠭᠠᠨ ᠬᠠᠷᠢᠶᠠᠬᠤ ᠳᠤ ᠭᠠᠪᠰᠢᠭᠠᠶᠢᠯᠠᠳᠠᠭ ᠪᠦᠭᠡᠳ ᠢᠳᠡᠭᠡᠨ | ᠤᠮᠳᠠᠭᠠᠨ ᠢ ᠲᠤᠯᠤᠪᠤᠷ ᠢᠶᠠᠷ ᠢᠶᠠᠨ ᠡᠯᠬᠦᠨ ᠲᠤᠯᠢᠶᠠᠵᠦ ᠢᠳᠡᠳᠡᠭ ᠭᠡᠨ᠎ᠡ᠃ ᠲᠤᠮᠳᠠ ᠬᠤᠷᠤᠭᠤ ᠬᠠᠮᠤᠭ ᠤᠷᠳᠤ ᠲᠤᠯᠠ ᠪᠤᠰᠤᠳ ᠠᠴᠠ ᠲᠡᠷᠢᠭᠦᠨ ᠳᠤ ᠶᠠᠮᠠᠷᠴᠦ | ᠶᠠᠭᠤᠮᠠᠨ ᠬᠦᠷᠴᠢᠬᠡᠳᠡᠭ ᠭᠡᠨ᠎ᠡ᠂ ᠰᠢᠭᠡᠵᠢ ᠬᠤᠷᠤᠭᠤ ᠨᠢ ᠨᠡᠩ ᠴᠦ ᠪᠤᠰᠤᠳ ᠢ ᠮᠠᠭᠤᠯᠠᠳᠠᠭ ᠲᠤᠯᠠ ᠪᠠᠰᠠᠴᠦ ᠴᠡᠪᠡᠷ ᠪᠢᠰᠢ ᠭᠡᠨ᠎ᠡ᠃ ᠡᠴᠤᠰ ᠲᠤ ᠭᠠᠭᠴᠠᠬᠠᠨ | ᠲᠦᠷᠪᠡᠳᠦᠭᠡᠷ ᠬᠤᠷᠤᠭᠤ ᠨᠢ ᠬᠠᠮᠤᠭ ᠴᠡᠪᠡᠷ ᠪᠤᠯᠤᠭᠰᠠᠨ ᠲᠤᠯᠠ ᠢᠳᠠᠮ ᠨᠡᠷ᠎ᠡ ᠶᠢ ᠤᠯᠵᠦ ᠰᠡᠷᠵᠢᠮ ᠡᠷᠬᠦᠬᠦ ᠪᠤᠯᠵᠠᠢ᠃ | |