ᠤᠭᠤᠴᠡ ᠲᠠᠯᠪᠢᠬᠤ ᠶᠣᠰᠤ
ᠨᠡᠶᠢᠲᠡᠯᠡᠭᠰᠡᠨ ᠴᠠᠭ᠄
2024/11/5
    ᠤᠭᠤᠴᠡ ᠶᠢ ᠡᠷᠳᠡᠨ ᠤ ᠬᠠᠳᠣᠨ ᠢᠳᠡᠭᠡ ᠤᠮᠳᠠᠭ᠎ᠠ ᠭᠡᠳᠡᠭ᠃ ᠡᠷᠳᠡ ᠴᠠᠭ ᠲᠤ ︽ᠬᠠᠳᠣᠨ ᠢᠳᠡᠭᠡ︾ ᠭᠡᠳᠡᠭ ᠪᠠᠶᠢᠭᠰᠠᠨ ᠪᠠᠶᠢᠨ᠎ᠠ᠃ ᠡᠷᠳᠡᠨ ᠤ ᠶᠣᠰᠤᠭᠠᠷ ᠥᠵᠡᠪᠡᠯ᠂ ᠮᠣᠩᠭᠤᠯ ᠤᠯᠣᠰ ᠢ ᠲᠡᠷᠢᠭᠦᠯᠵᠤ ᠪᠠᠶᠢᠭ᠎ᠠ ᠨᠢᠬᠡ ᠯᠡ ᠬᠦᠮᠣᠨ ᠯᠡ ᠲᠠᠯᠪᠢᠬᠤ ᠶᠣᠰᠤᠳᠡᠢ᠃ ︽ᠬᠠᠭᠠᠨ ᠤ ᠬᠡᠰᠢᠭ ᠬᠦᠷᠳᠡᠭᠡᠨ᠎ᠡ︾ ᠭᠡᠵᠤ ᠪᠠᠶᠢᠳᠠᠭ᠃ ᠬᠡᠷᠴᠢᠮ ᠠᠴᠠ ᠨᠢ ᠥᠴᠤᠬᠡᠨ ᠶᠠᠭᠤᠮ᠎ᠠ ᠯᠡ ᠣᠨᠣᠭᠳᠠᠳᠠᠭ᠃ ᠵᠣᠷᠢᠵᠤ ᠤᠴᠢᠭᠰᠠᠨ ᠨᠢ ᠬᠦᠷᠳᠡᠳᠡᠭ᠃ ᠵᠣᠷᠢᠭ᠎ᠠ ᠦᠭᠡᠢ ᠨᠢᠭᠡᠨ ᠨᠢ ᠰᠢᠳᠤᠳᠡᠭ᠃ ᠵᠢᠱᠢᠶ᠎ᠠ ᠲᠠᠳᠠᠵᠤ ᠶᠡᠷᠢᠬᠤ ᠳᠤ᠂ ᠬᠠᠭᠠᠨ ᠲᠡᠭᠡᠷ᠎ᠡ ᠤᠯᠣᠰ ᠣᠷᠣᠨ ᠤ ᠥᠨᠴᠣᠭ᠌ ᠪᠥᠯᠣᠭ᠌ ᠪᠦᠷᠢ ᠠᠴᠠ ᠢᠷᠡᠭᠡᠳ ᠪᠠᠶᠢᠬᠤ ᠴᠢᠳᠠᠯ ᠲᠠᠢ ᠬᠦᠮᠣᠨ ᠴᠦ ᠪᠠᠶᠢᠨ᠎ᠠ᠂ ᠴᠢᠳᠠᠯ ᠦᠭᠡᠢ ᠨᠢᠭᠡᠨ ᠨᠢ ᠴᠦ ᠪᠠᠶᠢᠨ᠎ᠠ᠃ ᠢᠷᠡᠭᠰᠡᠨ ᠳᠤ ᠨᠢ ᠬᠦᠷᠳᠡᠭᠡᠳ᠂ ᠢᠷ᠎ᠡ ᠦᠭᠡᠢ ᠶᠢ ᠨᠢ ᠲᠥᠯᠤᠭᠡᠨ ᠳᠤ ︽ᠮᠢᠨᠤ ᠮᠣᠩᠭᠤᠯ ᠢ ᠬᠠᠷᠠᠵᠤ ᠳᠡᠭᠡᠳᠤᠯᠵᠤ ᠶᠠᠪᠤᠭᠠᠷᠡᠢ︾ ᠭᠡᠳ ᠡᠷᠭᠦᠴᠢᠭᠡᠳᠡᠭ ᠪᠠᠶᠢᠵᠡᠢ᠃     ᠨᠢᠭᠡ ᠲᠠᠯ᠎ᠠ ᠶᠢᠨ ᠰᠠᠶᠢᠰᠢᠶᠠᠵᠤ᠂ ᠪᠡᠯᠭᠡᠰᠢᠮᠡᠷ ᠵᠦᠢᠯ ᠨᠢ ᠥᠨᠤ ᠴᠠᠭ ᠲᠤ ᠮᠣᠩᠭᠤᠯ ᠣᠯᠠᠨ ᠬᠠᠳᠤᠨ ᠲᠠᠢ ᠪᠠᠶᠢᠨ᠎ᠠ᠃ ᠭᠡᠷ ᠤᠨ ᠡᠵᠡᠨ ᠪᠦᠷ ᠯᠡ ᠬᠠᠳᠠ ᠪᠠᠶᠢᠨ᠎ᠠ᠃ ᠡᠨᠡ ᠪᠣᠯ ᠪᠠᠰᠠ ᠨᠢᠭᠡ ᠤᠳᠬ᠎ᠠ ᠤᠷᠣᠯᠳᠣᠭᠠᠨ ᠤ ᠲᠣᠮᠣ ᠪᠡᠯᠭᠡᠳᠡᠯ᠃ ᠦᠭᠡᠷ᠎ᠡ ᠪᠠᠷ ᠬᠡᠯᠡᠪᠡᠯ ᠮᠣᠩᠭᠤᠯ ᠡᠵᠡᠨ ᠲᠠᠢ᠂ ᠡᠵᠡᠨ ᠪᠠᠶᠢᠳᠤᠭᠠᠢ ᠥᠴᠢᠨᠡᠨ᠂ ᠦᠢ ᠤᠯᠠᠨ ᠬᠠᠳᠤᠨ ᠲᠠᠢ ᠪᠠᠶᠢᠨ᠎ᠠ᠃ ᠡᠨᠡ ᠳᠣᠬᠢᠶᠠᠯᠳᠣᠯ ᠳᠤ ᠲᠡᠷᠡ ᠢᠳᠡᠭᠡ ᠤᠭᠤᠴᠡ ᠠᠴᠠ ᠰᠠᠶᠢᠨ ᠰᠠᠨᠠᠭᠰᠠᠨ ᠪᠣᠯᠭᠠᠨ ᠳᠤ ᠯᠡ ᠬᠦᠷᠳᠡᠬᠦ ᠶᠣᠰᠤᠳᠡᠢ᠃ ︽ᠲᠥᠷᠣ ᠳᠤ ᠬᠦᠮᠣᠨ ᠪᠠᠶᠢᠳᠠᠭ ᠦᠭᠡᠢ᠂ ᠲᠥᠷᠣ ᠳᠤ ᠲᠥᠷᠣ ᠯᠡ ᠪᠠᠶᠢᠳᠠᠭ︾ ᠭᠡᠳᠡᠭ᠃ ᠲᠡᠶᠢᠮᠤ ᠤᠴᠢᠷ ᠠᠴᠠ ᠲᠥᠷᠣ ᠶᠢᠨ ᠳᠡᠭᠡᠷ᠎ᠡ ᠪᠠᠶᠢᠭ᠎ᠠ ᠬᠦᠮᠣᠨ ᠢ ︽ᠬᠦᠮᠣᠨ︾ ᠭᠡᠵᠤ ᠦᠵᠡᠳᠡᠭ ᠦᠭᠡᠢ᠃ ᠲᠥᠷᠣ ᠯᠡ ᠭᠡᠵᠤ ᠦᠵᠡᠳᠡᠭ᠃ ᠤᠭ ᠨᠢ ᠣᠳᠤ ︽ᠡᠯᠪᠡᠭᠳᠣᠷᠵᠢ︾ ᠭᠡᠵᠤ ᠶᠠᠪᠤᠬᠤ ᠶᠣᠰᠤ ᠦᠭᠡᠢ᠃ ︽ᠲᠥᠷᠣ︾ ᠭᠡᠵᠤ ᠶᠠᠪᠤᠬᠤ ᠶᠣᠰᠤᠳᠡᠢ᠃ ︽ᠬᠦᠮᠣᠨ︾ ᠭᠡᠳᠡᠭ ᠬᠠᠷᠢᠶᠠᠯᠭᠠᠨ ᠠᠴᠠ ᠬᠠᠭᠠᠴᠠᠳᠠᠭ᠃ ︽ᠪᠢ ᠵᠤᠯᠢᠶᠠᠰᠤ ᠪᠣᠯᠣᠶ᠎ᠠ᠂ ᠡᠨᠡ ᠭᠤᠷᠪᠠᠨ ᠰᠠᠶ᠋ᠢ ᠬᠦᠮᠣᠨ ᠶᠢ ᠮᠠᠭᠤ ᠶᠠᠪᠤᠭᠤᠯᠣᠭᠰᠠᠨ ᠤ ᠲᠥᠯᠣᠭᠡ ᠦᠬᠦᠪᠡᠯ ᠦᠬᠦᠶ᠎ᠡ᠂ ᠬᠠᠳᠠᠪᠠᠯ ᠬᠠᠳᠠᠶ᠎ᠠ᠃ ᠪᠢ ᠰᠠᠶᠢᠨ ᠶᠠᠪᠤᠭᠤᠯᠬᠤ ᠶᠢᠨ ᠲᠥᠯᠣᠬᠡ ᠵᠢᠳᠬᠦᠶ᠎ᠡ︾ ᠭᠡᠳᠡᠭ ᠡᠨᠡ ᠪᠣᠯ ᠡᠵᠡᠨ ᠴᠢᠨᠡᠷ᠃     ᠭᠡᠷ ᠤᠨ ᠡᠵᠡᠨ ᠳᠤ ᠪᠤᠰᠤᠳ ᠤᠨ ᠢᠶᠠᠨ ᠡᠮᠤᠨ᠎ᠡ ᠠᠴᠠ ︽ᠰᠠᠶᠢᠨ ᠦᠢᠯᠡ ᠪᠦᠳᠦᠭᠡᠬᠦ ᠶᠢᠨ ᠲᠥᠯᠣᠭᠡ︾ ᠵᠢᠳᠭᠦᠳᠡᠭ ᠭᠡᠳᠡᠭ ᠤᠳᠬ᠎ᠠ ᠪᠠᠷ ᠢᠳᠡᠭᠡ᠂ ᠰᠢᠭᠦᠰᠤ ᠲᠠᠯᠪᠢᠳᠠᠭ᠃ ᠡᠨᠡ ᠪᠣᠯ ᠨᠣᠶᠠᠨ ᠪᠠᠶᠢᠬᠤ ᠶᠢᠨ ᠰᠢᠨᠵᠢ ᠪᠢᠰᠢ᠃ ᠡᠨᠡ ᠬᠡᠴᠡᠭᠦᠤ ᠶᠣᠰᠤ᠃ ︽ᠡᠵᠡᠨ ᠬᠦᠮᠣᠨ︾ ᠭᠡᠳᠡᠭ ᠲᠡᠶᠢᠮᠣ ᠯᠡ ᠪᠠᠶᠢᠳᠠᠭ᠃ ᠪᠤᠰᠤᠳ ᠢᠶᠠᠨ ᠮᠠᠭᠤ ᠶᠠᠪᠤᠭᠤᠯᠪᠠᠯ ᠲᠡᠷᠡ ᠯᠡ ᠬᠦᠮᠣᠨ ᠪᠤᠷᠤᠭᠤᠳᠠᠳᠠᠭ᠃ ᠪᠤᠰᠣᠳ ᠨᠢ ᠰᠠᠶᠢᠨ ᠶᠠᠪᠤᠪᠠᠯ ᠲᠡᠷᠡ ᠬᠦᠮᠣᠨ ᠰᠠᠶᠢᠰᠢᠶᠠᠭᠳᠠᠳᠠᠭ᠃ ᠲᠡᠶᠢᠮᠣ ᠤᠴᠢᠷ  ᠠᠴᠠ ᠲᠤᠬᠠᠢ ᠶᠢᠨ ᠦᠶ᠎ᠡ ᠶᠢᠨ ᠡᠵᠡᠨ ᠶᠣᠰᠤ ᠶᠢ ᠶᠡᠷᠢᠬᠤ ᠶᠤᠮ ᠪᠣᠯ᠂ ᠡᠵᠡᠨ ᠬᠦᠮᠣᠨ ᠥᠪᠡᠷ ᠲᠤ ᠪᠠᠨ ᠰᠠᠶᠢᠨ ᠰᠠᠨᠠᠵᠤ ᠪᠢᠰᠢ᠂ ᠪᠤᠰᠤᠳ ᠤᠨ ᠲᠥᠯᠣᠭᠡ ᠢᠳᠡᠭᠡ ᠰᠢᠭᠦᠰᠤ ᠲᠠᠯᠪᠢᠳᠠᠭ ᠪᠠᠶᠢᠭᠰᠠᠨ᠃ ᠲᠡᠭᠡᠭᠡᠳ ᠥᠪᠡᠷ ᠢᠶᠠᠨ ᠬᠦᠷᠳᠡᠳᠡᠭ ᠦᠭᠡᠢ᠂ ᠤᠯᠣᠰ ᠡᠬᠡ ᠣᠷᠣᠨ ᠨᠢ ᠬᠦᠷᠳᠡᠳᠡᠭ᠃ ᠨᠠᠶᠢᠷ ᠤᠨ ᠲᠠᠯᠠᠪᠡᠢ᠂ ︽ᠲᠠᠷᠤᠭ᠎ᠠ ᠪᠠᠶᠢᠨ᠎ᠠ︾ ᠭᠡᠳᠡᠭ ᠪᠣᠯ ︽ᠪᠣᠯ ᠶᠢᠨ ᠪᠣᠯ᠂ ᠪᠣᠰᠤᠭ᠎ᠠ ᠨᠢ ᠰᠢᠷᠣᠢ︾ ᠭᠡᠰᠡᠨ ᠦᠭᠡ᠃   
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ