ᠮᠤᠩᠭᠤᠯ ᠠᠶᠢᠯ ᠤᠨ ᠡᠭᠦᠳᠡᠨ ᠴᠡᠭᠡᠷ
ᠨᠡᠶᠢᠲᠡᠯᠡᠭᠰᠡᠨ ᠴᠠᠭ᠄
2024/11/5
    ᠡᠭᠦᠳᠡ ᠪᠠᠨ ᠬᠦᠴᠦᠲᠠᠢ ᠨᠡᠭᠡᠭᠡᠵᠤ ᠬᠠᠭᠠᠬᠤ ᠶᠢ ᠴᠡᠭᠡᠷᠯᠡᠳᠡᠭ᠃ ᠢᠩᠭᠢᠪᠡᠯ ᠶᠤᠰᠤ ᠵᠦᠢ ᠮᠡᠳᠡᠬᠦ ᠦᠭᠡᠢ ᠪᠤᠶᠤ ᠳᠤᠷ᠎ᠠ ᠦᠭᠡᠶᠢᠴᠡᠭᠰᠡᠨ ᠤ ᠪᠤᠳᠠᠲᠤ ᠢᠯᠡᠷᠡᠯ ᠪᠤᠯᠤᠨ᠎ᠠ᠃     ᠡᠭᠦᠳᠡ ᠰᠡᠬᠦᠵᠦ ᠤᠷᠤᠬᠤ ᠳᠤ ᠪᠠᠨ ᠪᠤᠷᠤᠭᠤ ︵ᠪᠠᠷᠠᠭᠤᠨ︶ ᠲᠠᠯ᠎ᠠ ᠶᠢ ᠴᠡᠭᠡᠷᠯᠡᠨ᠎ᠡ᠃ ᠵᠦᠪ ︵ᠵᠡᠭᠦᠨ︶ ᠲᠠᠯ᠎ᠠ ᠶᠢ ᠰᠡᠬᠦᠵᠦ ᠤᠷᠤᠨ᠎ᠠ᠃ ᠦᠭᠡᠢ ᠪᠤᠯ ︽ᠵᠠᠭᠤ ᠬᠦᠷᠲᠡᠯ᠎ᠡ ᠲᠤᠭ᠎ᠠ ᠮᠡᠳᠡᠬᠦ ᠦᠭᠡᠢ᠂ ᠵᠡᠭᠦᠨᠰᠢ ᠪᠠᠷᠠᠭᠤᠨᠰᠢ ᠵᠦᠭ ᠢᠯᠭᠠᠬᠤ ᠦᠭᠡᠢ ᠬᠦᠮᠦᠨ︾ ᠭᠡᠵᠦ ᠵᠢᠮᠡᠯᠡᠭᠳᠡᠨ᠎ᠡ᠃     ᠡᠭᠦᠳᠡᠨ ᠤ ᠪᠤᠷᠤᠭᠤ ᠲᠠᠯ᠎ᠠ ᠪᠠᠷ ᠭᠠᠷᠬᠤ ᠶᠢ ᠴᠡᠭᠡᠷᠯᠡᠨ᠎ᠡ᠃ ᠭᠠᠷᠤᠵᠠ ᠲᠠᠢ ᠪᠤᠯᠤᠨ᠎ᠠ ᠭᠡᠬᠦ ᠪᠤᠶᠤ ᠲᠤᠮ ᠬᠠᠷᠢᠭᠤᠯᠤᠯᠭ᠎ᠠ ᠬᠢᠬᠦ ᠶᠠᠭᠤᠮ᠎ᠠ ᠶᠢ ᠡᠭᠦᠳᠡᠨ ᠪᠤᠷᠤᠭᠤ ᠲᠠᠯ᠎ᠠ ᠪᠠᠷ ᠭᠠᠷᠭᠠᠳᠠᠭ ᠲᠤᠯᠠ ᠴᠢᠳᠭᠦᠷ ᠤᠨ ᠶᠠᠪᠤᠬᠤ ᠲᠠᠯ᠎ᠠ ᠭᠡᠮᠡᠨ ᠠᠮᠢᠳᠤ ᠬᠦᠮᠦᠨ ᠭᠠᠷᠳᠠᠭ ᠦᠭᠡᠢ᠃     ᠡᠭᠦᠳᠡ ᠪᠠᠷ ᠤᠬᠤᠷᠢᠵᠤ ᠤᠷᠤᠬᠤ ᠶᠢ ᠴᠡᠭᠡᠷᠯᠡᠨ᠎ᠡ᠃     ᠡᠭᠦᠳᠡ ᠠᠯᠳᠠᠯᠠᠵᠤ ᠵᠤᠭᠰᠤᠬᠤ ᠶᠢ ᠴᠡᠭᠡᠷᠯᠡᠨ᠎ᠡ᠃     ᠡᠭᠦᠳᠡ ᠪᠠᠷ ᠱᠠᠭᠠᠶᠢᠵᠤ ᠦᠩᠭᠡᠶᠢᠬᠦ ᠶᠢ ᠴᠡᠭᠡᠷᠯᠡᠨ᠎ᠡ᠃     ᠡᠭᠦᠳᠡ ᠪᠠᠷ ᠤᠰᠤ ᠠᠰᠬᠠᠬᠤ ᠶᠢ ᠴᠡᠭᠡᠷᠯᠡᠨ᠎ᠡ᠃     ᠡᠭᠦᠳᠡ ᠲᠤᠰᠴᠤ ᠠᠰᠯᠠᠵᠤ ᠰᠠᠭᠤᠬᠤ ᠶᠢ ᠴᠡᠭᠡᠷᠯᠡᠨ᠎ᠡ᠃     ᠡᠭᠦᠳᠡᠨ ᠠᠴᠠ ᠡᠮᠦᠨᠡᠰᠢ ᠡᠭᠦᠳᠡ ᠭᠤᠤᠯᠳᠠᠵᠤ ᠭᠠᠳᠠᠭᠠᠯᠠᠬᠤ ᠶᠢ ᠴᠡᠭᠡᠷᠯᠡᠨ᠎ᠡ᠃     ᠡᠭᠦᠳᠡᠨ ᠳᠡᠭᠡᠷ᠎ᠡ ᠪᠠᠨ ᠬᠤᠭᠤᠰᠤᠨ ᠰᠠᠪᠠ ᠳᠡᠭᠡᠭᠰᠢ ᠬᠠᠨᠳᠤᠭᠤᠯᠤᠨ ᠲᠠᠯᠪᠢᠬᠤ ᠶᠢ ᠴᠡᠭᠡᠷᠯᠡᠨ᠎ᠡ᠃ ᠡᠷᠬᠡᠪᠰᠢ ᠬᠦᠮᠦᠷᠢᠵᠦ ᠲᠠᠯᠪᠢᠬᠤ ᠶᠤᠰᠤ ᠲᠠᠢ᠃   
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ