ᠴᠦᠯᠳᠦᠮ | ᠬᠦᠯᠦᠨ ᠪᠤᠶᠢᠷ ᠤᠨ ᠪᠠᠷᠭᠤᠴᠤᠳ ᠨᠢ ᠨᠡᠶᠢᠭᠡᠮ ᠤᠨ ᠤᠷᠲᠤ ᠤᠳᠠᠭᠠᠨ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡ ᠠᠴᠠ ᠪᠤᠯᠵᠤ᠂ ᠭᠠᠷ ᠤᠷᠠᠯᠠᠯ ᠤᠨ | ᠪᠦᠲᠦᠭᠡᠭᠳᠡᠬᠦᠨ ᠢ ᠦᠪᠡᠷᠲᠡᠭᠡᠨ ᠤᠷᠠᠯᠠᠨ ᠪᠦᠲᠦᠭᠡᠵᠦ ᠡᠳ᠋ᠯᠡᠵᠦ ᠬᠡᠷᠡᠭᠯᠡᠳᠡᠭ ᠵᠠᠩᠰᠢᠯ ᠲᠠᠢ ᠪᠦᠭᠡᠳ ᠨᠡᠶᠢᠭᠡᠮ ᠤᠨ ᠬᠦᠭᠵᠢᠯᠲᠡ ᠶᠢᠨ ᠳᠤᠮᠳᠠ ᠰᠤᠩᠭᠤᠳᠠᠭ ᠭᠠᠷ | ᠤᠷᠠᠯᠠᠯ ᠪᠤᠯᠬᠤ ᠠᠯᠲᠠ ᠮᠦᠩᠭᠦᠨ ᠤ ᠳᠠᠷᠬᠠ ᠶᠢ ᠴᠦ ᠦᠪᠡᠰᠦᠪᠡᠨ ᠬᠢᠵᠦ᠂ ᠤᠷᠴᠢᠨ ᠦᠶᠡ ᠬᠦᠷᠲᠡᠯᠡ ᠬᠢᠵᠦ ᠪᠦᠲᠦᠭᠡᠭᠰᠡᠭᠡᠷ ᠢᠷᠡᠵᠡᠢ᠃ ᠳᠤᠤᠷᠠ | ᠪᠠᠷᠭᠤᠴᠤᠳ ᠤᠨ ᠮᠦᠩᠭᠦᠨ ᠵᠠᠰᠠᠯ ᠤᠨ ᠲᠤᠬᠠᠢ ᠲᠤᠪᠴᠢ ᠲᠠᠨᠢᠯᠴᠠᠭᠤᠯᠤᠶᠠ᠃ | ᠵᠠᠩᠭᠠᠨ ᠤ ᠮᠦᠩᠭᠦᠨ ᠴᠢᠮᠡᠭᠯᠡᠯ ᠪᠠᠷᠭᠤᠴᠣᠳ ᠨᠢᠷᠡᠢ ᠬᠡᠦᠬᠡᠳ ᠤᠨ ᠢᠶᠠᠨ ᠵᠠᠩᠭᠠᠨ ︵ᠦᠯᠦᠭᠡᠢ︶ ᠳᠤ ᠮᠦᠩᠭᠦᠨ ᠴᠢᠮᠡᠭᠯᠡᠯ ᠬᠢᠳᠡᠭ᠃ ᠡᠶᠢᠮᠣ ᠵᠠᠰᠠᠯ ᠳᠤ | ᠮᠦᠩᠭᠦᠨ ᠨᠣᠮᠣ ᠰᠣᠮᠣ᠂ ᠬᠤᠩᠬᠤ᠂ ᠭᠤᠷᠭᠢ ᠵᠡᠷᠭᠡ ᠪᠣᠢ᠃ ᠮᠦᠩᠭᠦᠨ ᠨᠣᠮᠣ ᠰᠣᠮᠣ ᠨᠢ ᠨᠢᠭᠡ ᠪᠢᠴᠢᠬᠠᠨ ᠨᠣᠮᠣ ᠳᠠᠭᠠᠨ ᠨᠢᠭᠡ ᠰᠣᠮᠣ ᠶᠢ ᠲᠠᠭᠠᠷᠠᠭᠤᠯᠵᠣ ᠭᠠᠩᠨᠠᠨ | ᠲᠣᠭᠳᠠᠭᠠᠳᠠᠭ᠃ ᠮᠦᠩᠭᠦᠨ ᠬᠤᠩᠬᠤ ᠨᠢ 3 — 5 ᠬᠡᠰᠡᠭ ᠪᠠᠶᠢᠳᠠᠭ᠃ ᠮᠦᠩᠭᠦᠨ ᠬᠤᠩᠬᠤ ᠨᠢᠭᠡ ᠪᠦᠷᠢ ᠨᠢ ᠪᠦᠭᠡᠷᠡᠩᠬᠡᠢ ᠵᠣᠣᠪᠠᠩ ᠬᠡᠯᠪᠡᠷᠢᠳᠡᠢ᠂ | ᠲᠣᠮᠳᠠ ᠪᠠᠨ ᠬᠦᠨᠳᠡᠢ ᠪᠠᠶᠢᠵᠣ᠂ ᠲᠣᠣᠷᠠᠳᠣ ᠲᠠᠯᠠ ᠳᠠᠭᠠᠨ ᠨᠠᠷᠢᠨ ᠠᠮᠠᠳᠠᠢ᠂ ᠲᠣᠳᠣᠷᠠ ᠨᠢ ᠮᠦᠬᠦᠯᠢᠭ ᠬᠡᠯᠡ ᠲᠠᠢ ᠪᠣᠯᠬᠤᠷ ᠬᠦᠳᠡᠯᠭᠡᠬᠦ ᠪᠦᠷᠢ ᠬᠠᠷᠴᠢᠬᠢᠨᠠᠨ | ᠲᠣᠣᠭᠠᠷᠳᠠᠭ᠃ ᠮᠦᠩᠭᠦᠨ ᠨᠣᠮᠣ ᠰᠣᠮᠣ ᠶᠢ ᠵᠠᠩᠭᠠᠨ ᠤ ᠲᠣᠯᠣᠭᠠᠢ ᠶᠢᠨ ᠲᠡᠭᠡᠳᠣ ᠵᠠᠬᠠ ᠳᠤ ᠬᠠᠳᠠᠵᠣ ᠮᠦᠩᠭᠦᠨ ᠬᠤᠩᠬᠤ ᠶᠢ ᠨᠣᠮᠣ ᠰᠣᠮᠣ ᠶᠢᠨ ᠲᠣᠣᠷᠠ ᠨᠢ | ᠬᠠᠳᠠᠳᠠᠭ᠃ ᠵᠠᠩᠭᠠᠨ ᠳᠤ ᠭᠤᠷᠪᠠᠨ ᠪᠦᠰᠡ ᠲᠠᠢ᠂ ᠲᠡᠭᠦᠨ ᠢ ᠰᠣᠷ ᠪᠣᠶᠣ ᠪᠦᠰ ᠢᠶᠠᠷ ᠬᠢᠳᠡᠭ᠃ ᠪᠦᠰᠠᠨ ᠳᠤᠨᠢ ᠮᠦᠩᠭᠦᠨ ᠭᠤᠷᠬᠢ ᠪᠣᠶᠣ ᠭᠠᠷᠠᠬᠠ | ᠲᠠᠭᠠᠷᠠᠭᠤᠯᠳᠠᠭ᠃ ᠨᠣᠮᠣ ᠰᠣᠮᠣ᠂ ᠬᠤᠩᠬᠤ᠂ ᠭᠠᠷᠠᠬᠠ ᠵᠡᠷᠭᠡ ᠶᠢ ᠬᠦᠪᠡᠭᠦᠳ ᠦᠭᠢᠳ ᠭᠡᠵᠦ ᠢᠯᠭᠠᠯ ᠦᠭᠡᠢ ᠪᠠᠷ ᠵᠠᠩᠭᠠᠨ ᠳᠤᠨᠢ ᠬᠡᠷᠡᠭᠯᠡᠨᠡ᠃ ᠡᠳᠡᠭᠡᠷ | ᠮᠦᠩᠭᠦᠨ ᠴᠢᠮᠡᠭᠯᠡᠯ ᠨᠢ ᠦᠷᠡ ᠬᠡᠦᠬᠡᠳ ᠤᠨ ᠢᠶᠠᠨ ᠡᠷᠡᠭᠦᠯ ᠮᠡᠨᠳᠣ᠂ ᠡᠩᠭᠡ ᠠᠮᠣᠭᠤᠯᠠᠩ ᠦᠰᠦᠨ ᠪᠤᠶᠢᠵᠢᠬᠤ ᠶᠢ ᠪᠡᠯᠭᠡᠳᠡᠭᠦ ᠵᠢᠴᠢ ᠭᠤᠶᠣᠯᠠᠨ ᠴᠢᠮᠡᠭᠯᠡᠬᠦ | ᠦᠢᠯᠡᠳᠣᠯ ᠲᠠᠢ᠃ ᠲᠡᠭᠡᠷᠡᠬᠢ ᠮᠦᠩᠭᠦᠨ ᠵᠠᠰᠠᠯ ᠢ ᠨᠢᠷᠡᠢ ᠬᠡᠦᠬᠡᠳ ᠬᠦᠯ ᠳᠤ ᠣᠷᠣᠵᠣ ᠶᠠᠪᠣᠵᠣ ᠴᠢᠳᠠᠬᠤ ᠲᠠᠢ ᠵᠡᠷᠭᠡ᠂ ᠲᠡᠪᠡᠯ ᠤᠨ ᠭᠢᠨᠢ ᠠᠷᠦ ᠮᠦᠷᠦᠨ ᠳᠤ | ᠲᠣᠰᠬᠠᠢ ᠰᠠᠭᠤᠷᠢ ᠬᠢᠵᠦ ᠬᠠᠳᠠᠳᠠᠭ᠃ ᠡᠨᠡ ᠰᠠᠭᠤᠷᠢ ᠶᠢ ᠨᠢ ᠬᠤᠷᠭᠤᠢ ᠲᠣᠷᠭᠠ ᠪᠠᠷ ᠣᠷᠳᠣ ᠲᠦᠷᠪᠡᠯᠵᠢᠨ ᠬᠢᠵᠦ᠂ ᠵᠠᠬᠠ ᠬᠦᠪᠡᠭᠡ ᠪᠠᠷ ᠨᠢ ᠲᠣᠣᠵᠠ ᠪᠠᠷ | ᠴᠢᠮᠡᠭᠯᠡᠬᠦ ᠪᠣᠶᠣ ᠲᠣᠷᠭᠠᠨ ᠣᠳᠠᠰᠣ ᠪᠠᠷ ᠬᠠᠳᠬᠤᠮᠠᠯ ᠬᠠᠳᠬᠤᠵᠣ ᠴᠢᠮᠡᠭᠯᠡᠳᠡᠭ᠃ ᠡᠨᠡ ᠨᠢ ᠨᠢᠷᠡᠢ ᠬᠡᠦᠬᠡᠳ᠂ ᠭᠡᠷ ᠤᠨ ᠭᠠᠳᠠᠭᠤᠷ ᠲᠣᠭᠯᠠᠨ ᠨᠠᠭᠠᠳᠬᠤ ᠳᠤ | ᠪᠠᠶᠢᠩᠭᠤ ᠬᠠᠩᠬᠢᠨᠠᠨ ᠲᠣᠣᠭᠠᠷᠴᠣ ᠪᠠᠶᠢᠳᠠᠭ ᠪᠣᠯᠬᠤᠷ ᠣᠨᠠᠵᠣ ᠳᠤᠰᠬᠤ᠂ ᠮᠠᠯ ᠤᠨ ᠬᠦᠯ ᠳᠤ ᠲᠠᠭᠠᠷᠢᠭᠳᠠᠬᠤ ᠮᠡᠳᠣ ᠬᠡᠪ ᠤᠨ ᠪᠣᠰᠣ ᠪᠠᠶᠢᠳᠠᠯ ᠭᠠᠷᠬᠤ ᠠᠴᠠ | ᠣᠷᠢᠳᠴᠢᠯᠠᠨ ᠰᠡᠷᠭᠡᠶᠢᠯᠡᠵᠦ᠂ ᠴᠠᠭ ᠲᠠᠷᠣᠢ ᠳᠤᠨᠢ ᠲᠣᠰᠠᠯᠠᠨ ᠠᠪᠣᠷᠠᠬᠤ ᠳᠤ ᠮᠠᠰᠢ ᠵᠣᠬᠢᠴᠠᠵᠠᠢ᠃ | ᠬᠡᠳᠡ | ᠬᠡᠳᠡ ᠪᠣᠯ ᠭᠠᠯ ᠭᠠᠷᠭᠠᠳᠠᠭ ᠪᠠᠭᠠᠵᠢ ᠶᠣᠮ᠃ ᠲᠡᠭᠦᠨ ᠤ ᠭᠠᠯ ᠭᠠᠷᠭᠠᠳᠠᠭ ᠡᠳ᠋ ᠨᠢ ᠲᠣᠰᠬᠠᠢ ᠲᠡᠮᠦᠷ ᠬᠢᠴᠡᠲᠡᠢ ᠭᠠᠩ ᠪᠦᠬᠦᠢ ᠡᠳ᠋ ᠪᠠᠶᠢᠳᠠᠭ ᠪᠦᠭᠡᠳ | ᠪᠣᠰᠣᠳ ᠵᠦᠢᠯ ᠢ ᠨᠢ ᠲᠣᠰᠬᠠᠢ ᠬᠢᠭᠰᠡᠨ ᠠᠷᠠᠰᠣᠨ ᠡᠳ᠋ᠯᠡᠯ ᠢᠶᠠᠷ ᠬᠢᠳᠡᠭ᠃ ᠪᠠᠰᠠ ᠡᠨᠡ ᠬᠦ ᠭᠠᠳᠠᠷ ᠤᠨ ᠲᠡᠭᠡᠭᠦᠷ ᠨᠢ ᠵᠢᠵᠢᠭ ᠮᠦᠩᠭᠦᠨ ᠬᠤᠸᠠᠷ ᠭᠠᠷᠭᠠᠵᠣ | ᠬᠠᠳᠠᠳᠠᠭ᠃ ᠡᠶᠢᠮᠣ ᠬᠤᠸᠠᠷ ᠨᠢ ᠪᠠᠰᠠ ᠮᠦᠩᠭᠦᠨ ᠬᠠᠳᠠᠭᠠᠰᠣ ᠪᠠᠷ ᠬᠠᠳᠠᠭᠳᠠᠨᠠ᠃ ᠲᠡᠭᠦᠨ ᠤ ᠣᠯᠠ ᠭᠡᠵᠦ ᠲᠣᠰᠬᠠᠢ ᠬᠢᠭᠰᠡᠨ ᠴᠠᠭᠠᠨ ᠰᠢᠷᠬᠡᠭᠯᠢᠭ ᠴᠢᠯᠠᠭᠤ ᠲᠠᠢ᠃ | ᠣᠯᠠ ᠪᠠᠨ ᠴᠢᠯᠠᠭᠤᠨ ᠤ ᠢᠷ ᠢᠶᠠᠷ ᠴᠣᠬᠢᠪᠠᠯ ᠭᠠᠯ ᠭᠠᠷᠭᠠᠵᠣ ᠴᠢᠳᠠᠳᠠᠭ᠃ | ᠮᠦᠩᠭᠦᠨ ᠬᠢᠳᠤᠭᠠ | ᠪᠠᠷᠭᠤᠴᠣᠳ ᠮᠦᠩᠭᠦᠨ ᠬᠢᠳᠤᠭᠠ ᠬᠡᠷᠡᠭᠯᠡᠳᠡᠭ᠃ ᠪᠦᠰᠡᠳᠡᠶᠢᠴᠣᠳ ᠨᠢ ᠮᠦᠩᠭᠦᠨ ᠬᠢᠳᠤᠭᠠ ᠰᠣᠪᠢᠳᠠᠵᠣ ᠶᠠᠪᠣᠳᠠᠭ᠃ ᠭᠡᠷ ᠡᠷᠦᠬᠡ ᠳᠡᠭᠡᠨ ᠴᠣ᠋ ᠮᠦᠩᠭᠦᠨ | ᠬᠢᠳᠤᠭᠠ ᠬᠡᠷᠡᠭᠯᠡᠳᠡᠭ᠃ ᠮᠦᠩᠭᠦᠨ ᠬᠢᠳᠤᠭᠠ ᠶᠢᠨ ᠡᠰᠢ᠂ ᠬᠤᠢ ᠶᠢ ᠮᠦᠩᠭᠦ ᠪᠠᠷ ᠴᠢᠮᠡᠭᠯᠡᠨ ᠭᠤᠶᠣᠳᠠᠭ᠃ ᠬᠢᠳᠤᠭᠠ ᠶᠢᠨ ᠡᠰᠢ ᠶᠢ ᠴᠢᠨᠠᠷ ᠰᠠᠶᠢᠳᠠᠢ ᠮᠣᠳᠣ᠂ | ᠶᠠᠰᠣ᠂ ᠡᠪᠡᠷ ᠢᠶᠠᠷ ᠬᠢᠬᠦ ᠨᠢ ᠭᠤᠣᠯᠳᠠᠢ᠃ ᠬᠤᠢ ᠨᠢ ᠴᠣ᠋ ᠡᠰᠢ ᠲᠠᠢ ᠪᠠᠨ ᠠᠳᠠᠯᠢ ᠪᠠᠶᠢᠨᠠ᠃ ᠡᠰᠢ ᠪᠠᠨ ᠮᠦᠩᠭᠦ ᠪᠠᠷ ᠴᠢᠮᠡᠭᠯᠡᠨ ᠬᠦᠳᠡᠷᠯᠡᠨᠡ᠃ ᠡᠰᠢᠨ ᠤ | ᠣᠭ ᠲᠤ ᠪᠢᠳᠡᠭᠦᠦ ᠮᠦᠩᠭᠦᠨ ᠲᠣᠭᠳᠣᠢ ᠣᠭᠯᠠᠵᠣ ᠲᠠᠭᠠᠷᠠᠭᠤᠯᠣᠨᠠ᠃ ᠬᠢᠳᠣᠭᠠᠨ ᠤ ᠣᠭ ᠲᠤ ᠮᠦᠩᠭᠦᠨ ᠪᠠᠷᠳᠠᠭ ᠬᠢᠵᠦ ᠬᠠᠳᠠᠳᠠᠭ᠃ ᠬᠢᠳᠣᠭᠠᠨ ᠤ ᠬᠤᠢ ᠶᠢ | ᠮᠦᠨ ᠢᠵᠢᠯ ᠮᠣᠳᠣ᠂ ᠶᠠᠰᠣ᠂ ᠡᠪᠡᠷ ᠢᠶᠠᠷ ᠬᠢᠵᠦ᠂ ᠲᠡᠭᠦᠨ ᠤ ᠣᠭ ᠲᠤ ᠪᠢᠳᠡᠭᠦᠦ ᠮᠦᠩᠭᠦᠨ ᠲᠣᠭᠳᠣᠢ ᠬᠢᠨᠡ᠃ ᠲᠣᠭᠳᠣᠢ ᠶᠢᠨ ᠠᠮᠠᠰᠠᠷ ᠲᠤ ᠪᠠᠰᠠ | ᠲᠣᠭᠳᠣᠢ ᠯᠤᠭᠠ ᠠᠳᠠᠯᠢᠪᠳᠣᠷ ᠣᠷᠳᠣ᠂ ᠲᠡᠭᠡᠷᠡ ᠲᠠᠯᠠ ᠳᠠᠭᠠᠨ ᠬᠢᠳᠤᠭᠠ ᠬᠢᠬᠦ ᠵᠠᠢ ᠲᠠᠢ ᠲᠣᠭᠳᠣᠢ ᠴᠢᠩᠭᠠ ᠲᠠᠭᠠᠷᠠᠭᠤᠯᠳᠠᠭ᠃ ᠲᠣᠮᠳᠠᠬᠢ ᠵᠠᠢ ᠳᠤ 2 — 3 | ᠮᠦᠩᠭᠦᠨ ᠪᠦᠯᠡᠵᠢ ︵ᠪᠦᠯᠡᠵᠡᠭ︶ ᠶᠢ ᠲᠡᠩᠴᠡᠭᠦᠦ ᠵᠠᠢ ᠲᠠᠢ ᠪᠠᠷ ᠪᠣᠭᠤᠳᠠᠭ᠃ ᠡᠨᠡ ᠪᠣᠯ ᠰᠠᠪᠬᠠ ᠬᠢᠳᠡᠭ ᠦᠭᠡᠢ ᠬᠤᠢ ᠪᠣᠯᠣᠨᠠ᠃ ᠬᠡᠷᠪᠡ ᠰᠠᠪᠬᠠ ᠬᠢᠳᠡᠭ | ᠬᠢᠳᠤᠭᠠ ᠪᠣᠯ ᠰᠠᠪᠬᠠ ᠬᠢᠬᠦ ᠨᠦᠬᠡ ᠪᠦᠬᠦᠢ ᠮᠦᠩᠭᠦᠨ ᠴᠣᠷᠭᠤ ᠨᠠᠮᠠᠨ ᠬᠤᠢ ᠶᠢᠨ ᠠᠷᠣ ᠲᠠᠯᠠ ᠳᠤ ᠲᠠᠭᠠᠷᠠᠭᠤᠯᠵᠣ ᠭᠠᠩᠨᠠᠳᠠᠭ᠃ ᠰᠠᠪᠬᠠ ᠨᠢ ᠶᠠᠰᠣ ᠪᠠᠶᠢᠬᠤ ᠨᠢ | ᠣᠯᠠᠨ ᠲᠠᠢ᠂ ᠰᠠᠪᠬᠠᠨ ᠤ ᠣᠭ ᠲᠤ ᠪᠠᠰᠠ ᠮᠦᠩᠭᠦᠨ ᠲᠣᠭᠳᠣᠢ ᠬᠢᠳᠡᠭ᠃ ᠬᠤᠢ ᠶᠢᠨ ᠲᠡᠭᠡᠳᠣ ᠪᠡᠶᠡ ᠶᠢᠨ ᠠᠷᠣ ᠭᠦᠪᠡᠭᠡᠨ ᠳᠤ ᠮᠦᠩᠭᠦᠨ ᠰᠦᠪᠡᠭᠴᠢ ᠭᠠᠩᠨᠠᠳᠠᠭ᠃ | ᠡᠨᠡ ᠰᠦᠪᠡᠭᠴᠢ ᠠᠴᠠ ᠮᠦᠩᠭᠦᠨ ᠰᠦᠯᠵᠢᠮᠡᠷ ᠣᠭᠯᠠᠨ ᠲᠠᠭᠠᠷᠠᠭᠤᠯᠵᠣ᠂ ᠠᠷᠣ ᠪᠦᠰᠡᠨ ᠠᠴᠠ ᠰᠣᠪᠢᠳᠠᠳᠠᠭ᠃ ᠰᠦᠯᠵᠢᠮᠡᠷ ᠤᠨ ᠦᠵᠦᠭᠦᠷ ᠲᠤ ᠮᠦᠩᠭᠦᠨ ᠵᠣᠭᠤᠰ | ᠪᠣᠶᠣ ᠵᠢᠵᠢᠭ ᠲᠣᠩ ᠮᠡᠳᠣ ᠶᠢ ᠬᠠᠳᠠᠵᠣ ᠣᠯᠠᠮ ᠭᠤᠶᠣᠯᠠᠳᠠᠭ᠃ ᠬᠢᠳᠤᠭᠠ ᠪᠣᠯ ᠡᠳᠣᠷ ᠲᠣᠳᠣᠮ ᠤᠨ ᠡᠳ᠋ᠯᠡᠯ ᠪᠣᠯᠬᠤ ᠪᠠᠷ ᠪᠠᠷᠠᠬᠤ ᠦᠭᠡᠢ᠂ ᠭᠤᠶᠣᠯᠠᠯ᠂ ᠪᠡᠶᠡ | ᠬᠠᠮᠠᠭᠠᠯᠠᠬᠤ ᠵᠠᠪᠰᠡᠭ ᠴᠣ᠋ ᠪᠣᠯᠣᠨᠠ᠃ ᠬᠢᠳᠤᠭᠠ ᠵᠡᠭᠦᠭᠰᠡᠨ ᠪᠦᠰᠡᠳᠡᠢ ᠬᠦᠮᠦᠨ ᠠᠶᠢᠯ ᠳᠤ ᠣᠷᠣᠬᠤ ᠳᠤ ᠬᠦᠷᠪᠡᠯ᠂ ᠬᠢᠳᠤᠭᠠ ᠪᠠᠨ ᠪᠠᠭᠤᠯᠭᠠᠳᠠᠭ ᠵᠠᠩᠰᠢᠯ ᠲᠠᠢ᠃ | ᠬᠦᠮᠦᠨ ᠳᠤ ᠬᠢᠳᠤᠭᠠ ᠭᠠᠷᠳᠠᠭᠤᠯᠵᠣ ᠦᠭᠬᠦ ᠪᠣᠯ ᠡᠰᠢ ᠪᠠᠷ ᠨᠢ᠂ ᠢᠷ ᠢ ᠨᠢ ᠲᠣᠷᠣᠭᠰᠢ ᠬᠠᠷᠠᠭᠤᠯᠵᠣ ᠦᠭᠳᠡᠭ ᠲᠠᠳᠬᠠᠯ ᠲᠠᠢ᠃ | ᠮᠠᠯᠠᠭᠠᠢ ᠶᠢᠨ ᠭᠠᠳᠠ | ᠪᠠᠷᠭᠤᠴᠣᠳ ᠮᠠᠯᠠᠭᠠᠢ ᠶᠢᠨ ᠣᠷᠣᠢ ᠲᠡᠭᠡᠷᠡ ᠵᠠᠩᠬᠢᠳᠣᠮᠠᠯ ᠪᠣᠶᠣ ᠱᠢᠷᠣᠨ ᠭᠠᠳᠠ ︵ᠭᠠᠳᠢ ᠴᠣ᠋ ᠭᠡᠳᠡᠭ︶ ᠬᠢᠳᠡᠭ᠃ ᠱᠢᠷᠦ ᠶᠢ ᠮᠦᠩᠭᠦᠨ ᠰᠠᠭᠤᠷᠢᠨ ᠲᠡᠭᠡᠷᠡ | ᠰᠠᠭᠤᠯᠭᠠᠳᠠᠭ᠃ ᠮᠦᠩᠭᠦᠨ ᠰᠠᠭᠤᠷᠢ ᠨᠢ ᠲᠡᠭᠡᠭᠰᠢ ᠬᠠᠨᠳᠣᠬᠰᠠᠨ ᠳᠦᠭᠦᠷᠢᠭ ᠬᠡᠯᠪᠡᠷᠢ ᠲᠠᠢ᠂ ᠢᠷᠣᠭᠠᠷ ᠨᠢ ᠲᠡᠭᠰᠢ᠃ ᠡᠰᠡᠭᠦᠯᠡ ᠲᠣᠷᠣᠭᠰᠢ ᠬᠠᠨᠳᠣᠭᠰᠠᠨ ᠲᠠᠯᠠ | ᠴᠠᠭᠠᠷᠢᠭ ᠴᠣ᠋ ᠪᠣᠢ᠃ ᠡᠭᠦᠨ ᠤ ᠲᠣᠣᠷᠠᠳᠣ ᠪᠡᠶᠡ ᠳᠤ ᠡᠷᠬᠢᠭᠦᠯᠭᠡ ᠪᠦᠬᠦᠢ ᠰᠢᠯᠪᠢ ᠭᠠᠩᠨᠠᠵᠣ ᠮᠠᠯᠠᠭᠠᠢ ᠶᠢ ᠴᠣᠭᠤᠯᠵᠣ ᠭᠦᠪᠡᠭᠡ ᠪᠠᠷ ᠨᠢ ᠰᠢᠷᠭᠤᠭᠤᠯᠣᠨ | ᠣᠷᠣᠭᠤᠯᠵᠣ ᠱᠣᠷᠠᠭ ᠢᠶᠠᠷ ᠲᠣᠭᠳᠠᠭᠠᠨᠠ᠃ ᠱᠢᠷᠣᠨ ᠭᠠᠳᠠ ᠶᠢ ᠰᠠᠭᠤᠷᠢ ᠲᠡᠭᠡᠷᠡ ᠲᠣᠭᠳᠠᠭᠠᠬᠤ ᠳᠠᠭᠠᠨ ᠮᠦᠩᠭᠦᠨ ᠤ ᠨᠠᠭᠠᠯᠳᠠ ᠪᠠᠷ ᠪᠠᠳᠣ ᠭᠠᠩᠨᠠᠳᠠᠭ᠃ | ᠮᠠᠯᠠᠭᠠᠢ ᠶᠢᠨ ᠬᠤᠸᠡᠶᠠᠯ | ᠮᠠᠯᠠᠭᠠᠢ ᠶᠢᠨ ᠬᠤᠸᠠᠶᠠᠯ ︵ᠬᠤᠸᠠᠶᠣᠣᠷ ᠴᠣ᠋ ᠭᠡᠳᠡᠭ︶ ᠢ ᠮᠠᠯᠠᠭᠠᠢ ᠶᠢᠨ ᠮᠠᠩᠨᠠᠢ ᠳᠤ ᠬᠠᠳᠠᠳᠠᠭ ᠶᠣᠮ᠃ ᠬᠤᠸᠠᠶᠠᠯ ᠨᠢ ᠣᠯᠠᠭᠠᠨ ᠱᠢᠷᠣ ᠪᠠᠶᠢᠳᠠᠭ ᠪᠦᠭᠡᠳ | ᠨᠢᠭᠡ ᠪᠠᠶᠢᠳᠠᠭ᠃ ᠶᠡᠭᠡ ᠪᠠᠭᠠ ᠨᠢ ᠠᠳᠠᠯᠢ ᠦᠭᠡᠢ᠂ ᠵᠠᠷᠢᠮ ᠳᠠᠭᠠᠨ ᠲᠦᠭᠦᠷᠢᠭ ᠪᠣᠶᠣ ᠵᠣᠣᠪᠠᠩ ᠴᠣ᠋ ᠪᠠᠶᠢᠬᠤ ᠨᠢ ᠪᠣᠢ᠃ ᠱᠢᠷᠦ ᠪᠠᠨ ᠮᠦᠩᠭᠦᠨ ᠰᠠᠭᠤᠷᠢ ᠲᠡᠭᠡᠷᠡ | ᠰᠠᠭᠤᠯᠭᠠᠳᠠᠭ᠃ ᠰᠠᠭᠤᠷᠢ ᠨᠢ ᠱᠢᠷᠦ ᠲᠠᠢ ᠪᠠᠨ ᠶᠠᠭ ᠠᠳᠠᠯᠢ ᠲᠠᠭᠠᠷᠠᠮᠠᠯ ᠬᠡᠮᠵᠢᠶᠡ ᠲᠠᠢ᠃ ᠰᠠᠭᠤᠷᠢ ᠶᠢᠨ ᠲᠡᠭᠡᠳᠣ ᠲᠠᠯᠠ ᠳᠤᠨᠢ ᠱᠢᠷᠦ ᠪᠠᠨ ᠮᠦᠩᠭᠦᠨ ᠤ | ᠨᠠᠭᠠᠯᠳᠠ ᠪᠠᠷ ᠪᠠᠳᠣ ᠲᠣᠭᠳᠠᠭᠠᠳᠠᠭ᠃ ᠰᠠᠭᠤᠷᠢ ᠶᠢᠨ ᠲᠡᠭᠡᠳᠣ ᠢᠷᠮᠡᠭ ᠲᠤᠨᠢ ᠪᠠᠶᠢᠳᠠᠭ ᠨᠢ ᠱᠢᠷᠦ ᠪᠠᠨ ᠪᠠᠭᠢᠯᠡᠬᠦ ᠶᠢᠨ ᠬᠠᠮᠳᠣ ᠮᠠᠯᠠᠭᠠᠢ ᠳᠤ ᠪᠠᠷᠢᠵᠣ ᠣᠳᠠᠰᠣ ᠪᠠᠷ | ᠬᠠᠳᠠᠬᠤ ᠳᠤ ᠲᠦᠭᠦᠮ ᠪᠣᠯᠭᠠᠵᠠᠢ᠃ | ᠪᠦᠰᠠᠨ ᠤ ᠮᠦᠩᠭᠦᠨ ᠭᠤᠷᠭᠢ | ᠪᠠᠷᠭᠤ ᠪᠦᠰᠠᠳᠠᠶᠢᠴᠣᠳ ᠰᠣᠷ ᠪᠣᠶᠣ ᠪᠣᠯᠭᠠᠷᠢᠨ ᠪᠦᠰᠠ ᠪᠦᠰᠠᠯᠠᠳᠡᠭ᠃ ᠡᠶᠢᠮᠦ ᠪᠦᠰᠠᠨ ᠳᠤ ᠮᠦᠩᠭᠦᠨ ᠭᠤᠷᠭᠢ ᠬᠡᠷᠡᠭᠯᠡᠳᠡᠭ᠃ ᠮᠦᠩᠭᠦᠨ ᠭᠤᠷᠭᠢ ᠨᠢ | ᠲᠦᠷᠪᠡᠯᠵᠢᠨ ᠪᠣᠶᠣ ᠴᠠᠭᠠᠷᠢᠭ ᠬᠡᠯᠪᠡᠷᠢ ᠲᠠᠢ᠃ ᠬᠡᠯᠡ ᠨᠢ ᠴᠣ᠋ ᠮᠦᠩᠭᠦ ᠪᠠᠶᠢᠳᠠᠭ᠃ ᠮᠦᠩᠭᠦᠨ ᠭᠤᠷᠭᠢ ᠶᠢᠨ ᠨᠢᠭᠤᠷ ᠲᠠᠯᠠ ᠳᠤᠨᠢ ᠣᠯᠠᠨ ᠶᠠᠩᠵᠣ ᠶᠢᠨ ᠬᠡ | ᠣᠭᠠᠯᠵᠠ ᠴᠣᠬᠢᠵᠣ ᠭᠤᠶᠣᠯᠠᠨ ᠴᠢᠮᠡᠭᠯᠡᠨᠡ᠃ ᠠᠷᠣ ᠲᠠᠯᠠ ᠳᠤᠨᠢ ᠲᠠᠭᠢᠷ ᠬᠡᠯᠡ ᠲᠠᠭᠠᠷᠠᠭᠤᠯᠳᠠᠭ᠃ ᠪᠠᠰᠠ ᠨᠢᠭᠤᠷ ᠢ ᠨᠢ ᠪᠢᠳᠡᠭᠦᠦ ᠬᠢᠵᠦ᠂ ᠱᠢᠷᠦ ᠰᠢᠭᠢᠳᠭᠡᠵᠦ | ᠭᠤᠶᠣᠯᠠᠵᠣ ᠴᠢᠮᠡᠭᠦ ᠨᠢ ᠴᠣ᠋ ᠪᠣᠢ᠃ | ᠲᠠᠪᠠᠯ ᠤᠨ ᠮᠦᠩᠭᠦᠨ ᠲᠣᠪᠴᠢ | ᠲᠠᠪᠠᠯ ᠤᠨ ᠮᠦᠩᠭᠦᠨ ᠲᠣᠪᠴᠢ ᠪᠣᠯ ᠲᠠᠪᠠᠯ ᠳᠤ ᠬᠢᠳᠡᠭ ᠡᠳ᠋ ᠪᠢᠯᠡ᠃ ᠲᠡᠭᠦᠨ ᠢ ᠶᠡᠭᠡ ᠪᠡᠶᠡ ᠶᠢ ᠨᠢ ᠭᠤᠣᠯᠳᠠᠭᠤ ᠲᠣᠪᠴᠢ ᠮᠡᠳᠣ ᠬᠢᠵᠦ᠂ ᠲᠣᠣᠷᠠᠳᠣ | ᠬᠡᠰᠡᠭ ᠢ ᠨᠢ ᠮᠦᠩᠭᠦᠨ ᠡᠳ᠋ ᠢᠶᠠᠷ ᠬᠢᠳᠡᠭ᠃ ᠲᠡᠭᠦᠨ ᠤ ᠣᠵᠣᠭᠤᠷ ᠤᠨ ᠬᠡᠰᠡᠭ ᠢ ᠲᠣᠪᠤ ᠬᠡᠯᠪᠡᠷᠢᠳᠡᠢ ᠬᠢᠵᠦ᠂ ᠪᠣᠰᠣᠳ ᠬᠡᠰᠡᠭ ᠢ ᠨᠢ ᠬᠤᠶᠠᠷ ᠬᠡᠰᠡᠭ ᠲᠤ | ᠬᠤᠪᠢᠶᠠᠵᠣ᠂ ᠲᠠᠪᠠᠯ ᠤᠨ ᠰᠢᠯᠪᠢ ᠳᠤ ᠣᠷᠢᠶᠠᠵᠣ ᠣᠷᠣᠬᠤ ᠪᠠᠷ ᠰᠦᠪᠡᠭᠴᠢ ᠲᠠᠢ ᠬᠢᠳᠡᠭ ᠶᠣᠮ᠃ ᠪᠠᠷᠭᠤᠴᠣᠳ ᠤᠨ ᠲᠣᠮᠳᠠ ᠡᠯᠳᠡᠪ ᠤᠨ ᠶᠠᠩᠵᠣ ᠪᠦᠭᠦᠢ | ᠰᠠᠭᠤᠷᠢ ᠲᠠᠢ ᠰᠦᠪᠡᠭᠴᠢ ᠣᠯᠠᠨ ᠶᠠᠩᠵᠣ ᠪᠠᠶᠢᠬᠤ ᠶᠣᠮ᠃ ᠪᠠᠷᠭᠤᠴᠣᠳ ᠤᠨ ᠲᠣᠮᠳᠠ ᠡᠯᠡ ᠮᠠᠶ᠋ᠢᠭ ᠤᠨ ᠲᠣᠪᠴᠢ ᠣᠯᠠᠨ ᠪᠠᠶᠢᠳᠠᠭ ᠪᠦᠭᠡᠳ ᠪᠦᠷ ᠯᠡ | ᠬᠤᠪᠴᠠᠰᠣ ᠬᠤᠨᠠᠷ ᠲᠤ ᠵᠠᠰᠠᠯ ᠴᠢᠮᠡᠭ ᠪᠣᠯᠵᠣ ᠴᠢᠳᠠᠨᠠ᠃ ᠪᠦᠷ ᠯᠡ ᠡᠮᠦᠰᠴᠣ ᠪᠦᠬᠦᠢ ᠬᠦᠮᠦᠰ ᠤᠨ ᠢᠶᠠᠨ ᠭᠦᠰᠠᠯ ᠱᠠᠭᠠᠷᠳᠠᠯᠭᠠ ᠳᠤ ᠨᠠᠶᠢᠴᠡᠵᠦ ᠴᠢᠳᠠᠳᠠᠭ | ᠪᠦᠭᠡᠳ ᠣᠷᠠᠨ ᠨᠠᠷᠢᠨ ᠡᠳ᠋ ᠬᠡᠷᠡᠭᠯᠡᠯ ᠳᠤ ᠪᠠᠭᠳᠠᠨᠠ᠃ | ᠵᠢᠯᠪᠡᠩ ᠤᠨ ᠪᠣᠭᠤᠯᠳᠠ | ᠪᠦᠰᠡᠳᠡᠶᠢᠴᠣᠳ᠂ ᠡᠪᠣᠯ ᠤᠨ ᠡᠷᠢᠨ ᠳᠤ ᠮᠣᠷᠢᠳᠡᠢ ᠶᠠᠪᠣᠬᠤ ᠳᠠᠭᠠᠨ ᠲᠠᠪᠠᠯ ᠤᠨ ᠲᠣᠳᠣᠭᠠᠳᠣ ᠬᠤᠷᠮᠣᠢ ᠶᠢ ᠬᠡᠶᠢᠰᠬᠦ ᠠᠴᠠ ᠰᠡᠷᠭᠡᠶᠢᠯᠡᠵᠦ ᠪᠠᠷᠢᠵᠣ ᠪᠣᠭᠤᠳᠠᠭ᠃ | ᠡᠨᠡ ᠪᠣᠭᠤᠬᠤ ᠬᠡᠷᠡᠭᠰᠡᠯ ᠢ ᠵᠢᠯᠪᠡᠩ ᠤᠨ ᠪᠣᠭᠤᠯᠳᠠ ᠭᠡᠳᠡᠭ᠃ ᠵᠢᠯᠪᠡᠩ ᠤᠨ ᠪᠣᠭᠤᠯᠳᠠ ᠶᠢ ᠰᠣᠷ ᠢᠶᠠᠷ ᠬᠢᠪᠡᠯ ᠵᠠᠪᠠᠯ ᠭᠤᠷᠭᠢ ᠲᠠᠭᠠᠷᠠᠭᠤᠯᠳᠠᠭ᠃ ᠡᠶᠢᠮᠦ | ᠭᠤᠷᠬᠢ ᠳᠤ ᠮᠦᠩᠭᠦ ᠪᠠᠷ ᠬᠢᠳᠡᠭ᠃ ᠪᠣᠭᠤᠯᠳᠠ ᠶᠢᠨ ᠦᠵᠦᠭᠦᠷ ᠲᠤ ᠮᠦᠩᠭᠦᠨ ᠪᠦᠯᠡᠵᠢ ᠲᠠᠭᠠᠷᠠᠭᠤᠯᠵᠣ ᠴᠢᠮᠡᠭᠯᠡᠬᠦ ᠪᠦᠭᠡᠳ ᠭᠤᠷᠭᠢ ᠶᠢᠨ ᠠᠷᠣ ᠳᠤ ᠮᠦᠩᠭᠦᠨ | ᠲᠠᠳᠠᠭᠤᠷᠭᠠ ᠬᠢᠵᠦ ᠭᠤᠶᠣᠯᠠᠨᠠ᠃ ᠪᠦᠯᠡᠵᠢ ᠭᠤᠷᠭᠢ ᠪᠣᠯ ᠡᠷᠡ ᠭᠦᠮᠦᠨ ᠳᠤ ᠡᠷᠬᠡᠪᠰᠢ ᠪᠠᠶᠢᠬᠤ ᠵᠦᠢᠯ ᠪᠦᠭᠡᠳ ᠲᠡᠭᠦᠨ ᠢ ᠣᠷᠠᠯᠢᠭ ᠰᠠᠶᠢᠬᠠᠨ ᠬᠢᠵᠦ᠂ ᠡᠷᠡ | ᠬᠦᠮᠦᠨ ᠤ ᠵᠠᠰᠠᠯ ᠴᠢᠮᠡᠭᠯᠡᠯ ᠤᠨ ᠨᠢᠭᠡ ᠵᠦᠢᠯ ᠪᠣᠯᠭᠠᠵᠣ ᠶᠠᠪᠣᠳᠠᠭ ᠵᠠᠩᠰᠢᠯ ᠲᠠᠢ ᠶᠣᠮ᠃ | ᠬᠦᠭᠡᠷᠭᠡ | ᠪᠠᠷᠭᠤᠴᠣᠳ ᠬᠦᠭᠡᠷᠭᠡ ᠨᠡᠶᠢᠳᠡᠮ ᠬᠡᠷᠡᠭᠯᠡᠨᠡ᠃ ᠬᠦᠭᠡᠷᠭᠡ ᠨᠢ ᠮᠠᠨᠣ᠂ ᠭᠠᠷᠳᠠᠮ ᠵᠡᠷᠭᠡ ᠡᠷᠳᠡᠨᠢ ᠶᠢᠨ ᠴᠢᠯᠠᠭᠤ ᠪᠠᠶᠢᠳᠠᠭ᠃ ᠲᠡᠭᠦᠨ ᠤ ᠶᠡᠭᠡ ᠪᠡᠶᠡ ᠨᠢ | ᠬᠠᠪᠳᠠᠭᠠᠢ ᠬᠡᠯᠪᠡᠷᠢᠳᠡᠢ ᠪᠠᠶᠢᠬᠤ ᠨᠢ ᠣᠯᠠᠨᠳᠠᠢ᠃ ᠬᠦᠭᠡᠷᠭᠡ ᠨᠢ ᠲᠣᠯᠣᠭᠠᠢ᠂ ᠬᠦᠵᠦᠭᠦᠦ᠂ ᠮᠦᠷᠦ᠂ ᠬᠠᠪᠢᠷᠭᠠ᠂ ᠲᠡᠭᠰᠢ ᠰᠠᠭᠤᠷᠢ ᠵᠡᠷᠭᠡ ᠪᠦᠳᠦᠴᠡ ᠲᠠᠢ ᠶᠣᠮ᠃ | ᠬᠦᠭᠡᠷᠭᠡ ᠶᠢᠨ ᠲᠣᠯᠣᠭᠠᠢ ᠳᠤ ᠱᠢᠷᠦ ᠰᠠᠭᠤᠯᠭᠠᠳᠠᠭ᠃ ᠡᠨᠡ ᠰᠠᠭᠤᠷᠢ ᠶᠢ ᠮᠦᠩᠭᠦ ᠪᠠᠷ ᠬᠢᠳᠡᠭ᠃ ᠰᠠᠭᠤᠷᠢ ᠨᠢ ᠲᠦᠭᠦᠷᠢᠭ ᠬᠡᠯᠪᠡᠷᠢᠳᠡᠢ᠂ ᠶᠡᠭᠡ ᠪᠠᠭᠠ ᠨᠢ | ᠲᠣᠯᠣᠭᠠᠢ ᠲᠠᠢ ᠪᠠᠨ ᠠᠳᠠᠯᠢ᠃ ᠵᠣᠵᠠᠭᠠᠨ ᠨᠢᠮᠭᠡᠨ ᠨᠢ ᠴᠣ᠋ ᠠᠳᠠᠯᠢ ᠦᠭᠡᠢ᠃ ᠱᠢᠷᠦ ᠪᠠᠨ ᠬᠠᠪᠳᠠᠭᠠᠢ ᠰᠠᠭᠤᠷᠢᠨ ᠲᠡᠭᠡᠷᠡ ᠰᠠᠭᠤᠯᠭᠠᠨᠠ᠃ ᠰᠠᠭᠤᠷᠢ ᠨᠢ ᠮᠦᠩᠭᠦᠨ | ᠭᠦᠪᠡᠭᠡ ᠲᠠᠢ ᠪᠦᠭᠡᠳ ᠱᠢᠷᠦ ᠪᠠᠨ ᠪᠠᠷᠢᠬᠤ ᠢᠷᠮᠡᠭ ᠲᠠᠢ᠃ ᠰᠠᠭᠤᠷᠢ ᠶᠢᠨ ᠲᠣᠣᠷᠠᠳᠣ ᠪᠡᠶᠡ ᠳᠤ ᠬᠦᠭᠡᠷᠭᠡᠨ ᠤ ᠠᠮᠠᠰᠠᠷ ᠲᠤ ᠲᠣᠬᠢᠷᠠᠭᠰᠠᠨ ᠪᠣᠯᠴᠤᠣ ᠲᠠᠢ᠂ | ᠡᠭᠦᠨ ᠤ ᠲᠣᠣᠷᠠᠳᠣ ᠲᠠᠯᠠ ᠳᠤ ᠪᠢᠴᠢᠬᠠᠨ ᠮᠦᠩᠭᠦᠨ ᠬᠠᠯᠪᠠᠭᠠ ᠭᠠᠩᠨᠠᠳᠠᠭ᠃ ᠬᠦᠭᠡᠷᠭᠡ ᠪᠠᠨ ᠭᠤᠶᠣ ᠬᠠᠳᠬᠤᠮᠠᠯ ᠲᠠᠢ ᠬᠦᠭᠡᠷᠭᠡᠨ ᠤ ᠰᠠᠪᠠ ︵ᠲᠠᠯᠢᠦᠷ︶ ᠳᠤ | ᠬᠢᠵᠦ ᠪᠦᠰᠠᠨ ᠤ ᠵᠡᠭᠦᠨ ᠲᠠᠯᠠ ᠠᠴᠠ ᠬᠠᠪᠴᠢᠭᠤᠯᠵᠣ ᠵᠡᠭᠦᠳᠡᠭ᠃ ᠪᠠᠷᠭᠤᠴᠣᠳ ᠠᠭᠤᠯᠵᠠᠨ ᠵᠣᠯᠭᠠᠯᠴᠠᠬᠤ ᠳᠤ ᠪᠠᠨ ᠬᠦᠭᠡᠷᠭᠡ ᠪᠠᠨ ᠰᠣᠯᠢᠯᠴᠠᠵᠣ ᠬᠦᠨᠳᠦᠳᠭᠡᠯ ᠳᠤ | ᠬᠡᠷᠡᠭᠯᠡᠳᠡᠭ᠃ ᠬᠠᠮᠠᠷ ᠤᠨ ᠲᠠᠮᠠᠬᠢ ᠲᠠᠳᠠᠭᠰᠠᠳ ᠴᠣ᠋ ᠬᠦᠭᠡᠷᠭᠡᠨ ᠤ ᠲᠣᠳᠣᠷᠠ ᠬᠠᠮᠠᠷ ᠤᠨ ᠲᠠᠮᠠᠬᠢ ᠬᠢᠵᠦ ᠪᠠᠶᠢᠩᠭᠤ ᠵᠠᠷᠣᠳᠠᠭ᠃ ᠪᠠᠷᠭᠤᠴᠣᠳ ᠲᠡᠭᠦᠨ ᠢ ᠪᠠᠶᠢᠩᠭᠤ | ᠠᠪᠴᠦ ᠶᠠᠪᠣᠳᠠᠭ᠂ ᠦᠷᠭᠦᠯᠵᠢ ᠬᠡᠷᠡᠭᠯᠡᠳᠡᠭ᠂ ᠨᠡᠶᠢᠳᠠ ᠶᠢᠨ ᠭᠤᠶᠣᠮᠰᠤᠭ ᠰᠠᠶᠢᠬᠠᠨ ᠡᠳ᠋ᠯᠡᠯ ᠶᠣᠮ᠃ | ᠭᠠᠩᠰᠠᠨ ᠤ ᠮᠦᠩᠭᠦᠨ ᠬᠡᠷᠡᠭᠯᠡᠯ | ᠪᠠᠷᠭᠤᠴᠣᠳ᠂ ᠲᠠᠮᠠᠬᠢ ᠲᠠᠳᠠᠬᠤ ᠳᠠᠭᠠᠨ ᠮᠦᠩᠭᠦᠨ ᠭᠠᠩᠰᠠ ᠬᠡᠷᠡᠭᠯᠡᠳᠡᠭ᠃ ᠭᠠᠩᠰᠠ ᠨᠢ ᠲᠣᠯᠣᠭᠠᠢ᠂ ᠮᠣᠳᠣ᠂ ᠰᠣᠷᠣᠭᠤᠯ ᠵᠡᠷᠭᠡ ᠠᠴᠠ ᠪᠦᠳᠦᠨᠡ᠃ | ᠭᠠᠩᠰᠠᠨ ᠤ ᠲᠣᠯᠣᠭᠠᠢ ᠶᠢ ᠮᠦᠩᠭᠦ ᠪᠠᠷ ᠴᠣ᠋ ᠬᠢᠳᠡᠭ᠃ ᠲᠣᠯᠣᠭᠠᠢ ᠶᠢ ᠪᠠᠰᠠ ᠬᠤᠭᠤᠯᠠᠢ ︵ᠬᠦᠵᠦᠭᠦᠦ︶᠂ ᠰᠢᠯᠪᠢ ᠲᠠᠢ᠃ ᠡᠳᠡᠭᠡᠷ ᠨᠢ ᠬᠤᠸᠠᠷ ᠲᠠᠢ ᠴᠣ᠋ ᠪᠣᠢ᠂ | ᠬᠤᠸᠠᠷ ᠦᠭᠡᠢ ᠴᠣ᠋ ᠪᠣᠢ᠃ ᠭᠠᠩᠰᠠᠨ ᠤ ᠮᠦᠩᠭᠦᠨ ᠲᠣᠯᠣᠭᠠᠢ ᠶᠢᠨ ᠬᠡᠯᠪᠡᠷᠢ ᠨᠢ ᠦᠨᠳᠦᠰᠦᠨ ᠲᠡᠭᠡᠷᠡ ᠪᠠᠨ ᠠᠳᠠᠯᠢᠪᠳᠣᠷ ᠪᠠᠶᠢᠳᠠᠭ ᠴᠣ᠋ ᠪᠦᠳᠦᠭᠦᠨ ᠪᠠᠭᠠ᠂ | ᠰᠢᠯᠪᠢ ᠶᠢᠨ ᠣᠷᠳᠣ ᠪᠣᠭᠤᠨᠢ ᠨᠢ ᠲᠣᠯᠣᠭᠠᠢ ᠲᠠᠢ ᠪᠠᠨ ᠲᠣᠭᠢᠷᠠᠯᠴᠠᠬᠤ ᠬᠡᠷᠡᠭᠳᠡᠢ᠃ ᠭᠠᠩᠰᠠᠨ ᠳᠤ ᠭᠡ ᠣᠭᠠᠯᠵᠠ ᠴᠣᠬᠢᠬᠰᠠᠨ ᠨᠢ ᠪᠠᠶᠢᠳᠠᠭ᠃ ᠭᠠᠩᠰᠠᠨ ᠳᠤ ᠪᠠᠰᠠ | ᠮᠣᠳᠣᠨ ᠰᠣᠷᠣᠭᠤᠯ ᠲᠠᠢ᠃ ᠣᠷᠳᠣ ᠣᠬᠤᠷ ᠨᠢ ᠠᠳᠠᠯᠢ ᠦᠭᠡᠢ᠃ ᠪᠠᠰᠠ ᠭᠠᠩᠰᠠᠨ ᠳᠤ ᠮᠠᠨᠣ᠂ ᠭᠠᠷᠳᠠᠮ᠂ ᠨᠤᠭᠤᠭᠠᠨ ᠬᠠᠰ ᠵᠡᠷᠭᠡ ᠦᠨᠡᠳᠣ ᠡᠷᠳᠡᠨᠢᠰ ᠤᠨ | ᠴᠢᠯᠠᠭᠤ ᠶᠢ ᠰᠣᠩᠭᠤᠨ ᠬᠡᠷᠡᠭᠯᠡᠨᠡ᠃ ᠲᠡᠭᠦᠨ ᠤ ᠣᠷᠳᠣ ᠣᠬᠤᠷ᠂ ᠪᠦᠳᠦᠭᠦᠨ ᠨᠠᠷᠢᠨ ᠨᠢ ᠠᠳᠠᠯᠢ ᠦᠭᠡᠢ᠃ ᠡᠷᠳᠡᠨᠢᠰ ᠤᠨ ᠴᠢᠯᠠᠭᠤᠨ ᠰᠣᠷᠣᠭᠤᠯ ᠬᠡᠷᠡᠭᠯᠡᠬᠦ ᠨᠢ | ᠨᠦᠯᠦᠭᠡ ᠵᠡᠷᠭᠡ ᠡᠪᠡᠳᠴᠢᠨ ᠢ ᠵᠠᠰᠠᠬᠤ ᠦᠢᠯᠡᠳᠣᠯ ᠲᠠᠢ ᠭᠡᠨᠡ᠃ ᠲᠠᠮᠠᠬᠢᠨ ᠤ ᠮᠦᠩᠭᠦᠨ ᠡᠳ᠋ᠯᠡᠯ ᠳᠤ ᠴᠣᠬᠢᠭᠤᠷ ︵ᠴᠤᠭᠢᠯᠠᠭᠤᠷ︶᠂ ᠭᠠᠩᠰᠠᠨ ᠤ ᠰᠣᠶᠤᠭᠠ ︵ | ᠰᠡᠳᠦᠭᠦᠷ︶ ᠭᠡᠵᠦ ᠲᠣᠰᠬᠠᠢ ᠬᠡᠷᠡᠭᠯᠡᠯ ᠪᠣᠢ᠃ ᠪᠠᠰᠠ ᠡᠨᠡ ᠬᠤᠶᠠᠷ ᠢ ᠬᠤᠯᠪᠣᠳᠠᠭ ᠮᠦᠩᠭᠦᠨ ᠰᠦᠯᠵᠢᠮᠡᠷ ᠴᠣ᠋ ᠪᠣᠢ᠃ ᠴᠣᠬᠢᠭᠤᠷ ᠨᠢ ᠲᠠᠮᠠᠬᠢᠨ ᠤ ᠭᠠᠯ ᠢ ᠴᠣᠬᠢᠬᠤ | ᠂ ᠲᠠᠮᠠᠬᠢ ᠨᠣᠴᠣᠭᠠᠬᠤ ᠦᠢᠯᠡᠳᠣᠯ ᠲᠠᠢ ᠶᠣᠮ᠃ ᠲᠦᠭᠦᠷᠢᠭ ᠭᠦᠩᠭᠦᠷ ᠬᠡᠯᠪᠡᠷᠢᠳᠡᠢ᠂ ᠣᠷᠣᠢ ᠲᠡᠭᠡᠷᠡ ᠨᠢ ᠰᠦᠪᠡᠭᠴᠢ ᠭᠠᠩᠨᠠᠵᠣ ᠮᠦᠩᠭᠦ ᠲᠠᠭᠠᠷᠠᠭᠤᠯᠳᠠᠭ᠃ | ᠰᠣᠶᠤᠭᠠ ᠨᠢ ᠭᠠᠩᠰᠠᠨ ᠤ ᠪᠣᠬᠢ ᠪᠣᠷᠭᠤᠶᠢᠳᠠᠬᠤ ᠲᠡᠭᠡᠭᠡ ᠪᠣᠯᠣᠨᠠ᠃ ᠲᠣᠭᠤᠷᠢᠭ ᠬᠡᠯᠪᠡᠷᠢᠳᠡᠢ᠃ ᠴᠣᠬᠢᠭᠤᠷ ᠪᠠ ᠰᠣᠶᠤᠭᠠ ᠳᠤ ᠲᠣᠰ ᠪᠦᠷᠢ ᠮᠦᠩᠭᠦᠨ | ᠰᠦᠯᠵᠢᠮᠡᠷ ᠲᠠᠢ᠂ ᠡᠨᠡ ᠬᠤᠶᠠᠷ ᠢ ᠮᠦᠩᠭᠦᠨ ᠵᠣᠭᠤᠰ ᠢᠶᠠᠷ ᠬᠤᠯᠪᠣᠳᠠᠭ᠃ ᠭᠠᠩᠰᠠᠨ ᠳᠤ ᠪᠠᠰᠠ ᠬᠢᠵᠦ ᠶᠠᠪᠣᠳᠠᠭ ᠲᠣᠭᠳᠣᠢ᠂ ᠲᠠᠮᠠᠭᠢᠨ ᠤ ᠠᠯᠴᠢᠭᠤᠷ ︵ᠲᠠᠶᠢᠯᠣᠷ | ︶ ᠵᠡᠷᠭᠡ ᠪᠣᠢ᠃ ᠭᠠᠩᠰᠠ ᠪᠠᠨ ᠭᠤᠳᠣᠯ ᠤᠨ ᠲᠦᠷᠡᠢ ᠳᠡᠭᠡᠨ ᠰᠢᠷᠭᠤᠭᠤᠯᠬᠤ ︵ᠲᠦᠷᠡᠶᠢᠪᠴᠢᠨ ᠳᠤ ᠬᠢᠬᠦ︶ ᠵᠡᠷᠭᠡ ᠪᠠᠷ ᠶᠠᠪᠣᠬᠤ ᠨᠢ ᠨᠡᠶᠢᠳᠡᠮ᠃ ᠲᠠᠮᠠᠬᠢᠨ ᠤ | ᠠᠯᠴᠢᠭᠤᠷ ᠢ ᠪᠣᠯ ᠪᠦᠰᠡᠨ ᠳᠡᠭᠡᠨ ᠰᠣᠪᠢᠳᠠᠳᠠᠭ᠃ ᠪᠠᠷᠭᠤᠴᠣᠳ ᠤᠨ ᠲᠣᠳᠣᠷᠠ ᠡᠷᠡᠭᠳᠡᠶᠢᠴᠣᠳ᠂ ᠡᠮᠡᠭᠳᠡᠶᠢᠴᠣᠳ ᠪᠦᠷ ᠲᠠᠮᠠᠬᠢ ᠲᠠᠳᠠᠵᠣ ᠪᠣᠯᠣᠨᠠ᠃ | ᠪᠠᠷᠭᠤᠴᠣᠳ ᠬᠠᠷᠢᠯᠴᠠᠨ ᠠᠭᠤᠯᠵᠠᠬᠤ ᠳᠠᠭᠠᠨ ᠲᠠᠮᠠᠬᠢᠯᠠᠳᠠᠭ᠃ ᠢᠯᠡᠩᠭᠤᠶᠠ ᠨᠠᠰᠣᠳᠠᠶᠢᠴᠣᠳ ᠢᠩᠬᠢᠬᠦ ᠨᠢ ᠨᠡᠩ ᠦᠯᠡᠮᠵᠢ᠃ | ︽ᠲᠠᠪᠣᠨ ᠰᠠᠪᠠᠭᠠ ᠦᠭᠡᠢ︾ ᠪᠠᠭᠠᠵᠢ | ᠪᠠᠷᠭᠤᠴᠣᠳ ᠤᠨ ᠲᠣᠮᠳᠠ ︽ᠲᠡᠪᠣᠨ ᠰᠠᠪᠠᠭᠠ ᠦᠭᠡᠢ︾ ᠪᠠᠭᠠᠵᠢ ᠬᠡᠮᠡᠬᠦ ᠪᠣᠢ᠃ ᠡᠨᠡ ᠨᠢ ᠬᠡᠯᠡᠨ ᠤ ᠬᠤᠰᠣᠭᠤᠷ᠂ ᠰᠢᠳᠣᠨ ᠤ ᠴᠢᠭᠴᠢᠯᠡᠭᠦᠷ᠂ ᠴᠢᠬᠢᠨ ᠤ | ᠮᠠᠯᠳᠠᠭᠤᠷ᠂ ᠰᠠᠬᠠᠯ ᠤᠨ ᠰᠠᠮ᠂ ᠰᠠᠬᠠᠯ ᠤᠨ ᠴᠢᠮᠭᠢᠭᠦᠷ ᠵᠡᠷᠭᠡ ᠵᠦᠢᠯ ᠪᠣᠢ᠃ ᠡᠳᠡᠭᠡᠷ ᠢ ᠴᠦᠮ ᠨᠢᠭᠡᠳᠭᠡᠵᠦ᠂ ᠲᠠᠪᠣᠨ ᠵᠦᠢᠯ ᠢ ᠬᠠᠮᠳᠣᠷᠠᠭᠤᠯᠣᠨ ᠠᠰᠢᠭᠯᠠᠬᠤ | ᠵᠣᠷᠢᠯᠭᠠ ᠲᠠᠢ ᠪᠠᠷ ᠪᠦᠭᠦᠳᠡ ᠶᠢ ᠨᠢᠭᠡᠳᠭᠡᠵᠦ ᠴᠦᠮ ᠢ ᠨᠢᠭᠡᠨ ᠲᠣᠣᠷᠠ ᠪᠠᠶᠢᠯᠭᠠᠬᠤ ᠪᠠᠷ ᠴᠢᠷᠮᠠᠶᠢᠳᠠᠭ ᠪᠢᠯᠡ᠃ ᠡᠬᠦᠨ ᠢ ᠪᠠᠰᠠ ᠨᠢᠭᠡ ᠨᠢᠭᠡ ᠪᠠᠷ ᠰᠠᠪᠠᠯᠠᠵᠦ᠂ | ᠲᠣᠰᠬᠠᠢ ᠬᠡᠷᠡᠭᠴᠡᠭᠡ ᠪᠠᠷ ᠠᠵᠢᠯᠯᠠᠭᠤᠯᠬᠤ ᠪᠠᠷ ᠴᠢᠷᠮᠠᠶᠢᠵᠣ ᠪᠠᠶᠢᠬᠤ ᠨᠢ ᠴᠣ᠋ ᠪᠣᠢ᠃ ᠡᠨᠡ ᠪᠣᠯ ᠪᠠᠷᠭᠤᠴᠣᠳ ᠠᠴᠠ ᠭᠠᠷ ᠤᠨ ᠭᠡᠷᠡᠭᠴᠡᠭᠡ ᠠᠴᠠ ᠪᠣᠯᠵᠣ ᠪᠠᠶᠢᠭᠠ | ᠶᠠᠪᠣᠳᠠᠯ ᠶᠣᠮ᠃ | ᠬᠠᠵᠠᠭᠠᠷ᠂ ᠡᠮᠡᠭᠡᠯ᠂ ᠲᠠᠰᠢᠭᠤᠷ᠂ ᠬᠤᠰᠣᠭᠤᠷ ᠤᠨ ᠮᠦᠩᠭᠦᠨ ᠬᠡᠷᠡᠭᠯᠡᠯ | ᠮᠣᠷᠢᠨ ᠤ ᠬᠠᠵᠠᠭᠠᠷ᠂ ᠡᠮᠡᠭᠡᠯ ᠤᠨ ᠮᠦᠩᠭᠦᠨ ᠬᠡᠷᠡᠭᠯᠡᠯ ᠢ ᠪᠠᠷᠭᠤᠴᠣᠳ ᠡᠷᠳᠡ ᠠᠴᠠ ᠬᠡᠷᠡᠭᠯᠡᠵᠦ ᠢᠷᠡᠵᠡᠢ᠃ ᠮᠣᠷᠢᠨ ᠤ ᠬᠠᠵᠠᠭᠠᠷ ᠲᠤ ᠬᠤᠶᠠᠷ ᠪᠠᠭᠤᠪᠴᠢ ᠶᠢ | ᠮᠦᠩᠭᠦ ᠪᠠᠷ ᠬᠢᠬᠦ ᠠᠴᠠ ᠭᠠᠳᠠᠨᠠ ᠬᠠᠵᠠᠭᠠᠷ ᠤᠨ ᠠᠮᠠᠨ ᠳᠤ ᠭᠠᠣᠯᠢᠨ ᠲᠣᠪᠴᠢ ᠬᠢᠳᠡᠭ᠃ ᠬᠠᠵᠠᠭᠠᠷ ᠲᠤ ᠪᠦᠷ ᠵᠢᠵᠢᠭ ᠵᠢᠵᠢᠭ ᠪᠦᠷᠭᠦᠪᠴᠢ ᠲᠠᠢ ᠨᠢᠮᠭᠡᠨ ᠨᠢᠮᠭᠡᠨ | ᠪᠦᠷᠢᠶᠡᠰᠦ ᠲᠠᠢ ᠢᠯᠳᠡᠰᠦ ᠶᠢ ᠲᠠᠭᠠᠷᠠᠭᠤᠯᠵᠣ ᠬᠢᠳᠡᠭ᠃ ᠴᠢᠬᠢᠨ ᠤ ᠬᠡᠰᠡᠭ ᠲᠤ ᠵᠢᠵᠢᠭ ᠵᠢᠵᠢᠭ ᠬᠡᠯᠪᠡᠷᠢᠳᠡᠢ ᠮᠦᠩᠭᠦᠨ ᠬᠡᠷᠡᠴᠢ ᠶᠢ ᠲᠣᠭᠢᠷᠠᠭᠤᠯᠵᠣ᠂ ᠵᠡᠭᠦᠨ | ᠪᠠᠷᠠᠭᠤᠨ ᠲᠠᠯᠠ ᠳᠤ ᠬᠤᠣᠰ ᠬᠤᠣᠰ ᠢᠶᠠᠷ ᠬᠢᠳᠡᠭ᠃ ᠮᠣᠷᠢᠨ ᠤ ᠡᠮᠡᠭᠡᠯ ᠳᠤ ᠲᠦᠷᠪᠡᠨ ᠪᠦᠯᠡᠵᠢ᠂ ᠬᠤᠶᠠᠷ ᠪᠠᠭᠤᠪᠴᠢ᠂ ᠲᠣᠮᠳᠠ ᠬᠡᠰᠡᠭ ᠲᠤ ᠶᠡᠭᠡ ᠪᠠᠭᠠ ᠬᠤᠶᠠᠷ | ᠪᠠᠭᠤᠪᠴᠢ᠂ ᠡᠮᠡᠭᠡᠯ ᠤᠨ ᠲᠦᠷᠪᠡᠨ ᠲᠠᠷᠣᠭᠤᠯᠭᠠ ᠶᠢ ᠪᠦᠷ ᠮᠦᠩᠭᠦ ᠪᠠᠷ ᠬᠢᠳᠡᠭ ᠪᠢᠯᠡ᠃ ᠡᠮᠡᠭᠡᠯ ᠳᠤ ᠬᠡᠷᠡᠭᠯᠡᠳᠡᠭ ᠮᠦᠩᠭᠦᠨ ᠲᠠᠷᠣᠭᠤᠯᠭᠠ ᠶᠢᠨ ᠲᠡᠭᠡᠷᠡᠬᠢ | ᠣᠭᠠᠯᠵᠠ ᠬᠤᠸᠡᠷ ᠨᠢ ᠪᠦᠷ ᠠᠰ ᠠᠰ ᠲᠠᠭᠠᠨ ᠬᠤᠸᠡᠷ ᠲᠠᠢ ᠪᠦᠭᠡᠳ ᠶᠠᠩᠵᠣ ᠬᠡᠯᠪᠡᠷᠢ ᠨᠢ ᠴᠣ᠋ ᠣᠯᠠᠨ ᠪᠠᠶᠢᠳᠠᠭ᠃ ᠪᠠᠰᠠ ᠡᠮᠡᠭᠡᠯ ᠤᠨ ᠱᠣᠭᠤᠪᠣᠷ᠂ ᠬᠢᠵᠢᠮ ᠤᠨ | ᠵᠠᠢ ᠳᠤ ᠪᠦᠷ ᠵᠢᠵᠢᠭ ᠵᠢᠵᠢᠭ ᠮᠦᠩᠭᠦᠨ ᠬᠠᠳᠠᠭᠠᠰᠣ ᠶᠢ ᠰᠢᠭᠢᠳᠬᠡᠵᠦ ᠲᠠᠯᠪᠢᠳᠠᠭ᠃ ᠪᠠᠷᠭᠤᠴᠣᠳ ᠡᠮᠡᠭᠡᠯ ᠢᠶᠠᠨ ᠴᠡᠪᠡᠷ ᠰᠠᠶᠢᠬᠠᠨ ᠠᠪᠴᠣ ᠶᠠᠪᠣᠬᠤ ᠶᠢ ᠠᠯᠢ | ᠡᠷᠳᠡ ᠠᠴᠠ ᠡᠬᠢᠯᠡᠵᠦ ᠣᠷᠣᠯᠳᠣᠭᠰᠠᠨ ᠪᠦᠭᠡᠳ ᠡᠮᠡᠭᠡᠯ ᠢᠶᠠᠨ ᠦᠭᠡᠳᠡ ᠨᠢ ᠬᠠᠷᠠᠭᠤᠯᠵᠣ ᠲᠠᠯᠪᠢᠬᠤ᠂ ᠵᠠᠪᠠᠯ ᠨᠠᠷᠠᠨ ᠵᠦᠪ ᠪᠠᠶᠢᠯᠭᠠᠬᠤ᠂ ᠬᠡᠵᠢᠶᠡᠳᠡ ᠲᠡᠭᠰᠢ ᠴᠡᠪᠡᠷ | ᠪᠠᠶᠢᠯᠭᠠᠬᠤ ᠶᠢ ᠣᠨᠴᠠ ᠠᠩᠬᠠᠷᠳᠠᠭ ᠪᠠᠶᠢᠨᠠ᠃ ᠮᠣᠷᠢᠨ ᠤ ᠠᠵᠢᠯ ᠳᠤ ᠪᠠᠰᠠ ᠲᠠᠰᠢᠭᠤᠷ ᠤᠨ ᠮᠦᠩᠭᠦᠨ ᠬᠡᠷᠡᠭᠯᠡᠯ ᠪᠠᠭᠳᠠᠨᠠ᠃ ᠲᠠᠰᠢᠭᠤᠷ ᠲᠤ ᠲᠡᠭᠦᠨ ᠤ ᠭᠠᠷ | ᠲᠠᠯᠠ ᠳᠤᠨᠢ ᠨᠠᠭᠠᠳᠠᠭ ᠮᠦᠩᠭᠦᠨ ᠪᠠᠷᠢᠨᠳᠠᠭ ᠪᠠᠶᠢᠳᠠᠭ᠃ ᠪᠠᠰᠠ ᠵᠠᠷᠢᠮ ᠬᠦᠮᠦᠨ ᠤ ᠪᠠᠷᠢᠳᠠᠭ ᠲᠠᠰᠢᠭᠤᠷ ᠲᠤ ᠮᠦᠩᠭᠦᠨ ᠪᠦᠯᠡᠵᠢ ᠬᠤᠣᠰ ᠢᠶᠠᠷ ᠲᠡᠭᠦᠵᠢᠯᠡᠵᠦ | ᠶᠠᠪᠣᠳᠠᠭ ᠨᠢ ᠪᠣᠢ᠃ ᠮᠣᠷᠢᠨ ᠳᠤ ᠪᠠᠷᠢᠳᠠᠭ ᠬᠤᠰᠣᠭᠤᠷ ᠤᠨ ᠲᠣᠳᠣᠷᠠ ᠲᠡᠭᠡᠳᠣ ᠨᠢᠭᠤᠷ ᠢ ᠴᠣ᠋ ᠠᠯᠳᠠ ᠪᠠᠷ ᠪᠠᠷᠢᠭᠰᠠᠨ ᠪᠠᠶᠢᠳᠠᠭ ᠠᠴᠠ ᠭᠠᠳᠠᠨᠠ᠂ ᠪᠦᠬᠦ ᠪᠡᠶᠡ ᠶᠢ | ᠠᠯᠳᠠ ᠪᠠᠷ ᠪᠦᠷᠢᠵᠣ ᠪᠣᠭᠤᠭᠰᠠᠨ ᠶᠠᠪᠣᠳᠠᠯ ᠴᠣ᠋ ᠪᠠᠶᠢᠳᠠᠭ᠃ ᠮᠣᠩᠭᠤᠯᠴᠣᠳ ᠪᠣᠯ ᠦᠪᠡᠷ ᠤᠨ ᠣᠨᠤᠵᠣ ᠡᠳ᠋ᠯᠠᠵᠣ ᠶᠠᠪᠣᠳᠠᠭ ᠠᠳᠣᠭᠤᠨ ᠤ ᠲᠣᠳᠣᠷᠠ ᠮᠣᠷᠢᠨ ᠳᠤ | ᠲᠣᠰᠬᠠᠶᠢᠯᠠᠨ ᠪᠡᠯᠡᠳᠭᠡᠭᠰᠡᠨ ᠵᠦᠢᠯ ᠤᠳ ᠡᠯᠪᠡᠭ ᠪᠠᠶᠢᠳᠠᠭ ᠨᠢ ᠢᠯᠡ ᠮᠡᠳᠡᠭᠳᠡᠨᠡ᠃ | ᠮᠦᠩᠭᠦᠨ ᠲᠣᠪᠣᠷᠣᠣ ᠲᠠᠢ ᠵᠣᠳᠤᠭ | ᠪᠠᠷᠭᠤᠴᠣᠳ ᠪᠦᠭᠡ ᠶᠢᠨ ᠵᠣᠳᠤᠭ ᠲᠠᠭᠠᠨ ᠮᠦᠩᠭᠦᠨ ᠲᠣᠪᠣᠷᠣᠣ ᠲᠠᠢ ᠵᠣᠳᠤᠭ ᠲᠠᠢ ᠪᠣᠯᠣᠭᠰᠠᠭᠠᠷ ᠣᠳᠠᠵᠠᠢ᠃ ᠪᠦᠭᠡ ᠶᠢᠨ ᠵᠣᠳᠤᠭ ᠤᠨ ᠮᠦᠷᠦ ᠨᠢ 28 | — 30 ᠰᠡᠨᠲ᠋ᠢᠮᠧᠳ᠋ᠷ᠂ ᠲᠣᠣᠷᠠᠳᠣ ᠪᠡᠶᠡ ᠨᠢ 25 — 28 ᠰᠡᠨᠲ᠋ᠢᠮᠧᠳ᠋ᠷ ᠪᠠᠶᠢᠵᠣ᠂ ᠴᠡᠭᠡᠵᠢ ᠦᠷᠭᠡᠨ᠂ ᠲᠣᠣᠭᠤᠷ ᠢᠶᠠᠨ ᠪᠠᠭᠠ᠂ ᠪᠦᠬᠦ ᠪᠡᠶᠡ ᠶᠢ ᠪᠠᠷᠢᠳᠠᠭ | ᠦᠭᠡᠢ ᠣᠨᠴᠠᠯᠢᠭ ᠲᠠᠢ ᠪᠠᠶᠢᠳᠠᠭ᠃ ᠡᠨᠡ ᠬᠦ ᠵᠣᠳᠤᠭ ᠲᠠᠭᠠᠨ ᠮᠦᠷᠦ᠂ ᠲᠠᠯᠣ ᠳᠠᠭᠠᠨ ᠪᠦᠷ ᠠᠯᠳᠠᠨ ᠵᠣᠭᠤᠰ ᠠᠳᠠᠯᠢ ᠵᠣᠭᠤᠰᠣᠨ ᠮᠦᠩᠭᠦ ᠶᠢ ᠬᠠᠳᠠᠭᠠᠰᠣᠨ ᠳᠤ | ᠬᠠᠳᠠᠵᠣ᠂ ᠬᠤᠶᠠᠷ ᠮᠦᠷᠦ᠂ ᠵᠣᠳᠤᠭ ᠤᠨ ᠪᠣᠰᠣᠳ ᠬᠡᠰᠡᠭ ᠲᠤ ᠭᠤᠷᠪᠠ ᠭᠤᠷᠪᠠ ᠪᠠᠷ ᠬᠠᠳᠠᠵᠣ ᠪᠦᠬᠦᠯᠢ ᠳᠤᠨᠢ ᠰᠢᠷᠭᠡᠭᠴᠢᠯᠡᠨ ᠬᠠᠳᠠᠳᠠᠭ᠃ ᠵᠣᠳᠤᠭ ᠤᠨ | ᠲᠣᠣᠷᠠᠳᠣ ᠲᠠᠯᠠ ᠳᠤ ᠠᠷᠠᠰᠣᠨ ᠡᠳ᠋ ᠢᠶᠠᠷ ᠲᠣᠳᠣᠷᠯᠠᠵᠣ᠂ ᠲᠣᠳᠣᠷᠠ ᠨᠢ ᠰᠤᠷ ᠢᠶᠠᠷ ᠪᠦᠰᠡ ᠬᠢᠵᠣ᠂ ᠪᠦᠬᠦᠯᠢ ᠪᠡᠶᠡ ᠶᠢ ᠪᠠᠷᠢᠨ ᠣᠶᠠᠬᠤ ᠪᠣᠯᠭᠠᠵᠠᠢ᠃ ᠪᠦᠬᠡ ᠶᠢᠨ | ᠵᠣᠳᠤᠭ ᠤᠨ ᠠᠷᠣ ᠲᠠᠯᠠ ᠳᠤ ᠪᠦᠬᠡᠴᠣᠳ ᠦᠪᠡᠷ ᠦᠪᠡᠷ ᠤᠨ ᠭᠠᠷᠣᠯ ᠢᠶᠠᠨ ᠲᠣᠳᠣᠷᠬᠠᠶᠢᠯᠠᠨ ᠪᠢᠴᠢᠬᠦ ᠪᠣᠶᠣ ᠬᠡᠶᠢᠮᠣᠷᠢ ᠵᠡᠷᠭᠡ ᠶᠢ ᠲᠠᠯᠪᠢᠳᠠᠭ ᠪᠠᠶᠢᠪᠠ᠃ ᠪᠠᠷᠭᠤ | ᠪᠦᠬᠡ ᠶᠢᠨ ᠵᠣᠳᠤᠭ ᠪᠣᠯ ᠡᠷᠡᠭᠳᠡᠶᠢᠴᠣᠳ ᠤᠨ ᠪᠦᠬᠡ ᠶᠢᠨ ᠪᠠᠷᠢᠯᠳᠣᠭᠠᠨ ᠳᠤ ᠡᠮᠦᠰᠳᠡᠭ ᠵᠣᠳᠤᠭ ᠪᠦᠭᠡᠳ ᠡᠭᠦᠨ ᠢᠶᠠᠷ ᠢᠶᠠᠨ ᠪᠦᠬᠡ ᠪᠣᠯᠣᠭᠰᠠᠨ ᠢᠶᠠᠨ ᠢᠯᠡᠳᠭᠡᠳᠡᠭ | ᠪᠠᠶᠢᠨᠠ᠃ | ᠮᠦᠩᠭᠦᠨ ᠠᠶᠠᠭᠠ | ᠪᠠᠷᠭᠤᠴᠣᠳ ᠮᠦᠩᠭᠦᠨ ᠠᠶᠠᠭᠠ ᠶᠢ ᠡᠷᠭᠢᠮᠯᠡᠨ ᠬᠡᠷᠡᠭᠯᠡᠳᠡᠭ᠃ ᠦᠨᠳᠦᠰᠦᠨ ᠠᠶᠠᠭᠠ ᠶᠢ ᠮᠦᠩᠭᠦᠯᠡᠵᠦ ᠴᠢᠮᠡᠭᠯᠡᠨᠡ᠃ ᠦᠨᠳᠦᠰᠦᠨ ᠠᠶᠠᠭᠠᠨ ᠤ ᠶᠡᠭᠡ | ᠪᠠᠭᠠ ᠨᠢ ᠠᠳᠠᠯᠢ ᠪᠣᠰᠣ ᠪᠠᠶᠢᠳᠠᠭ ᠣᠴᠢᠷ ᠠᠴᠠ ᠬᠡᠷᠡᠭᠯᠡᠬᠦ ᠮᠦᠩᠭᠦᠨ ᠤ ᠬᠡᠮᠵᠢᠶᠡ ᠨᠢ ᠴᠣ᠋ ᠠᠳᠠᠯᠢ ᠪᠣᠰᠣ᠃ ᠦᠨᠳᠣᠰᠦᠨ ᠠᠶᠠᠭᠠ ᠶᠢ ᠲᠣᠳᠣᠷ᠂ ᠢᠷᠮᠡᠭ ᠢ | ᠮᠦᠩᠭᠦᠯᠡᠬᠦ᠂ ᠲᠣᠳᠣᠷ᠂ ᠢᠷᠮᠡᠭ᠂ ᠢᠷᠣᠭᠠᠷ ᠢ ᠴᠦᠮ ᠮᠦᠩᠭᠦᠯᠡᠬᠦ ᠵᠡᠷᠭᠡ ᠬᠡᠯᠪᠡᠷᠢ ᠪᠠᠶᠢᠳᠠᠭ᠃ ᠮᠦᠩᠭᠦᠨ ᠠᠶᠠᠭᠠ ᠶᠢ ᠬᠤᠸᠡᠷᠲᠠᠢ ᠮᠦᠩᠭᠦᠨ ᠠᠶᠠᠭᠠ᠂ ᠬᠤᠸᠡᠷ | ᠦᠭᠡᠢ ᠮᠦᠩᠭᠦᠨ ᠠᠶᠠᠭᠠ ᠭᠡᠵᠦ ᠢᠯᠭᠠᠵᠣ ᠪᠣᠯᠣᠨᠠ᠃ ᠬᠤᠸᠠᠷᠲᠠᠢ ᠮᠦᠩᠭᠦᠨ ᠠᠶᠠᠭᠠᠨ ᠤ ᠢᠷᠮᠡᠭ᠂ ᠬᠦᠪᠡᠭᠡ᠂ ᠢᠷᠣᠭᠠᠷ ᠲᠤ ᠨᠢ ᠴᠦᠮ ᠡᠯᠳᠡᠪ ᠬᠡ ᠣᠭᠠᠯᠵᠠ | ᠭᠠᠷᠭᠠᠳᠠᠭ᠃ ᠬᠡ ᠬᠤᠸᠠᠷ ᠨᠢ ᠠᠳᠠᠯᠢ ᠦᠭᠡᠢ᠃ ᠪᠠᠷᠭᠤᠴᠣᠳ ᠮᠦᠩᠭᠦᠨ ᠠᠶᠠᠭᠠ ᠶᠢ ᠡᠯᠪᠡᠭ ᠬᠡᠷᠡᠭᠯᠡᠳᠡᠭ ᠤᠨ ᠵᠣᠷᠢᠯᠭᠠ ᠪᠣᠯ ᠠᠶᠠᠭᠠ ᠪᠦᠬᠡ ᠪᠠᠶᠢᠬᠤ ᠬᠡᠷᠡᠭᠳᠡᠢ | ᠪᠦᠭᠡᠳ ᠪᠠᠰᠠ ᠴᠡᠪᠡᠷ ᠰᠠᠶᠢᠬᠠᠨ ᠪᠠᠶᠢᠬᠤ ᠬᠡᠷᠭᠴᠡᠭᠡ ᠲᠠᠢ᠂ ᠨᠦᠭᠦᠭᠡ ᠲᠠᠯᠠ ᠠᠴᠠ ᠨᠢ ᠬᠡᠯᠡᠪᠡᠯ ᠪᠠᠰᠠ ᠭᠡᠷ ᠤᠨ ᠡᠳ᠋ ᠬᠡᠷᠡᠭᠰᠡᠯ ᠡᠪᠳᠡᠢ ᠰᠠᠶᠢᠬᠠᠨ ᠬᠠᠷᠠᠭᠳᠠᠬᠤ | ᠪᠦᠭᠡᠳ ᠡᠮᠬᠢ ᠲᠢᠭᠳᠡᠢ ᠪᠠᠶᠢᠬᠤ ᠨᠡᠶᠢᠳᠡ ᠶᠢᠨ ᠲᠦᠷᠢᠮ ᠲᠠᠢ ᠠᠴᠠ ᠪᠣᠯᠵᠠᠢ᠃ | ᠠᠷᠢᠬᠢᠨ ᠤ ᠮᠦᠩᠭᠦᠨ ᠡᠳ᠋ᠯᠡᠯ | ᠠᠷᠢᠭᠢᠨ ᠤ ᠮᠦᠩᠭᠦᠨ ᠡᠳ᠋ᠯᠡᠯ ᠳᠤ ᠱᠠᠬᠤᠣ᠂ ᠱᠣᠮᠠ ︵ᠬᠤᠨᠳᠠᠭᠠ︶᠂ ᠰᠢᠮᠡᠭᠦᠷ᠂ ᠳ᠋ᠢᠶᠠᠽᠢ ᠪᠣᠶᠣ ᠰᠢᠮᠡᠭᠦᠷ ᠵᠡᠷᠭᠡ ᠪᠣᠢ᠃ ᠱᠠᠬᠤᠣ ︵ᠠᠷᠢᠬᠢ ᠬᠠᠯᠠᠭᠠᠳᠠᠭ | ᠰᠠᠪᠠ︶ ᠨᠢ ᠠᠷᠢᠬᠢ ᠬᠠᠯᠠᠭᠠᠳᠠᠭ ᠰᠠᠪᠠ᠃ ᠬᠤᠶᠠᠷ ᠯᠠᠩ ᠪᠠᠭᠴᠠᠭᠠ ᠲᠠᠢ ᠠᠷᠢᠬᠢ ᠪᠠᠭᠳᠠᠨᠠ᠃ ᠲᠡᠭᠦᠨ ᠢ ᠮᠦᠩᠭᠦᠪᠠᠷ ᠬᠢᠳᠡᠭ᠃ ᠵᠠᠷᠢᠮ ᠱᠠᠬᠤᠣ ᠶᠢ ᠣᠯᠠᠨ | ᠶᠠᠩᠵᠣ ᠪᠠᠷ ᠬᠤᠸᠠᠷ ᠴᠤᠬᠢᠳᠠᠭ᠃ ᠱᠣᠮᠠ ᠨᠢ ᠠᠷᠢᠬᠢ ᠣᠣᠭᠤᠳᠠᠭ ᠪᠢᠴᠢᠬᠠᠨ ᠰᠠᠪᠠ᠃ ᠬᠤᠨᠳᠠᠭᠠᠨ ᠳᠤ ᠨᠢᠭᠡ ᠪᠣᠶᠣ ᠬᠤᠶᠠᠷ ᠴᠢᠬᠢ ᠪᠣᠶᠣ ᠪᠠᠷᠢᠭᠤᠯ ᠲᠠᠢ᠃ | ᠱᠣᠮᠠ ᠶᠢ ᠪᠠᠰᠠ ᠮᠦᠩᠭᠦ ᠪᠠᠷ ᠬᠢᠳᠡᠭ᠃ ᠵᠠᠷᠢᠮ ᠱᠣᠮᠠ ᠳᠤ ᠡᠯᠳᠡᠪ ᠤᠨ ᠬᠤᠸᠡᠷ ᠲᠠᠢ᠃ ᠬᠤᠨᠳᠠᠭᠠ ᠪᠠᠨ ᠲᠠᠯᠪᠢᠳᠠᠭ ᠪᠠᠭᠠ ᠳ᠋ᠢᠶ᠋ᠢᠽᠢ ᠲᠠᠢ᠃ ᠲᠡᠭᠦᠨ ᠤ | ᠵᠠᠷᠢᠮ ᠳᠤᠨᠢ ᠪᠠᠰᠠ ᠣᠯᠠᠨ ᠬᠤᠸᠡᠷ ᠲᠠᠢ ᠪᠠᠶᠢᠳᠠᠭ᠃ ᠰᠢᠮᠡᠭᠦᠷ ᠪᠣᠯ ᠠᠷᠢᠬᠢ ᠬᠡᠳᠡᠭ ᠪᠢᠴᠢᠬᠠᠨ ᠰᠠᠪᠠ ᠮᠦᠨ᠃ ᠬᠡᠯᠪᠡᠷᠢ ᠨᠢ ᠲᠦᠭᠦᠷᠢᠭ᠂ ᠲᠦᠷᠪᠡᠯᠵᠢᠨ ᠪᠦᠭᠡᠳ | ᠵᠣᠣᠪᠠᠩ ᠪᠠᠶᠢᠬᠤ ᠨᠢ ᠣᠯᠠᠨ ᠲᠠᠢ᠃ ᠲᠡᠭᠡᠷᠡ ᠪᠠᠨ ᠨᠠᠷᠢᠨ ᠬᠦᠵᠦᠬᠦᠦ ᠲᠠᠢ ᠪᠣᠶᠣ ᠴᠣᠷᠭᠤᠨ ᠠᠮᠠᠰᠠᠷ ᠲᠠᠢ᠃ ᠠᠮᠠᠰᠠᠷ ᠤᠨ ᠪᠦᠭᠯᠡᠭᠡ ᠶᠢ ᠴᠢᠩᠭᠠ ᠲᠠᠭᠠᠷᠠᠭᠤᠯᠳᠠᠭ᠃ | ᠲᠡᠭᠦᠨ ᠢ ᠮᠦᠩᠭᠦ ᠪᠠᠷ ᠬᠢᠳᠡᠭ᠃ ᠲᠡᠭᠦᠨ ᠤ ᠭᠠᠳᠠᠷ ᠲᠠᠯᠠ ᠳᠤᠨᠢ ᠣᠯᠠᠨ ᠶᠠᠩᠵᠣ ᠶᠢᠨ ᠬᠤᠸᠡᠷ ᠬᠠᠳᠬᠤᠳᠠᠭ᠃ ᠰᠢᠮᠡᠭᠦᠷ ᠲᠠᠢ ᠠᠷᠢᠬᠢ ᠶᠢ ᠬᠤᠨᠳᠠᠭᠠᠯᠠᠵᠣ | ᠣᠣᠭᠤᠳᠠᠭ ᠦᠭᠡᠢ᠂ ᠠᠮᠠᠰᠠᠷ ᠠᠴᠠ ᠨᠢ ᠰᠢᠮᠡᠵᠦ ᠣᠣᠭᠤᠳᠠᠭ᠃ ᠰᠢᠮᠡᠭᠦᠷ ᠪᠣᠯ ᠡᠷᠭᠢᠮ ᠰᠠᠶᠢᠬᠠᠨ ᠡᠳ᠋ ᠪᠣᠯᠣᠨᠠ᠃ | ᠮᠦᠩᠭᠦᠨ ᠫᠢᠯᠠ᠂ ᠬᠠᠯᠪᠠᠭᠠ᠂ ᠰᠡᠷᠡᠭᠡ ᠪᠠᠷᠭᠤᠴᠣᠳ ᠮᠦᠩᠭᠦᠨ ᠫᠢᠯᠠ ᠶᠢ ᠬᠡᠷᠡᠭᠯᠡᠳᠡᠭ᠃ ᠮᠦᠩᠭᠦᠨ ᠫᠢᠯᠠ ᠳᠤ ᠮᠦᠩᠭᠦ ᠪᠠᠷ ᠬᠢᠭᠰᠡᠨ ᠫᠢᠯᠠ᠂ ᠮᠦᠩᠭᠦ ᠪᠠᠷ | ᠴᠠᠶᠢᠷᠠᠭᠤᠯᠣᠭᠰᠠᠨ ᠮᠦᠩᠭᠦᠨ ᠫᠢᠯᠠ ᠭᠡᠵᠦ ᠪᠠᠶᠢᠳᠠᠭ᠃ ᠡᠨᠡ ᠬᠦ ᠫᠢᠯᠠ ᠳᠤ ᠣᠯᠠᠨ ᠶᠠᠩᠵᠣ ᠶᠢᠨ ᠬᠡ ᠬᠤᠸᠡᠷ ᠲᠠᠯᠪᠢᠳᠠᠭ᠃ ᠪᠠᠷᠭᠤᠴᠣᠳ ᠴᠣ᠋ ᠬᠠᠯᠪᠠᠭᠠ ᠶᠢ | ᠮᠦᠩᠭᠦ ᠪᠠᠷ ᠬᠢᠳᠡᠭ᠃ ᠮᠦᠩᠭᠦᠨ ᠬᠠᠯᠪᠠᠭᠠ ᠳᠤ ᠶᠡᠭᠡ ᠪᠠᠭᠠ᠂ ᠵᠣᠵᠠᠭᠠᠨ ᠨᠢᠮᠭᠡᠨ᠂ ᠬᠤᠸᠡᠷ ᠲᠠᠢ ᠪᠣᠶᠣ ᠬᠤᠸᠡᠷ ᠦᠭᠡᠢ ᠣᠯᠠᠨ ᠶᠠᠩᠵᠣ ᠪᠠᠶᠢᠳᠠᠭ᠃ | ᠪᠠᠷᠭᠤᠴᠣᠳ ᠮᠦᠩᠭᠦᠨ ᠰᠡᠷᠡᠭᠡ ᠶᠢ ᠴᠣ᠋ ᠣᠯᠠᠨ ᠬᠡᠷᠡᠭᠯᠡᠳᠡᠭ᠃ ᠮᠦᠩᠭᠦᠨ ᠰᠡᠷᠡᠭᠡ ᠶᠢᠨ ᠶᠡᠭᠡ ᠪᠠᠭᠠ᠂ ᠵᠣᠵᠠᠭᠠᠨ ᠨᠢᠮᠭᠡᠨ ᠨᠢ ᠴᠣ᠋ ᠪᠦᠷ ᠠᠳᠠᠯᠢ ᠪᠣᠰᠣ ᠪᠠᠶᠢᠳᠠᠭ | ᠪᠦᠭᠡᠳ ᠰᠠᠯᠠᠭᠠᠨ ᠤ ᠲᠣᠮᠳᠠ ᠪᠠᠨ ᠭᠤᠶᠣ ᠰᠠᠶᠢᠬᠠᠨ ᠬᠡ ᠬᠤᠸᠡᠷ ᠲᠠᠢ ᠪᠠᠶᠢᠨᠠ᠃ | ᠪᠣᠷᠬᠠᠨ ᠤ ᠮᠦᠩᠭᠦᠨ ᠬᠡᠷᠡᠭᠯᠡᠯ | ᠴᠢᠯᠣᠭᠡᠯᠡᠭᠳᠡᠬᠦ ᠠᠴᠠ ᠡᠮᠦᠨᠡ ᠰᠢᠨᠡ ᠪᠠᠷᠭᠤᠴᠣᠳ ᠠᠶᠢᠯ ᠪᠦᠷᠢ ᠭᠡᠷ ᠲᠡᠭᠡᠨ ᠪᠣᠷᠬᠠᠨ ᠲᠠᠬᠢᠵᠣ ᠰᠢᠳᠣᠳᠡᠭ᠃ ᠪᠣᠷᠬᠠᠨ ᠤ ᠮᠦᠩᠭᠦᠨ ᠵᠠᠰᠠᠯ ᠴᠢᠮᠡᠭ ᠪᠣᠶᠣ | ᠭᠡᠷᠡᠭᠯᠡᠯ ᠣᠯᠠᠨ ᠪᠠᠶᠢᠳᠠᠭ᠃ ᠲᠠᠭᠢᠳᠠᠭ ᠪᠣᠷᠬᠠᠳ ᠨᠢ ᠣᠯᠠᠨ ᠵᠦᠢᠯ ᠪᠣᠢ᠃ ᠴᠣᠯ ᠮᠦᠩᠭᠦᠨ ᠪᠣᠷᠬᠠᠨ ᠴᠣ᠋ ᠪᠠᠶᠢᠳᠠᠭ᠃ ᠪᠠᠰᠠ ᠬᠠᠳᠬᠤᠮᠠᠯ᠂ ᠵᠢᠷᠣᠮᠠᠯ | ᠪᠣᠷᠬᠠᠨ ᠢᠶᠠᠨ ᠮᠦᠩᠭᠦᠨ ᠬᠦᠩᠭᠠᠷᠠᠪᠠ ᠳᠤ ᠬᠢᠵᠦ ᠲᠠᠬᠢᠨᠠ᠃ ᠬᠦᠩᠭᠠᠷᠠᠪᠠ ᠶᠢᠨ ᠶᠡᠭᠡ ᠪᠠᠭᠠ ᠨᠢ ᠠᠳᠠᠯᠢ ᠦᠭᠡᠢ᠂ ᠬᠦᠩᠭᠠᠷᠠᠪᠠ ᠶᠢᠨ ᠬᠦᠪᠡᠭᠡ ᠨᠢ ᠭᠤᠶᠣ ᠬᠡ | ᠣᠭᠠᠯᠵᠠ ᠲᠠᠢ᠃ ᠪᠣᠷᠬᠠᠨ ᠤ ᠮᠦᠩᠭᠦᠨ ᠵᠠᠰᠠᠯ ᠳᠤ ᠵᠣᠯᠠ ᠶᠢᠨ ᠮᠦᠩᠭᠦᠨ ᠴᠦᠭᠦᠴᠡ᠂ ᠲᠠᠬᠢᠯ ᠤᠨ ᠮᠦᠩᠭᠦᠨ ᠰᠠᠪᠠ᠂ ᠲᠠᠬᠢᠯ ᠤᠨ ᠨᠠᠢᠮᠠᠨ ᠴᠢᠮᠡᠭ ᠪᠣᠶᠣ ᠴᠡᠴᠡᠭ | ᠵᠡᠷᠭᠡ ᠪᠠᠶᠢᠳᠠᠭ᠃ ᠪᠠᠰᠠ ᠭᠠᠷ ᠬᠦᠷᠳᠣ᠂ ᠡᠷᠭᠢᠭᠦᠯᠭᠡᠨ ᠬᠦᠷᠳᠣ ᠪᠣᠢ᠃ ᠴᠣᠯ ᠮᠦᠩᠭᠦᠨ ᠬᠦᠷᠳᠦ ᠴᠣ᠋ ᠪᠠᠶᠢᠳᠠᠭ᠃ ᠭᠠᠣᠯᠢᠨ ᠬᠦᠷᠳᠣᠨ ᠳᠤ ᠮᠦᠩᠭᠦᠨ | ᠪᠦᠰᠡᠯᠡᠭᠦᠷ ᠲᠠᠭᠠᠷᠠᠭᠤᠯᠣᠭᠰᠠᠨ ᠨᠢ ᠴᠣ᠋ ᠪᠠᠶᠢᠨᠠ᠃ ᠣᠳᠣᠯᠭᠠ ᠬᠦᠵᠢ ᠶᠢᠨ ᠪᠤᠶᠢᠫᠦᠷ ᠪᠠᠶᠢᠳᠠᠭ᠃ ᠡᠭᠦᠨ ᠢ ᠣᠯᠠᠩᠬᠢ ᠳᠠᠭᠠᠨ ᠮᠦᠩᠭᠦᠨ ᠣᠰᠣ ᠪᠠᠷ ᠣᠬᠢᠶᠠᠬᠤ ᠨᠢ | ᠣᠯᠠᠨ᠃ ᠭᠠᠣᠯᠢᠨ ᠬᠦᠵᠢ ᠶᠢᠨ ᠲᠠᠯᠪᠢᠭᠤᠷ ᠢ ᠮᠦᠩᠭᠦ ᠪᠠᠷ ᠣᠬᠢᠶᠠᠭᠰᠠᠨ ᠴᠣ᠋ ᠪᠠᠶᠢᠨᠠ᠃ | ᠲᠠᠯᠠᠯᠭᠠ ᠶᠢᠨ ᠰᠣᠮᠣ᠂ ᠬᠦᠨᠦᠭ | ᠠᠶᠢᠯ ᠪᠦᠷᠢ ᠵᠢᠯ ᠪᠣᠯᠭᠠᠨ ᠪᠣᠷᠬᠠᠨ ᠲᠠᠭᠢᠭᠤᠯᠵᠣ ᠲᠠᠯᠠᠯᠭᠠ ᠠᠪᠳᠠᠭ᠃ ᠲᠠᠯᠠᠯᠭᠠ ᠠᠪᠬᠤ ᠳᠤ ᠲᠠᠯᠠᠯᠭᠠ ᠶᠢᠨ ᠰᠣᠮᠣ᠂ ᠬᠦᠨᠦᠭ ᠬᠡᠷᠡᠭᠯᠡᠳᠡᠭ᠃ ᠲᠠᠯᠠᠯᠭᠠ ᠶᠢᠨ | ᠰᠣᠮᠣ ᠨᠢ ᠡᠩ ᠤᠨ ᠰᠣᠮᠣ ᠲᠠᠢ ᠠᠳᠠᠯᠢᠪᠳᠣᠷ ᠪᠠᠶᠢᠳᠠᠭ᠃ ᠣᠨᠳᠣᠣ ᠭᠠᠵᠠᠷ ᠨᠢ ᠭᠡᠪᠡᠯ ᠲᠡᠭᠦᠨ ᠤ ᠵᠠᠪᠠ ᠶᠢᠨ ᠣᠵᠣᠭᠤᠷ ᠲᠤ ᠮᠦᠩᠭᠦᠨ ᠲᠣᠭᠳᠣᠢ | ᠲᠠᠭᠠᠷᠠᠭᠤᠯᠣᠭᠰᠠᠨ ᠪᠠᠶᠢᠳᠠᠭ᠃ ᠲᠠᠯᠠᠯᠭᠠ ᠶᠢᠨ ᠰᠣᠮᠣ ᠶᠢ ᠲᠠᠪᠣᠨ ᠦᠩᠭᠡ ᠶᠢᠨ ᠬᠠᠳᠠᠭ᠂ ᠭᠬᠢᠪ ᠢᠶᠠᠷ ᠴᠢᠮᠡᠭᠯᠡᠳᠡᠭ᠃ ᠪᠠᠰᠠ ᠮᠦᠩᠭᠦᠨ ᠵᠣᠭᠤᠰ᠂ ᠵᠢᠵᠢᠭ | ᠮᠦᠩᠭᠦᠨ ᠶᠣᠸᠠᠮᠪᠣᠣ ᠲᠡᠭᠦᠵᠢᠯᠡᠬᠦ ᠴᠣ᠋ ᠪᠣᠢ᠃ ᠲᠠᠯᠠᠯᠭᠠ ᠶᠢᠨ ᠬᠦᠨᠦᠭ ᠨᠢ ᠰᠠᠶᠢᠨ ᠴᠢᠨᠠᠷ ᠤᠨ ᠮᠣᠳᠣᠨ ᠬᠦᠨᠦᠭ᠂ ᠭᠠᠣᠯᠢᠨ ᠬᠦᠨᠦᠭ ᠪᠠᠶᠢᠬᠤ ᠨᠢ ᠨᠠᠶᠢᠳᠠᠮ | ᠪᠣᠯᠪᠠᠴᠣ ᠡᠶᠢᠮᠣ ᠬᠦᠨᠦᠭ ᠤᠨ ᠪᠦᠰᠡᠯᠡᠬᠦᠷ ᠢ ᠮᠦᠩᠬᠦ ᠪᠠᠷ ᠬᠢᠬᠦ ᠪᠣᠶᠣ ᠡᠰᠡᠭᠦᠯᠡ ᠣᠬᠢᠶᠠᠬᠤ ᠨᠢ ᠣᠯᠠᠨ᠃ ᠡᠶᠢᠮᠦ ᠬᠦᠨᠦᠭ ᠲᠤ ᠲᠠᠪᠣᠨ ᠬᠤᠰᠢᠭᠤ ᠮᠠᠯ ᠤᠨ ᠠᠰᠢᠭ | ᠰᠢᠮᠡ᠂ ᠲᠠᠪᠣᠨ ᠲᠠᠷᠢᠶᠠᠨ ᠤ ᠦᠷᠡ ᠮᠡᠳᠣ ᠶᠢ ᠬᠢᠵᠦ ᠲᠠᠯᠠᠯᠭᠠ ᠠᠪᠳᠠᠭ᠃ ᠣᠳᠣ ᠴᠠᠭ ᠲᠤ ᠡᠶᠢᠮᠦ ᠪᠣᠷᠬᠠᠨ ᠲᠠᠢ ᠠᠶᠢᠯ ᠦᠨᠳᠦᠰᠦᠨ ᠲᠡᠭᠡᠷᠡ ᠪᠠᠨ ᠦᠭᠡᠢ | ᠪᠣᠯᠪᠠ᠃ | ᠮᠦᠩᠭᠦᠨ ᠬᠤᠷᠣᠭᠤᠪᠴᠢ᠂ ᠴᠢᠮᠬᠢᠭᠦᠷ᠂ ᠡᠷᠡᠬᠡᠶᠢᠪᠴᠢ | ᠮᠦᠩᠭᠦᠨ ᠬᠤᠷᠣᠭᠤᠪᠴᠢ ᠪᠣᠯ ᠶᠠᠭᠤᠮᠠ ᠣᠶᠣᠬᠤ ᠳᠤ ᠬᠡᠷᠡᠭᠯᠡᠳᠡᠭ᠃ ᠲᠡᠷᠡ ᠨᠢ ᠪᠦᠷ ᠮᠦᠩᠭᠦ ᠪᠠᠷ ᠪᠦᠳᠦᠳᠡᠭ ᠪᠦᠭᠡᠳ ᠬᠤᠰᠣᠭᠤᠷ ᠤᠨ ᠪᠣᠷᠣᠭᠤ | ᠲᠠᠯᠠ ᠳᠠᠭᠠᠨ ᠲᠠᠪᠬᠤᠷ᠂ ᠨᠠᠷᠢᠯᠢᠭ ᠪᠠᠶᠢᠵᠣ᠂ ᠵᠡᠭᠦᠦ ᠪᠠᠷ ᠶᠠᠭᠤᠮᠠ ᠣᠶᠣᠬᠤ ᠳᠤ ᠡᠪᠲᠡᠢ ᠪᠠᠶᠢᠳᠠᠭ᠃ ᠵᠠᠷᠢᠮ ᠨᠢ ᠪᠠᠰᠠ ᠲᠠᠪᠬᠤᠷ ᠪᠠᠶᠢᠳᠠᠭ ᠪᠦᠭᠡᠳ ᠵᠡᠭᠦᠦ ᠶᠢᠨ | ᠵᠠᠪᠰᠠᠷ ᠲᠠᠭᠠᠨ ᠲᠠᠪᠬᠤᠷ ᠰᠦᠪᠡᠭᠴᠢ ᠪᠦᠬᠦᠢ ᠰᠦᠯᠵᠢᠮᠡᠷ ᠲᠠᠢ ᠴᠣ᠋ ᠪᠣᠢ᠃ ᠴᠢᠮᠬᠢᠭᠦᠷ ᠪᠣᠯ ᠦᠰᠦ ᠶᠢ ᠲᠡᠭᠦᠵᠦ ᠠᠪᠳᠠᠭ ᠪᠠᠭᠠᠵᠢ ᠶᠣᠮ᠃ ᠲᠡᠭᠦᠨ ᠢ ᠪᠠᠰᠠ | ᠮᠦᠩᠭᠦ ᠪᠠᠷ ᠬᠢᠵᠦ ᠬᠡᠷᠡᠭᠯᠡᠬᠦ ᠴᠦ ᠪᠣᠢ᠃ ᠡᠷᠡᠬᠡᠶᠢᠪᠴᠢ ᠪᠣᠯ ᠲᠣᠮᠳᠠ ᠬᠤᠷᠣᠭᠤᠨ ᠳᠤ ᠲᠠᠭᠠᠷᠠᠭᠤᠯᠵᠣ ᠬᠢᠭᠰᠡᠨ ᠪᠢᠳᠡᠭᠦᠦ ᠪᠠᠭᠠᠵᠢ ᠪᠢᠯᠡ᠃ ᠲᠡᠭᠦᠨ ᠢ ᠭᠤᠣᠯᠳᠠᠭᠤ | ᠨᠠᠷᠢᠨ ᠵᠦᠢᠯ ᠢ ᠲᠣᠰᠬᠠᠢ ᠣᠶᠣᠵᠣ ᠪᠦᠳᠦᠭᠡᠬᠦ ᠦᠶᠡ ᠳᠤ ᠬᠡᠷᠡᠭᠯᠡᠳᠡᠭ ᠶᠣᠮ᠃ | ᠮᠦᠩᠭᠦᠨ ᠭᠠᠷᠠᠬᠠ᠂ ᠪᠦᠯᠡᠵᠢ ︵ᠪᠦᠯᠡᠵᠡᠭ︶ ᠮᠦᠩᠭᠦᠨ ᠭᠠᠷᠠᠬᠠ ᠪᠣᠯ ᠴᠢᠭᠢᠨ ᠳᠤ ᠬᠢᠳᠡᠭ ᠡᠳ᠋ ᠪᠢᠯᠡ᠃ ᠲᠡᠭᠦᠨ ᠢ ᠶᠡᠭᠡ ᠪᠠᠭᠠ᠂ ᠡᠯᠳᠡᠪ ᠬᠡᠯᠪᠡᠷᠢᠳᠡᠢ ᠪᠠᠷ | ᠬᠢᠳᠡᠭ᠃ ᠲᠡᠭᠦᠨ ᠤ ᠶᠠᠩᠵᠣ ᠬᠡᠯᠪᠡᠷᠢ ᠨᠢ ᠣᠯᠠᠨ ᠪᠠᠶᠢᠳᠠᠭ ᠪᠦᠭᠡᠳ ᠵᠡᠷᠢᠮ ᠳᠤᠨᠢ ᠬᠡ ᠬᠤᠸᠡᠷ ᠬᠠᠳᠬᠤᠵᠣ ᠪᠣᠯᠳᠠᠭ᠃ ᠪᠦᠯᠡᠵᠢ ᠪᠣᠯ ᠭᠠᠷ ᠲᠤ ᠵᠡᠭᠦᠳᠡᠭ ᠡᠳ᠋ | ᠪᠢᠯᠡ᠃ ᠲᠡᠭᠦᠨ ᠢ ᠶᠡᠷᠦᠩᠬᠡᠢ ᠳᠡᠭᠡᠨ ᠬᠤᠷᠤᠭᠤᠨ ᠳᠠᠭᠠᠨ ᠲᠠᠭᠠᠷᠠᠭᠤᠯᠵᠣ ᠬᠢᠳᠡᠭ᠃ ᠬᠠᠷᠢᠨ ᠲᠡᠭᠦᠨ ᠤ ᠶᠡᠭᠡ ᠪᠠᠭᠠ ᠨᠢ ᠠᠳᠠᠯᠢ ᠪᠣᠰᠣ᠂ ᠵᠡᠷᠢᠮ ᠳᠤᠨᠢ ᠪᠠᠰᠠ | ᠵᠢᠵᠢᠭ ᠵᠢᠵᠢᠭ ᠬᠡ ᠬᠤᠸᠡᠷ ᠲᠠᠯᠪᠢᠳᠠᠭ᠃ | ᠮᠦᠩᠭᠦᠨ ᠰᠢᠳᠣ | ᠪᠠᠷᠭᠤᠴᠣᠳ ᠮᠦᠩᠭᠦᠨ ᠰᠢᠳᠣ ᠬᠢᠳᠡᠭ ᠵᠡᠩᠰᠢᠯ ᠲᠠᠢ᠃ ᠰᠢᠳᠣ ᠨᠢ ᠡᠪᠳᠡᠷᠡᠵᠦ ᠮᠠᠭᠤᠳᠠᠬᠤ ᠦᠶᠡ ᠳᠤ ᠣᠭ ᠰᠢᠳᠣ ᠶᠢ ᠠᠪᠴᠣ᠂ ᠣᠷᠣᠨ ᠳᠤᠨᠢ ᠠᠯᠳᠠ | ᠪᠣᠶᠣ ᠮᠦᠩᠭᠦᠨ ᠰᠢᠳᠣ ᠬᠢᠳᠡᠭ᠃ ᠡᠶᠢᠮᠦ ᠰᠢᠳᠣ ᠨᠢ ᠦᠷᠭᠦᠯᠵᠢ ᠪᠠᠳᠣ ᠲᠦᠪ ᠪᠠᠶᠢᠵᠦ᠂ ᠬᠦᠮᠦᠰ ᠤᠨ ᠢᠳᠡᠵᠦ ᠣᠣᠭᠤᠬᠤ ᠳᠤ ᠶᠠᠮᠠᠷ ᠴᠣ᠋ ᠭᠡᠮ ᠰᠤᠭᠤᠭ ᠦᠭᠡᠢ | ᠪᠠᠶᠢᠳᠠᠭ ᠣᠨᠴᠠᠯᠢᠭ ᠲᠠᠢ᠃ | ᠡᠮ ᠡᠮᠨᠡᠯᠭᠡ ᠳᠤ ᠬᠡᠷᠡᠭᠯᠡᠳᠡᠭ ᠮᠦᠩᠭᠦᠨ ᠲᠣᠩ | ᠡᠮ ᠡᠮᠨᠡᠯᠭᠡ ᠳᠤ ᠬᠡᠷᠡᠭᠯᠡᠳᠡᠭ ᠮᠦᠩᠭᠦᠨ ᠲᠣᠩ ᠪᠣᠯ ᠮᠠᠰᠢ ᠲᠣᠰᠠ ᠲᠠᠢ ᠡᠳ᠋ ᠪᠢᠯᠡ᠃ ᠮᠦᠩᠭᠦᠨ ᠲᠣᠩ ᠤᠨ ᠲᠣᠳᠣᠷᠠ ᠰᠢᠭᠤᠳ ᠮᠦᠩᠭᠦᠨ ᠲᠣᠩ | ᠪᠠᠶᠢᠬᠤ ᠠᠴᠠ ᠭᠠᠳᠠᠨᠠ ᠮᠦᠩᠭᠦ ᠪᠠᠷ ᠪᠣᠳᠣᠵᠣ ᠬᠢᠭᠰᠡᠨ ᠲᠣᠩ ᠴᠦ ᠪᠠᠶᠢᠳᠠᠭ᠃ ᠡᠨᠡ ᠨᠢ ᠡᠮ ᠢ ᠲᠠᠩ ᠲᠠᠩ ᠢᠶᠠᠷ ᠰᠣᠩᠭᠤᠨ ᠪᠣᠭᠤᠬᠤ ᠳᠤ ᠲᠣᠩ ᠴᠢᠬᠤᠯᠠ | ᠦᠢᠯᠡᠳᠣᠯ ᠲᠠᠢ᠃ ᠶᠡᠷᠦ ᠨᠢ ᠡᠮᠴᠢ ᠨᠡᠷ ᠤᠨ ᠬᠡᠷᠡᠭᠯᠡᠳᠡᠭ ᠮᠦᠩᠭᠦᠨ ᠵᠡᠭᠦᠦ᠂ ᠪᠣᠰᠣᠳ ᠵᠡᠭᠦᠦ ᠵᠡᠷᠭᠡ ᠡᠮ ᠡᠮᠨᠡᠯᠭᠡ ᠶᠢᠨ ᠪᠠᠭᠠᠵᠢ ᠭᠡᠷᠡᠭᠯᠡᠯ ᠪᠠᠶᠢᠳᠠᠭ᠃ ᠪᠡᠷᠭᠤ | ᠠᠪᠡᠭᠠᠶ ᠶᠢᠨ ᠮᠦᠩᠬᠦᠨ ᠵᠡᠰᠡᠯ ᠪᠡᠷᠭᠤ ᠠᠪᠡᠭᠠᠶ ︵ᠭ᠋ᠤᠷᠢᠮᠯᠡᠭ᠌ᠰᠡᠨ ᠪᠦᠰᠡᠬᠦᠶ᠂ ᠡᠭᠡᠨᠡᠷ︶ ᠶᠢᠨ ᠮᠦᠩᠬᠦᠨ ᠵᠡᠰᠡᠯ ᠪᠦ᠋ᠯ ᠨ᠋ᠦᠪᠡᠷ ᠤᠨ ᠢᠯᠡ ᠳᠦ᠋ᠳᠦ ᠪᠦᠭᠡᠳ | ᠳᠦᠬᠦᠷᠵᠢᠭᠰᠡᠡ ᠤᠨᠴᠡᠯᠢᠭ᠋ ᠲᠠᠢ᠃ ᠭ᠋ᠤᠷᠢᠨ ᠨᠢᠭᠡᠳᠦᠭᠡᠷ ᠵᠡᠭᠤᠨ ᠭᠦᠷᠳᠡᠯᠡ ᠤᠯᠡᠮᠵᠢᠯᠡᠭ᠌ᠳᠡᠵᠦ ᠪᠠᠶᠢᠭᠠ ᠠᠪᠡᠭᠠᠶ ᠶᠢᠨ ᠮᠦᠩᠬᠦᠨ ᠵᠡᠰᠡᠯ ᠠᠴᠠ ᠴᠢᠭᠢᠨ ᠤ ᠭᠠᠷᠠᠭ᠋ᠠ᠂ | ᠭᠠᠷ ᠤᠨ ᠪᠦᠯᠡᠵᠢ ︵ᠪᠦᠯᠡᠵᠡᠭ︶᠂ ᠴᠡᠷᠪᠡᠭᠤᠨ ᠤ ᠪᠦ᠋ᠭᠠ ︵ᠪᠡᠭᠤᠪᠴᠢ︶᠂ ᠨ᠋ᠦᠰᠣᠨ ᠤ ᠪᠡᠯ᠂ ᠳᠡᠪᠡᠯ ᠤᠨ ᠮᠦᠩᠬᠦᠨ ᠳᠦ᠋ᠪᠴᠢ᠂ ᠮᠦᠩᠬᠦᠨ ᠭ᠋ᠤᠷᠦᠭᠤᠪᠴᠢ᠂ | ᠮᠦᠩᠬᠦᠨ ᠴᠢᠮᠭᠢᠬᠦᠷ᠂ ᠮᠦᠩᠬᠦᠨ ᠭᠡᠷᠡᠭᠯᠨᠯ ᠲᠠᠢ ᠡᠮᠡᠭᠡᠯ ︵ᠳᠡᠷᠦᠭᠤᠯᠭᠠ᠂ ᠪᠦᠭᠡᠵᠢ᠂ ᠪᠡᠭᠠᠪᠦᠷ︶ ᠵᠡᠷᠭᠡ ᠨ᠋ᠦᠷᠭᠡᠨ ᠭᠡᠷᠡᠭᠯᠡᠭᠳᠡᠭᠰᠨᠭᠡᠷ ᠪᠠᠶᠢᠨᠡ᠃ ᠤᠳᠦ ᠤ᠊ | ᠵᠡᠳᠦᠰᠣᠨ ᠳᠡᠭᠡᠷᠡ ᠪᠠᠨ ᠭᠡᠷᠡᠭᠯᠡᠭᠳᠡᠬᠦᠪᠠᠨ ᠪᠦ᠋ᠯᠢᠭ᠌ᠰᠡᠨ ᠪᠦ᠋ᠶᠦ ᠨᠢᠭᠡᠨᠳᠡ ᠤᠰᠡᠳᠦᠭ᠌ᠰᠡᠨ ᠮᠦᠩᠬᠦᠨ ᠵᠡᠰᠡᠯ ᠳᠤ ᠭ᠋ᠠᠪᠴᠢᠭ᠂ ᠳᠡᠳᠡᠭᠤᠷ᠂ ᠭ᠋ᠠᠵᠡᠭᠤᠨ ᠤ ᠪᠡᠯ ᠳᠠᠦᠬᠠᠶ᠂ | ᠮᠦᠷᠦᠨ ᠤ ᠭᠤᠤ᠂ ᠡᠩᠭᠡᠷ ᠤᠨ ︵ᠡᠯᠢᠭᠡᠨ ᠤ︶ ᠭᠤᠤ᠂ ᠠᠷᠦ ᠶᠢᠨ ᠭᠤᠤ᠂ ᠮᠦᠩᠬᠦᠨ ᠭᠤᠦᠷᠴᠠᠭ᠂ ᠰᠢᠪᠡᠷᠭᠡᠯ᠂ ᠳᠡᠷᠡ ᠶᠢᠨ ᠳᠡᠪᠦᠨ ᠴᠡᠴᠡᠭ ᠵᠡᠷᠭᠡ ᠶᠢ ᠳᠦ᠋ᠦᠷᠡ | ᠭᠤᠦᠯᠳᠡᠭᠤ ᠳᠤᠷᠠᠳᠤᠨᠠ᠃ | ᠳᠦ᠋ᠯᠦᠭᠠᠶ ᠶᠢᠨ ᠮᠦᠩᠬᠦᠨ ᠵᠡᠰᠡᠯ ᠤᠳ ᠭ᠋ᠠᠪᠴᠢᠭ | ᠮᠦᠩᠬᠦᠨ ᠭ᠋ᠠᠪᠴᠢᠭ᠄ ︽ᠡᠭᠡᠨᠡᠷ ᠭᠦᠮᠦᠨ ᠤ ᠨ᠋ᠦᠰᠦ ᠶᠢ ᠭ᠋ᠠᠭᠠᠯᠵᠦ ᠭ᠋ᠤᠶᠡᠷ ᠭ᠋ᠤᠪᠢᠶᠡᠨ ᠭ᠋ᠠᠪᠴᠢᠭᠤᠯᠵᠦ ᠳᠡᠪᠭᠡᠯᠡᠳᠡᠭ ᠠᠷᠪᠡᠨ ᠭ᠋ᠤᠶᠡᠷ ᠮᠦᠩᠬᠦᠨ ᠭ᠋ᠠᠪᠴᠢᠭᠤᠷ | ᠪᠦᠬᠦᠶ ᠳᠦ᠋ᠯᠦᠭᠠᠶ ᠶᠢᠨ ᠵᠡᠰᠡᠯ᠃ ᠭ᠋ᠠᠯᠭ᠋ᠠ ᠪᠡᠷᠭᠤ ᠶᠡᠰᠦᠳᠡᠨ ᠳᠤ ᠬᠡᠷᠡᠭᠯᠡᠨᠡ᠃ ᠭᠡᠪᠡᠴᠦ ᠶᠡᠩᠵᠦ ᠨᠢ ᠠᠷᠡᠶ ᠡᠳᠳᠦᠤ︾᠃ ᠪᠡᠷᠭᠤ ᠠᠪᠡᠭᠠᠶ ᠶᠢᠨ ᠮᠦᠩᠬᠦᠨ | ᠭ᠋ᠠᠪᠴᠢᠭ᠂ ᠳᠡᠳᠡᠭᠤᠷ᠂ ᠡᠩᠭᠡᠷ ᠤᠨ ᠭᠤᠤ᠂ ᠭ᠋ᠠᠵᠡᠭᠤᠨ ᠤ ᠲᠠᠤᠬᠠᠢ ᠵᠡᠷᠭᠡ ᠨᠢ ᠤᠳᠦ ᠨ᠋ᠦᠪᠦᠷ ᠮᠣᠩᠭᠤᠯ ᠤᠨ ᠮᠦᠽᠧᠶ ᠳᠤ ᠭ᠋ᠠᠳᠡᠭᠠᠯᠡᠭ᠌ᠳᠡᠵᠦ ᠪᠦ᠋ᠶ᠃ | ᠪᠡᠷᠭᠤᠴᠦᠳ ᠤᠨ ᠭᠠᠷ ᠲᠤ ᠭ᠋ᠠᠳᠡᠭᠠᠯᠡᠭ᠌ᠳᠡᠵᠦ ᠪᠠᠶᠢᠭᠠ ᠨᠢ ᠭ᠋ᠤᠪᠦᠷ ᠪᠦ᠋ᠯᠵᠡᠶ᠃ ᠵᠣᠭᠢᠶᠡᠭ᠌ᠴᠢ ᠪᠢ ᠡᠷᠢᠵᠦ ᠰᠤᠷᠡᠭ᠌ᠯᠡᠭ᠌ᠰᠡᠭᠠᠷ ᠪᠠᠶᠢᠵᠦ ᠨᠢᠭᠡ ᠯᠡ ᠳᠡᠯᠡ ᠭ᠋ᠠᠪᠴᠢᠭᠤᠷ | ᠤᠯᠵᠦ ᠭᠡᠮᠵᠢᠭᠰᠡᠨ ᠪᠠᠶᠢᠳᠡᠯ ᠢᠶᠠᠷ ᠪᠡᠷᠢᠮᠳᠡ ᠪᠦ᠋ᠯᠭᠠᠪᠡᠯ᠄ | ᠮᠦᠩᠬᠦᠨ ᠭ᠋ᠠᠪᠴᠢᠭ ᠲᠤ 30 — 50 — 100 ᠯᠡᠩ ᠤᠨ ᠡᠳ᠋ ᠤᠨ ᠴᠡᠭᠠᠨ ᠮᠦᠩᠬᠦ ᠬᠡᠷᠡᠭᠯᠡᠳᠡᠭ ᠨ᠋ᠦᠶᠡ ᠳᠤ ᠨᠢᠭᠡ ᠵᠢᠩ ᠮᠦᠩᠬᠦ ᠨᠢ ᠠᠷᠪᠡᠨ ᠵ᠊ | ᠵᠷᠭᠤᠭᠠᠨ ᠯᠡᠩ ᠪᠠᠶᠢᠵᠡᠶ ᠭᠡᠨᠡ᠃ ᠭ᠋ᠠᠪᠴᠢᠭ ᠨᠢ ᠪᠡᠷᠡᠭᠤᠨ ᠵᠡᠬᠦᠨ ᠭ᠋ᠤᠶᠡᠷ ᠳᠡᠯᠡ ᠪᠠᠶᠢᠵᠦ ᠤᠯᠡᠨ ᠵᠢᠵᠢᠭ ᠭ᠋ᠠᠪᠴᠢᠭᠤᠷ ᠠᠴᠠ ᠪᠦᠳᠦᠨᠡ᠃ ᠭ᠋ᠤᠶᠡᠷ ᠳᠡᠯᠡ | ᠭ᠋ᠠᠪᠴᠢᠭ ᠤᠨ ᠪᠦᠳᠦᠴᠡ ᠨᠢ ᠠᠳᠡᠯᠢ᠃ ᠨᠢᠭᠡ ᠳᠡᠯᠡ ᠭ᠋ᠠᠪᠴᠢᠭ ᠨᠢ 6 — 9 ᠭᠡᠰᠡᠭ ᠨᠢᠭᠡ ᠭ᠋ᠤᠦᠰ ᠠᠳᠡᠯᠢ ᠳᠦ᠋ᠭᠠᠨ ᠤ ᠭ᠋ᠠᠪᠴᠢᠭᠤᠷ ᠠᠴᠠ ᠪᠦᠲᠦᠳᠡᠭ᠃ | ᠭ᠋ᠠᠪᠴᠢᠭᠤᠷ ᠨᠢᠭᠡ ᠪᠦᠷᠢ ᠨᠢ ᠳᠦ᠋ᠯᠦᠭᠠᠶ᠂ ᠵᠦᠪ ᠪᠦ᠋ᠷᠦᠭᠤ ᠳᠡᠯᠡ ᠶᠢᠨ ᠨᠢᠮᠭᠡᠨ ᠭ᠋ᠠᠪᠳᠡᠰᠦ ᠲᠠᠢ᠃ ᠳᠦ᠋ᠯᠦᠭᠠᠶ ᠨᠢ ᠠᠯᠦᠬᠠᠨ ᠭᠡᠯᠪᠡᠷᠢᠳᠡᠶ᠂ ᠤᠷᠳᠦᠪᠳᠦᠷ | ᠳᠦᠷᠪᠡᠯᠵᠢᠨ ᠰᠡᠭᠤᠷᠢ ᠲᠠᠢ᠂ ᠱᠡᠳᠦᠯᠵᠢᠨ ᠭᠡᠯᠪᠡᠷᠢᠳᠡᠶ ᠪᠠᠷ ᠭ᠋ᠤᠷᠦᠭᠤ ᠭᠢᠷᠢᠳᠡᠶ ᠨ᠋ᠦᠨᠳᠦᠷ ᠪᠦ᠋ᠯᠵᠦ ᠤᠷᠦᠶ ᠨᠢ ᠵᠢᠵᠢᠭ ᠤᠷᠳᠦ ᠳᠦᠷᠪᠡᠯᠵᠢᠨ᠃ ᠳᠡᠬᠦᠨ ᠤ | ᠭᠦᠪᠡᠭᠡ ᠶᠢ ᠪᠢᠳᠡᠬᠦᠤ ᠳᠦ᠋ᠭᠤᠷᠢᠭᠤᠯᠵᠦ ᠤᠳᠡᠰᠣᠨ ᠭ᠋ᠤᠸᠡᠷ ᠭᠠᠷᠭᠠᠵᠦ ᠳᠦ᠋ᠮᠳᠡᠭᠢ ᠵᠡᠶ ᠶᠢ ᠭᠤᠷᠪᠡᠨ ᠳᠡᠩᠴᠡᠬᠦᠤ ᠭ᠋ᠤᠪᠢᠶᠡᠵᠦ ᠳᠡᠭᠡᠷᠡ ᠨᠢ ᠢᠵᠢᠯᠭᠡᠨ ᠵᠢᠵᠢᠭ | ᠤᠯᠡᠭᠠᠡ ᠨᠣᠭᠤᠭᠠᠨ ᠱᠢᠷᠦ ᠶᠢ ᠠᠯᠡᠭ᠌ᠯᠡᠭᠤᠯᠦᠨ ᠰᠢᠬᠢᠳᠭᠡᠳᠡᠭ᠃ ᠭᠡᠷᠪᠡ ᠱᠢᠷᠦ ᠰᠢᠭᠢᠳᠬᠡᠭᠡ ᠨ᠋ᠦᠭᠡᠶ ᠪᠠᠶᠢᠪᠡᠯ ᠤᠷᠦᠶ ᠳᠤᠨᠢ ᠭᠤᠶᠦ ᠴᠡᠴᠡᠭ ᠤᠨ ᠭ᠋ᠤᠸᠡᠷ | ᠳᠦ᠋ᠪᠦᠭᠤᠷ ᠤᠷᠡᠯᠡᠳᠠᠭ᠃ | ᠳᠦ᠋ᠯᠦᠭᠠᠶ ᠶᠢᠨ ᠰᠡᠭᠤᠷᠢ ᠶᠢᠨ ᠳᠦ᠋ᠦᠷᠡ ᠵᠦᠪ ᠪᠦ᠋ᠷᠦᠭᠤ ᠳᠡᠯᠡ ᠶᠢᠨ ᠨᠡᠷᠢᠨ ᠤᠷᠳᠦ ᠨᠢᠮᠭᠡᠨ ᠭ᠋ᠠᠪᠴᠢᠭᠤᠷ ᠤᠨ ᠳᠡᠭᠡᠳᠦ ᠨ᠋ᠦᠵᠦᠬᠦᠷ ᠢ ᠭᠠᠩᠨᠡᠵᠡᠶ᠃ ᠭ᠋ᠠᠪᠴᠢᠭᠤᠷ | ᠨᠢᠭᠡ ᠪᠦᠷᠢ ᠳᠦ᠋ᠮᠳᠡᠴᠢ ᠪᠠᠷ ᠤᠷᠳᠦ ᠨᠢ 4 ᠢᠮᠨᠬᠤ ᠭᠠᠷᠦᠶ᠂ ᠨ᠋ᠦᠷᠭᠡᠨ ᠨᠢ 5 — 8 ᠹᠧᠨ᠂ ᠵᠣᠵᠡᠭᠠᠨ ᠨᠢ 2 — 3 ᠹᠸᠡ᠂ ᠭᠦᠨᠳᠤ ᠨᠢ ᠳᠦ᠋ᠮᠳᠡᠴᠢ ᠪᠠᠷ | 1 ᠯᠡᠩ ᠤᠷᠴᠢᠮ᠃ ᠪᠦ᠋ᠷᠦᠭᠤ ᠳᠡᠯᠡ ᠶᠢᠨ ᠭ᠋ᠠᠪᠴᠢᠭᠤᠷ ᠤᠨ ᠳᠡᠭᠡᠳᠦ ᠭᠦᠪᠡᠭᠡᠨ ᠳᠤ ᠰᠢᠬᠠᠵᠦ ᠪᠦᠭᠡᠷᠡᠩᠭᠡᠶ ᠭᠦᠨᠳᠡᠶ ᠭ᠋ᠤᠶᠡᠷ ᠡᠬᠡᠷᠴᠦᠭ ᠢ ᠭ᠋ᠤᠭᠤᠷᠦᠨᠳᠦ ᠪᠠᠨ | ᠵᠡᠶ ᠲᠠᠢ ᠪᠠᠷ ᠭᠦᠨᠳᠡᠯᠡᠨ ᠭᠠᠩᠨᠡᠵᠡᠶ᠃ ᠳᠦ᠋ᠦᠷᠡᠳᠦ ᠭᠦᠪᠡᠭᠡᠨ ᠳᠤᠨᠢ ᠰᠢᠬᠠᠵᠦ ᠨᠢᠭᠡ ᠪᠡᠭᠠᠬᠠᠨ ᠪᠦ᠋ᠰᠤᠭᠠ ᠰᠡᠨᠵᠢ ᠶᠢ ᠭᠤᠯᠳᠦ ᠪᠠᠷ ᠭᠠᠩᠨ᠋ᠨᠵᠡᠶ᠃ ᠵᠦᠪ ᠳᠡᠯᠡ ᠶᠢᠨ | ᠭ᠋ᠠᠪᠴᠢᠭᠤᠷ ᠤᠨ ᠤᠷᠳᠦ᠂ ᠨ᠋ᠦᠷᠭᠡᠨ᠂ ᠵᠣᠵᠡᠭᠠᠨ᠂ ᠭᠦᠨᠳᠦ ᠨᠢ ᠮᠦᠨ ᠳᠡᠭᠡᠷᠨᠭᠢ ᠭ᠋ᠠᠪᠴᠢᠭᠤᠷ ᠲᠠᠢ ᠠᠳᠡᠯᠢ᠃ ᠳᠦ᠋ᠳᠦᠷ ᠳᠡᠯᠡ ᠨᠢ ᠭᠢᠯᠦᠭᠡᠷ᠂ ᠨᠢᠭᠤᠷ ᠳᠡᠯᠡ ᠶᠢᠨ | ᠭᠦᠪᠡᠭᠡ ᠶᠢ ᠪᠢᠳᠡᠬᠦᠤ ᠳᠦ᠋ᠭᠤᠷᠢᠭᠤᠯᠵᠦ ᠨᠡᠷᠢᠨ ᠤᠳᠡᠰᠣᠨ ᠭ᠋ᠤᠸᠡᠷ ᠢᠶᠠᠷ ᠤᠷᠢᠶᠡᠪᠡ᠃ ᠳᠦ᠋ᠮᠳᠡᠭᠢ ᠵᠡᠶ ᠳᠤᠨᠢ ᠨᠡᠪᠴᠢ ᠴᠡᠴᠡᠭ ᠤᠨ ᠭᠡ ᠤᠭᠠᠯᠵᠡ ᠴᠦ᠋ᠭᠢᠳᠠᠭ ᠪᠦ᠋ᠶᠦ | ᠡᠰᠡᠬᠦᠯᠡ 3 — 5 ᠵᠢᠵᠢᠭ ᠱᠢᠷᠦ ᠰᠢᠬᠢᠳᠭᠡᠭᠰᠡᠨ ᠪᠠᠶᠢᠳᠠᠭ᠃ ᠭ᠋ᠠᠪᠴᠢᠭᠤᠷ ᠤᠨ ᠳᠦ᠋ᠳᠦᠷ ᠳᠡᠯᠡ ᠶᠢᠨ ᠳᠡᠭᠡᠳᠦ ᠪᠡᠶᠡ ᠶᠢᠨ ᠳᠦ᠋ᠮᠳᠡ ᠨᠢ ᠨᠢᠭᠡ ᠡᠭᠡᠷᠴᠦᠭ | ᠭᠠᠩᠨᠡᠵᠡᠶ᠃ ᠡᠨᠡ ᠡᠭᠡᠷᠴᠦᠭ ᠨᠢ ᠪᠦ᠋ᠷᠦᠭᠤ ᠳᠡᠯᠡ ᠶᠢᠨ ᠭ᠋ᠤᠶᠡᠷ ᠡᠭᠡᠷᠴᠦᠭ ᠤᠨ ᠳᠦ᠋ᠮᠳᠡ ᠤᠷᠦᠵᠦ ᠶᠡᠪ ᠴᠡᠪ ᠳᠡᠭᠠᠷᠨᠳᠠᠭ᠃ ᠳᠦ᠋ᠦᠷᠡᠳᠦ ᠭᠡᠰᠡᠭ ᠲᠤᠨᠢ ᠨᠢᠭᠡ | ᠪᠢᠴᠢᠬᠠᠨ ᠳᠡᠭᠢᠷ ᠮᠦᠩᠬᠦᠨ ᠭᠤᠭ᠋ᠠ ︵ᠳᠡᠭᠡᠭᠡ︶ ᠶᠢ ᠭᠦᠳᠡᠯᠵᠦ ᠪᠠᠶᠢᠬᠤ ᠪᠠᠷ ᠭ᠋ᠠᠳᠡᠳᠠᠭ᠃ ᠳᠡᠭᠢᠷ ᠭᠤᠬᠠᠨ ᠤ ᠳᠦ᠋ᠦᠷᠡᠳᠦ ᠲᠨᠯᠡ ᠳᠤ ᠨᠢᠭᠡ ᠨᠡᠷᠢᠨ ᠨᠦᠭᠡ ᠶᠢ | ᠨᠡᠪᠳᠡ ᠭᠠᠷᠭᠠᠵᠡᠶ᠃ ᠡᠨᠡ ᠨᠦᠭᠡᠨ ᠳᠤ ᠳᠦ᠋ᠦᠷᠡᠳᠦ ᠭᠤᠯᠳᠦ ᠰᠡᠨᠵᠢ ᠶᠢ ᠤᠭᠯᠠᠨ ᠭᠠᠷᠭᠠᠵᠦ ᠳᠡᠭᠢᠷ ᠭᠤᠭ᠋ᠠ ᠪᠠᠷ ᠳᠡᠭᠡᠭᠯᠡᠨᠡ᠃ ᠭ᠋ᠠᠪᠴᠢᠭᠤᠷ ᠤᠨ ᠡᠭᠡᠷᠴᠦᠭ᠂ | ᠭᠤᠭ᠋ᠠ᠂ ᠭᠤᠯᠳᠦ ᠨᠦᠭᠡ ᠶᠢᠨ ᠪᠠᠶᠢᠷᠢ ᠶᠢ ᠳᠦ᠋ᠩᠭᠤᠷᠡᠭᠤᠯᠵᠦ ᠭᠢᠭᠰᠡᠡ ᠴᠤ ᠪᠠᠶᠢᠳᠠᠭ᠃ ᠡᠨᠡ ᠨᠢ ᠪᠠᠶᠢᠷᠢ ᠰᠤᠯᠢᠭᠳᠡᠭ᠌ᠰᠡᠨ ᠳᠡᠳᠦᠶ ᠠᠴᠠ ᠪᠦ᠋ᠰᠦ᠂ ᠨ᠋ᠦᠰᠦ | ᠭ᠋ᠠᠪᠴᠢᠬᠤ ᠳᠤ ᠶᠡᠮᠡᠷ ᠴᠦ ᠨᠦᠯᠦᠭᠡ ᠪᠦ᠋ᠯᠬᠤ ᠨ᠋ᠦᠭᠡᠶ ᠶᠦ᠋ᠮ᠃ ᠨᠢᠭᠡ ᠳᠡᠯᠡ ᠭ᠋ᠠᠪᠴᠢᠭ ᠲᠤ ᠡᠶᠢᠮᠦ ᠭ᠋ᠠᠪᠴᠢᠭᠤᠷ 6 — 9 ᠪᠠᠶᠢᠨᠡ᠃ ᠭ᠋ᠤᠶᠡᠷ ᠳᠡᠯᠠ | ᠭ᠋ᠠᠪᠴᠢᠭ ᠲᠤ 12 — 18 ᠭᠡᠰᠡᠭ ᠪᠦ᠋ᠶ᠃ ᠨᠢᠭᠡ ᠳᠡᠯᠡ ᠶᠢᠨ ᠭ᠋ᠠᠪᠴᠢᠭᠤᠷ ᠨᠢᠭᠡ ᠪᠦᠷᠢ ᠶᠢᠨ ᠤᠷᠳᠦ ᠤᠬᠤᠷ ᠨᠢ ᠭ᠋ᠤᠭᠤᠷᠦᠨᠳᠦ ᠪᠠᠨ ᠪᠠᠭᠠ ᠵᠦᠷᠢᠶᠡ ᠲᠠᠢ᠃ | ᠭ᠋ᠠᠮᠤᠭ ᠤᠨ ᠳᠡᠭᠡᠳᠦ ᠳᠡᠯᠡ ᠳᠠᠬᠢ ᠭ᠋ᠠᠪᠴᠢᠭᠤᠷ ᠨᠢ ᠪᠦ᠋ᠰᠣᠳ ᠠᠴᠠ ᠪᠠᠨ ᠠᠷᠡᠶ ᠤᠷᠳᠦ᠃ ᠡᠬᠦᠨ ᠢ ᠰᠡᠪᠬᠠᠨ ᠭ᠋ᠠᠪᠴᠢᠭᠤᠷ ᠭᠡᠳᠡᠭ᠃ ᠡᠬᠦᠨ ᠤ ᠳᠦ᠋ᠯᠦᠭᠠᠶ ᠳᠤᠨᠢ | ᠭᠠᠭᠴᠡᠬᠠᠨ ᠪᠦᠳᠦᠬᠦᠨ ᠱᠢᠷᠦ ᠰᠨᠭᠤᠯᠭᠠᠵᠦ᠂ ᠪᠦ᠋ᠰᠣᠳ ᠭ᠋ᠠᠪᠴᠢᠭᠤᠷ ᠤᠳ ᠠᠴᠠ ᠢᠯᠭᠠᠨᠡ᠃ ᠡᠬᠦᠨ ᠠᠴᠠ ᠳᠦ᠋ᠷᠦᠭ᠌ᠰᠢᠯᠡᠬᠤ ᠳᠦ᠋ᠳᠦᠮ ᠭ᠋ᠠᠪᠴᠢᠭᠤᠷ ᠨᠢᠭᠡ ᠪᠦᠷᠢ | ᠨ᠋ᠦᠯᠦ ᠮᠡᠳᠡᠭ ᠪᠦ᠋ᠭᠤᠨᠢ ᠪᠦ᠋ᠯᠵᠦ᠂ ᠲᡂᠷᠡᠳᠦ ᠳᠡᠯᠡ ᠶᠢᠨ ᠭ᠋ᠠᠪᠴᠢᠭᠤᠷ ᠨᠢ ᠭ᠋ᠠᠮᠤᠭ ᠤᠨ ᠤᠬᠤᠷ ᠪᠦ᠋ᠯᠦᠨᠡ᠃ ᠨᠢᠭᠡ ᠳᠡᠯᠡ ᠶᠢᠨ ᠭ᠋ᠠᠪᠴᠢᠭ ᠤᠨ 6 — 9 ᠭᠡᠰᠡᠭ | ᠭ᠋ᠠᠪᠴᠢᠭᠤᠷ ᠢ ᠲᠤᠭᠲᠠᠭᠠᠬᠤ ᠳᠠᠭᠠᠨ᠂ ᠭ᠋ᠠᠪᠴᠢᠭᠤᠷ ᠨᠢᠭᠡ ᠪᠦᠷᠢ ᠶᠢᠨ ᠡᠭᠡᠷᠴᠦᠭ ᠢ ᠭ᠋ᠠᠷᠢᠯᠴᠡᠨ ᠳᠡᠭᠠᠷᠡᠭᠤᠯᠵᠦ᠂ ᠡᠭᠡᠷᠴᠦᠭ ᠤᠨ ᠭᠦᠨᠳᠡᠶ ᠪᠠᠷ ᠨᠢ ᠨᠡᠷᠢᠨ ᠮᠦᠩᠬᠦᠨ | ᠤᠳᠡᠰᠦ ᠪᠦ᠋ᠶᠤ ᠰᠤᠷ ᠢᠶᠠᠷ ᠭᠡᠯᠭᠢᠨ ᠭ᠋ᠠᠪᠴᠢᠭᠤᠷ ᠤᠳ ᠢ ᠭ᠋ᠤᠯᠪᠦᠪᠡᠯ ᠳᠡᠭᠡᠳᠦ ᠳᠡᠯᠡ ᠨᠢ ᠨᠢᠭᠡᠨ ᠴᠦ᠋ᠭ᠌ᠴᠡ ᠪᠦ᠋ᠯᠤᠨ ᠲᠤᠭᠲᠠᠵᠤ ᠨᠢᠭᠡ ᠳᠡᠯᠡ ᠭ᠋ᠠᠪᠴᠢᠭ ᠪᠦᠲᠦᠨᠡ᠃ | | ᠳᠦᠵᠪᠡ | ᠳᠦᠵᠪᠡ᠄ ︽ᠨ᠋ᠦᠰᠣᠨ ᠤ ᠭ᠋ᠠᠪᠴᠢᠭ ᠤᠨ ᠳᠦ᠋ᠦᠷᠡᠳᠦ ᠨ᠋ᠦᠵᠦᠬᠦᠷ ᠲᠤ ᠤᠭᠯᠡᠳᠠᠭ ᠳᠦ᠋ᠪᠬᠤᠭᠤᠷ ᠮᠦᠩᠬᠦᠨ ᠭ᠋ᠤᠪᠭᠢ᠃ ᠳᠡᠬᠦᠨ ᠤ ᠳᠦ᠋ᠳᠦᠭᠤᠷ ᠭ᠋ᠠᠪᠴᠢᠭ ᠲᠤ | ᠭ᠋ᠠᠪᠴᠢᠵᠤ ᠪᠠᠭᠳᠡᠬᠤ ᠨ᠋ᠦᠭᠡᠶ ᠨ᠋ᠦᠯᠡᠳᠡᠭᠰᠨ᠋ᠡ ᠨ᠋ᠦᠰᠦ ᠶᠢ ᠭᠦᠷᠦᠵᠦ ᠭᠠᠷᠭᠠᠬᠤ ᠪᠦ᠋ᠶᠦ ᠳᠦ᠋ᠳᠦᠷᠡ ᠨᠢ ᠭ᠋ᠤᠶᠢᠯᠡᠵᠦ ᠭᠢᠨᠡ︾᠃ ᠳᠦᠵᠪᠡ ᠪᠡᠰᠡ ᠪᠡᠷᠡᠭᠤᠨ ᠵᠡᠬᠦᠨ | ᠭ᠋ᠤᠶᠡᠷ ᠭᠡᠰᠡᠭ ᠪᠦ᠋ᠶ᠃ ᠳᠦᠵᠪᠡ ᠳᠤ ᠳᠦ᠋ᠮᠳᠡᠴᠢ ᠪᠠᠷ 4 — 6 ᠯᠡᠩ ᠮᠦᠩᠬᠦ ᠬᠡᠷᠡᠭᠯᠡᠨᠡ᠃ ᠳᠦ᠊ ᠵᠪᠡ ᠶᠢᠨ ᠳᠡᠭᠡᠳᠦ ᠭᠡᠰᠡᠭ ᠨᠢ ᠳᠡᠯᠡ ᠳᠦ᠋ᠭᠤᠷᠢᠭ ᠭᠡᠯᠪᠡᠷᠢᠳᠡᠶ᠃ | ᠳ᠋ᠢᠶᠡᠮᠧᠳ᠋ᠷ ᠨᠢ ᠳᠦ᠋ᠦᠷᠡᠳᠦ ᠭ᠋ᠠᠪᠴᠢᠭᠤᠷ ᠲᠠᠢ ᠠᠳᠡᠯᠢ᠃ ᠳᠦ᠋ᠦᠷᠡᠳᠦ ᠭᠡᠰᠡᠭ ᠲᠤᠨᠢ ᠤᠷᠳᠦ ᠳᠦᠷᠪᠡᠯᠵᠢᠨ ᠭᠦᠨᠳᠡᠶ ᠭ᠋ᠤᠭᠤᠯᠡᠶ ︵ᠭ᠋ᠤᠪᠭᠢ︶ ᠭᠠᠩᠨᠡᠵᠡᠶ᠃ | ᠨᠢᠭᠤᠷ ᠲᠤᠨᠢ ᠨᠡᠭᠡᠭᠡᠵᠦ ᠭ᠋ᠠᠭᠠᠳᠠᠭ ᠭ᠋ᠠᠪᠠᠭᠭ ᠲᠠᠢ᠃ ᠭᠠᠷ ᠳᠡᠯᠡ ᠳᠤᠨᠢ ᠰᠡᠨᠵᠢ ᠲᠠᠢ ᠪᠠᠶᠢᠵᠦ ᠮᠦᠩᠬᠦᠨ ᠰᠦᠯᠵᠢᠮᠡᠷ ᠢᠶᠠᠷ ᠭ᠋ᠤᠯᠪᠦᠳᠠᠭ᠃ ᠳᠦ᠊ ᠵᠪᠡ ᠨᠢ ᠭᠦᠨᠳᠡᠶ | ᠳᠦ᠋ᠯᠡ ᠨ᠋ᠦᠰᠣᠨ ᠤ ᠨ᠋ᠦᠵᠦᠬᠦᠷ ᠢ ᠰᠢᠷᠭᠤᠭᠤᠯᠦᠨ ᠭᠠᠷᠭᠠᠵᠦ ᠪᠦ᠋ᠯᠬᠤ ᠪᠦᠭᠡᠳ ᠳᠦ᠋ᠳᠦᠷᠡ ᠨᠢ ᠭ᠋ᠤᠶᠢᠯᠡᠵᠦ ᠭᠢᠭᠰᠡᠡ ᠴᠦ ᠪᠦ᠋ᠯᠳᠠᠭ᠃ ᠳᠦ᠊ ᠵᠪᠡ ᠶᠢᠨ ᠳᠡᠯᠡ | ᠳᠦ᠋ᠭᠤᠷᠢᠭ ᠢ ᠪᠢᠳᠡᠭᠦᠦ ᠭᠦᠪᠡᠭᠡᠯᠡᠵᠦ ᠳᠦ᠋ᠳᠦᠷᠡ ᠨᠢ ᠭᠡ ᠤᠭᠠᠯᠵᠡ ᠭᠠᠷᠭᠠᠵᠦ᠂ ᠳᠦ᠋ᠦᠷᠡᠳᠦ ᠭᠡᠰᠡᠭ ᠲᠤᠨᠢ ᠤᠯᠡᠭᠠᠨ ᠱᠢᠷᠦ ᠶᠢ ᠭᠤᠷᠪᠡᠯᠵᠢᠯᠡᠨ ᠰᠢᠭᠡᠳᠭᠡᠵᠡᠶ᠃ | ᠭ᠋ᠤᠭᠤᠯᠡᠶ ᠶᠢ ᠨᠢ ᠪᠡᠰᠡ ᠬᠦ ᠵᠪᠡᠭᠡᠯᠡᠵᠦ ᠤᠯᠡᠭᠠᠨ 2 ᠨᠣᠭᠤᠭᠠᠨ 1 ᠱᠢᠷᠦ ᠶᠢ ᠠᠯᠡᠭ᠌ᠯᠡᠭᠤᠯᠦᠨ ᠰᠢᠭᠢᠳᠭᠡᠪᠡ᠃ | ᠨ᠋᠊ᠦ᠋ᠰᠣᠨ ᠤ ᠪᠡᠯ | ᠨ᠋ᠦᠰᠣᠨ ᠤ ᠪᠡᠯ᠄ ᠭ᠋ᠠᠪᠴᠢᠭ ᠵᠡᠬᠦᠪᠡᠯ ᠨ᠋ᠦᠰᠣᠨ ᠤ ᠪᠡᠯ ᠬᠡᠷᠡᠭᠯᠡᠨᠡ᠃ ᠨ᠋ᠦᠰᠣᠨ ᠤ ᠪᠡᠯ ᠮᠦᠨ ᠭ᠋ᠤᠶᠡᠷ ᠪᠦ᠋ᠶ᠃ ᠪᠡᠯ ᠳᠤ ᠳᠦᠭᠦᠷᠢᠭ ᠪᠡᠯ ︵ᠵᠣᠭᠤᠰᠣᠨ ᠪᠡᠯ︶ | ᠂ ᠰᠦᠯᠵ᠊ ᠵᠮᠡᠷ ᠲᠠᠢ ᠪᠡᠯ᠂ ᠵᠢᠷᠦᠭᠡᠨ ᠪᠡᠯ᠂ ᠲᠠᠦᠬᠠᠶ ᠪᠡᠯ ᠵᠡᠷᠭᠡ ᠤᠯᠡᠨ ᠶᠡᠩᠵᠦ ᠪᠠᠶᠢᠳᠠᠭ᠃ ᠪᠡᠯ ᠨᠢ ᠪᠦᠳᠦᠬᠦᠨ ᠪᠠᠭᠠ᠂ ᠵᠣᠵᠡᠭᠠᠨ ᠨᠢᠮᠭᠡᠨ ᠤᠭᠠᠯᠵᠡ | ᠭ᠋ᠤᠸᠡᠷ ᠲᠠᠢ ᠪᠦ᠋ᠶᠦ ᠤᠭᠠᠯᠵᠡ ᠭ᠋ᠤᠸᠡᠷ ᠨ᠋ᠦᠭᠡᠶ ᠮᠡᠳᠦ ᠤᠯᠡᠨ ᠵᠦ᠊ ᠵᠯ ᠪᠠᠶᠢᠳᠠᠭ᠃ | ᠰᠢᠪᠡᠷᠭᠡᠯ | ᠰᠢᠪᠡᠷᠭᠡᠯ ︵ᠰᠢᠪᠡᠷᠡᠯᠭᠡ︶᠄ ︽ᠰᠢᠪᠡᠷᠭᠡᠯ ᠪᠦ᠋ᠯ ᠤᠭ ᠲᠠᠭᠠᠨ ᠰᠢᠨᠡ ᠪᠡᠷᠢ ᠳᠤ ᠳᠦ᠋ᠳᠡᠭ᠌ᠳᠡᠵᠦ ᠪᠦ᠋ᠯᠳᠠᠭ ᠨ᠋ᠦᠭᠡᠶ ᠵᠡᠰᠡᠯ ᠴᠢᠮᠡᠭᠯᠨᠯ ᠤᠨ ᠨᠢᠭᠡ ᠪᠠᠶᠢᠭᠰᠡᠨ ᠶᠦ᠋ᠮ᠃ | ᠡᠨᠡ ᠨᠢ ︿ᠵᠣᠰᠠᠭ ᠢᠮᠠᠭᠠ ᠵᠢᠷᠭᠤᠭᠠᠨ ᠡᠪᠡᠷ ᠲᠠᠢ᠂ ᠵᠣᠳ ᠪᠦ᠋ᠯᠪᠡᠯ ᠭ᠋ᠤᠶᠡᠷ ᠡᠪᠡᠷ ᠲᠠᠢ﹀ ᠭᠡᠳᠡᠭ ᠢᠶᠠᠷ ᠨ᠋ᠦᠰᠤ ᠪᠠᠨ ᠭ᠋ᠠᠯᠬᠠᠯᠡᠵᠦ᠂ ᠡᠪᠦᠭᠡ ᠳᠡᠭᠡᠳᠦᠰ ᠲᠡᠭᠡᠨ | ᠨ᠋ᠦᠵᠨᠬᠦᠯᠬᠦ ᠨ᠋ᠦᠭᠡᠶ ᠭᠡᠰᠡᠨ ᠳᠡᠮᠳᠡᠭ ᠵᠡᠰᠡᠯ ᠪᠦ᠋ᠯᠦᠨᠡ︾᠃ ᠰᠢᠪᠡᠷᠭᠡᠯ ᠢ ᠭ᠋ᠤᠷᠭᠤᠶ ᠵᠡᠷᠭᠡ ᠪᠠᠷ ᠤᠷᠳᠦ ᠭ᠋ᠠᠪᠳ᠋ᠨᠭᠠᠶ ᠭᠢᠳᠡᠭ᠃ ᠳᠡᠭᠡᠷᠡ ᠪᠠᠨ ᠨᠡᠷᠢᠨ ᠪᠠᠶᠢᠵᠦ | ᠳᠦ᠋ᠷᠦᠭ᠌ᠰᠢᠯᠡᠬᠤ ᠳᠦ᠋ᠳᠦᠮ ᠢᠶᠠᠨ ᠨ᠋ᠦᠷᠭᠡᠨ ᠪᠦ᠋ᠯᠦᠭᠠᠳ ᠨ᠋ᠦᠵᠦᠬᠦᠷ ᠢ ᠭᠤᠷᠪᠡᠯᠵᠢᠨ᠂ ᠨ᠋ᠦᠵᠦᠬᠦᠷ ᠲᠤᠨᠢ ᠤᠯᠡᠭᠠᠨ ᠳᠦ᠋ᠷᠭᠠᠨ ᠤᠳᠡᠰᠦ ᠪᠠᠷ ᠴᠡᠴᠤᠭ ᠭᠢᠵᠦ | ᠤᠨᠵᠢᠭᠤᠯᠳᠠᠭ᠃ ᠤᠷᠳᠦ ᠤᠬᠤᠷ ᠢ ᠭᠡᠷᠡᠭᠯᠡᠭᠴᠢ ᠶᠢᠨ ᠪᠡᠶᠡ ᠶᠢᠨ ᠨ᠋ᠦᠨᠳᠦᠷ ᠠᠯᠴᠡᠭᠠᠷ ︵ᠪᠦ᠋ᠭᠤᠨᠢ︶ ᠲᠠᠢ ᠵᠣᠭᠢᠴᠡᠭᠤᠯᠦᠨ ᠭᠢᠳᠡᠭ᠃ ᠰᠢᠪᠡᠷᠭᠡᠯ ᠤᠨ ᠭᠦᠪᠡᠭᠡ ᠶᠢ | ᠨ᠋ᠦᠩᠭᠡ ᠶᠢᠨ ᠳᠦ᠋ᠷᠭᠠᠨ ᠤᠳᠡᠰᠦ ᠪᠠᠷ ᠰᠢᠭᠯᠠᠨ ᠭᠦᠪᠡᠭᠡᠯᠡᠳᠡᠭ᠃ ᠳᠡᠭᠡᠷᠡ ᠠᠴᠠ ᠳᠦ᠋ᠷᠦᠭ᠌ᠰᠢ 5 — 6 ᠨ᠋ᠦᠶᠡ ᠳᠦᠷᠪᠡᠯᠵᠢᠨ ᠭ᠋ᠤᠪᠢᠶᠡᠵᠦ ᠨ᠋ᠦᠶᠡ ᠪᠦᠷᠢ ᠶᠢ | ᠨᠡᠷᠢᠨ ᠮᠦᠩᠬᠦᠨ ᠰᠦᠯᠵᠢᠮᠡᠷ ᠢᠶᠠᠷ ᠭᠦᠨᠳᠡᠯᠡᠨ ᠭ᠋ᠤᠯᠪᠦᠨ ᠴᠢᠮᠡᠭᠯᠡᠭᠡᠳ ᠳᠦ᠋ᠮᠳᠡᠭᠢ ᠵᠡᠶ ᠳᠤᠨᠢ ᠵᠢᠵᠢᠭ ᠳᠦ᠋ᠨᠦᠯᠵ᠊ ᠵᠡ ᠮᠦᠩᠬᠦᠨ ᠴᠡᠴᠡᠭ᠂ ᠱᠢᠷᠦ᠂ ᠤᠭ᠍ᠶᠦ᠂ | ᠮᠦᠩᠬᠦᠨ ᠭ᠋ᠤᠩᠬᠤ ᠵᠡᠷᠭᠡ ᠶᠢ ᠭ᠋ᠠᠳᠡᠵᠦ ᠴᠢᠮᠡᠭᠯᠨᠳᠡᠭ᠃ | ᠮᠦᠩᠭᠦᠨ ᠲᠠᠲᠠᠭᠤᠷ | ᠮᠦᠩᠬᠦᠨ ᠳᠡᠳᠡᠭᠤᠷ᠄ ︽ᠭᠤᠷᠪᠡᠨ ᠭ᠋ᠤᠷᠦᠭᠤ ᠭᠢᠷᠢ ᠤ᠊ ᠵᠷᠭᠡᠨ ᠴᠡᠭᠠᠷᠢᠭ ᠮᠦᠩᠬᠦᠨ ᠳᠡᠭᠡᠷᠡ ᠱᠢᠷᠦ ᠰᠢᠭᠢᠳᠬᠡᠭᠡ ᠳᠡᠭᠠᠷᠡᠭᠤᠯᠵᠦ ᠭᠢᠭᠰᠡᠡ᠂ ᠭ᠋ᠠᠪᠴᠢᠭ | ᠳᠡᠭᠡᠷᠡ ᠳᠡᠯᠪᠢᠵᠦ ᠵᠡᠬᠦᠬᠦ ᠠᠪᠡᠭᠠᠶ ᠭᠦᠮᠦᠨ ᠤ ᠳᠦ᠋ᠯᠦᠭᠠᠶ ᠶᠢᠨ ᠵᠡᠰᠡᠯ︾᠃ ᠪᠡᠷᠭᠤᠴᠦᠳ ︽ᠳᠦ᠋ᠮᠦ ᠵᠢᠵᠢᠭ ᠱᠢᠷᠦ ᠬᠡᠯᠬᠢᠵᠦ ᠳᠦ᠋ᠭᠤᠷᠢᠭᠤᠯᠦᠭ᠌ᠰᠡᠨ ᠳᠦ᠋ᠪᠦᠷᠦᠤ ᠲᠠᠢ | ᠮᠦᠩᠬᠦᠨ ᠳᠡᠳᠡᠭᠤᠷ︾ ᠴᠦ ᠭᠡᠳᠡᠭ ᠪᠢᠯᠡ᠃ ᠮᠦᠩᠬᠦᠨ ᠳᠡᠳᠡᠭᠤᠷ ᠤᠳᠦ ᠨ᠋ᠦᠪᠦᠷ ᠮᠣᠩᠭᠤᠯ ᠤᠨ ᠮᠦᠽᠧᠶ ᠳᠤ ᠭ᠋ᠠᠳ᠋ᠨᠭᠠᠯᠡᠭ᠌ᠳᠡᠵᠦ ᠪᠦ᠋ᠶ᠃ ᠳᠡᠳᠡᠭᠤᠷ ᠭᠢᠬᠦ ᠳᠤ | ᠳᠦ᠋ᠮᠳᠡᠴᠢ ᠪᠠᠷ 10 — 20 ᠯᠡᠩ ᠴᠡᠭᠠᠨ ᠮᠦᠩᠬᠦ ᠬᠡᠷᠡᠭᠯᠡᠨᠡ᠃ ᠳᠡᠳᠡᠭᠤᠷ ᠨᠢ ᠶᠡᠷᠦᠩᠭᠡᠶ ᠳᠡᠭᠡᠨ ᠨ᠋ᠦᠷᠭᠡᠨ ᠨᠢ 1 ᠢᠮᠡᠬᠤ 2 ᠹᠸᠡ᠂ ᠤᠷᠳᠦ ᠨᠢ 13 — | 15 ᠢᠮᠡᠬᠤ ᠤᠷᠴᠢᠮ᠂ ᠵᠣᠵᠡᠭᠠᠨ ᠨᠢ 1 — 2 ᠹᠸᠡ᠃ ᠳ᠋ᠢᠶᠡᠮᠧᠳ᠋ᠷ ᠨᠢ 5 ᠢᠮᠡᠬᠤ ᠤᠷᠴᠢᠮ᠂ ᠳᠦ᠋ᠭᠤᠷ᠊ ᠵᠭ᠋ ᠭ᠋ᠠᠪᠳᠡᠭᠠᠶ ᠮᠦᠩᠬᠦ ᠪᠠᠷ ᠪᠦᠳᠦᠨᠡ᠃ | ᠳᠡᠳᠡᠭᠤᠷ ᠤᠨ ᠰᠢᠯᠢ ᠶᠢᠨ ᠭᠡᠰᠡᠭ ᠨᠢ ᠳᠦᠷᠪᠡᠯᠵᠢᠨ᠃ ᠡᠬᠦᠨ ᠢ ᠰᠢᠯᠢᠪᠴᠢ ᠭᠡᠳᠡᠭ᠃ ᠨᠢᠭᠤᠷ ︵ᠭᠠᠳᠡᠷ︶ ᠳᠡᠯᠡ ᠳᠤᠨᠢ ᠠᠷᠰᠯᠡᠨ ᠭ᠋ᠤᠸᠡᠷᠯᠡᠨ ᠴᠦ᠋ᠭᠢᠵᠦ᠂ ᠠᠮᠢ | ᠨᠡᠰᠦ ᠶᠢ ᠭ᠋ᠠᠮᠡᠭᠠᠯᠡᠬᠤ ᠶᠢ ᠪᠡᠯᠭᠡᠳᠡᠨᠡ᠃ ᠰᠢᠯᠢᠪᠴᠢ ᠶᠢ ᠭ᠋ᠠᠯᠳᠦ ᠭ᠋ᠠᠷᠡᠬᠤ ᠳᠤ ᠡᠭᠡᠷᠴᠦᠭ ᠲᠠᠢ ᠮᠡᠳᠦ ᠪᠠᠶᠢᠳᠠᠭ ᠪᠦ᠋ᠯᠪᠡᠴᠦ ᠨᠡᠭᠡᠭᠡᠵᠦ ᠭ᠋ᠠᠭᠠᠵᠦ ᠪᠦ᠋ᠯᠳᠠᠭ ᠨ᠋ᠦᠭᠡᠶ ᠪᠢᠯᠡ | ᠃ ᠰᠵᠯᠢᠪᠴᠢ ᠶᠢᠨ ᠳᠦ᠋ᠦᠷᠡ ᠭᠦᠪᠡᠭᠡᠨ ᠳᠤ ᠭᠤᠷᠪᠡᠨ ᠮᠦᠩᠬᠦᠨ ᠰᠡᠨᠵᠢ ᠶᠢ ᠳᠡᠩᠴᠡᠬᠦᠤ ᠵᠡᠶ ᠲᠠᠢ ᠭᠠᠩᠨᠡᠳᠠᠭ᠃ ᠡᠬᠦᠨ ᠠᠴᠠ ᠠᠳᠡᠯᠢ ᠭᠤᠷᠪᠡᠨ ᠮᠦᠩᠬᠦᠨ ᠳᠦ᠋ᠪᠴᠢ | ᠡᠮᠬᠦᠬᠦᠯᠦᠨ ᠳᠡᠬᠦᠵᠢᠯᠡᠳᠡᠭ᠃ ᠳᠡᠳᠡᠭᠤᠷ ᠤᠨ ᠭᠤᠦᠯ ᠢᠶᠠᠷ ᠨᠢ ᠳᠦ᠋ᠮᠦ ᠪᠦ᠋ᠶᠦ ᠵᠢᠵᠢᠭ ᠤᠯᠡᠭᠠᠨ ᠱᠢᠷᠦ ᠶᠢ ᠳᠦ᠋ᠭᠤᠷᠢᠭᠤᠯᠵᠦ ᠰᠡᠭᠤᠯᠭᠠᠳᠠᠭ᠃ ᠱᠢᠷᠦ ᠨᠢ ᠪᠦᠳᠦᠬᠦᠨ | ᠪᠦ᠋ᠯ ᠳᠦ᠋ᠮᠦᠬᠠᠨ ᠱᠢᠷᠦ ᠶᠢ ᠭᠤᠦᠯ ᠳᠤᠨᠢ ᠰᠡᠭᠤᠯᠭᠠᠵᠦ ᠳᠡᠬᠦᠨ ᠠᠴᠠ ᠵᠢᠵᠢᠭ ᠱᠢᠷᠦ ᠶᠢ ᠭ᠋ᠤᠶᠡᠷ ᠳᠡᠯᠡ ᠳᠤᠨᠢ ᠭ᠋ᠤᠦᠰ ᠭ᠋ᠤᠦᠰ ᠢᠶᠠᠷ ᠳᠡᠩᠴᠡᠬᠦᠤ ᠵᠡᠶ ᠲᠠᠢ | ᠰᠡᠭᠤᠯᠭᠠᠳᠠᠭ ᠪᠢᠯᠡ᠃ ᠱᠢᠷᠦ ᠨᠢ ᠵᠢᠵᠢᠭ ᠪᠠᠶᠢᠪᠡᠯ ᠠᠷᠪᠡᠭᠠᠳ ᠱᠢᠷᠦ ᠶᠢ ᠳᠦ᠋ᠭᠤᠷᠢᠭᠤᠯᠵᠦ ᠰᠡᠭᠤᠯᠭᠠᠳᠠᠭ ᠴᠦ ᠪᠦ᠋ᠶ᠃ ᠱᠢᠷᠦ ᠶᠢᠨ ᠭ᠋ᠤᠶᠡᠷ ᠵᠠᠭ᠋ᠠ ᠶᠢᠨ ᠭᠦᠪᠡᠭᠡ ᠶᠢ | ᠴᠡᠴᠡᠭ ᠭ᠋ᠤᠸᠡᠷ ᠢᠶᠠᠷ ᠭᠦᠪᠦ᠋᠊ᠵᠯᠭᠡᠨ ᠴᠦ᠋ᠭᠢᠵᠦ ᠴᠢᠮᠡᠭᠯᠨᠳᠡᠭ᠃ | ᠭ᠋ᠠᠵᠡᠭᠤᠨ ᠤ ᠮᠦᠩᠬᠦᠨ ᠵᠡᠰᠡᠯ | ᠡᠨᠡ ᠵᠡᠰᠡᠯ ᠤᠨ ᠵᠡᠭ᠌ᠪᠦᠷ ᠤᠳᠦ ᠤᠯᠳᠠᠬᠤ ᠪᠠᠨ ᠪᠦ᠋ᠯᠢᠭ᠌ᠰᠡᠨ ᠪᠢᠯᠡ᠃ ᠡᠩᠭᠡᠷ ᠤᠨ ᠪᠦ᠋ᠶᠦ ᠡᠯᠢᠭᠡᠨ ᠤ ᠭᠤᠤ᠂ ᠮᠦᠷᠦᠨ ᠤ ᠭᠤᠤ᠂ ᠠᠷᠦ ᠶᠢᠨ ᠪᠦ᠋ᠶᠦ ᠴᠡᠭᠡᠵᠢᠨ ᠤ | ᠭᠤᠤ ᠭᠤᠷᠪᠡ ᠪᠦ᠋ᠯ ᠨᠢᠭᠡ ᠴᠡᠭᠡᠵᠢᠪᠴᠢᠨ ᠳᠤ ᠭ᠋ᠠᠳᠡᠭᠠᠰᠣᠳᠡᠶ ᠪᠠᠶᠢᠳᠠᠭ᠃ ᠨ᠋ᠦᠭᠡᠷᠡ ᠪᠠᠷ ᠭᠡᠯᠡᠪᠡᠯ᠂ ᠭ᠋ᠠᠮᠳᠦ ᠳᠤᠨᠢ ᠵᠡᠭᠦᠳᠡᠭ ᠲᠦᠭᠦᠷᠵᠢᠭᠰᠡᠨ ᠵᠡᠰᠡᠯ ᠶᠦ᠋ᠮ᠃ | ᠴᠡᠭᠡᠵᠢᠪᠴᠢ ᠨᠢ ᠳᠦ᠋ᠰ ᠪᠦᠷᠢ ᠶᠢᠨ ᠭᠤᠤ ᠲᠠᠢ ᠪᠠᠨ ᠨ᠋ᠦᠨᠳᠦᠰᠣᠨ ᠳᠡᠭᠡᠷᠡ ᠪᠠᠨ ᠠᠳᠡᠯᠢ ᠭᠡᠮᠵᠢᠶᠡ ᠲᠠᠢ ᠪᠦᠭᠡᠳ ᠤᠯᠡᠩᠬᠢ ᠳᠠᠭᠠᠨ ᠤᠯᠡᠭᠠᠨ ᠭ᠋ᠤᠷᠭᠤᠶ ᠪᠠᠷ | ᠨ᠋ᠦᠩᠭᠡᠯᠡᠵᠦ ᠭᠢᠳᠡᠭ᠃ ᠵᠦᠪ ᠳᠡᠯᠡ ᠶᠢᠨ ᠰᠤᠭᠤᠨ ᠳᠠᠭᠠᠨ ᠰᠢᠯᠪᠢ ᠳᠦ᠋ᠪᠴᠢ ᠲᠠᠢ᠃ ᠭᠤᠷᠪᠡᠨ ᠭᠤᠤ ᠲᠠᠢ ᠴᠡᠭᠡᠵᠢᠪᠴᠢ ᠪᠠᠨ ᠤᠦᠵᠢᠨ ᠤ ᠳᠡᠭᠡᠬᠦᠷ ᠡᠮᠦᠰᠣᠨᠡ᠃ | ᠡᠶᠢᠮᠦ ᠠᠴᠠ ᠴᠡᠭᠡᠵᠢᠪᠴᠢ ᠨᠢ ᠤᠦᠵᠢᠨ ᠤ ᠴᠡᠭᠡᠵᠢ ᠠᠴᠠ ᠪᠠᠭᠠ ᠪᠠᠶᠢᠵᠦ᠂ ᠤᠦᠵᠢᠨ ᠤ ᠡᠮᠵᠢᠶᠡᠷᠢ ᠶᠢ ᠳᠡᠷᠦᠬᠤ ᠨ᠋ᠦᠭᠡᠶ ᠪᠠᠶᠢᠬᠤ ᠪᠠᠷ ᠳᠡᠭᠠᠷᠡᠭᠤᠯᠳᠠᠭ᠃ ᠡᠨᠡ | ᠭᠤᠷᠪᠡᠨ ᠭᠤᠤ ᠶᠢ ᠠᠪᠡᠭᠠᠶ ᠪᠦ᠋ᠯᠦᠭ᠌ᠰᠡᠳ ᠨᠢᠭᠡ ᠪᠦᠷᠢ ᠭᠡᠷᠡᠭᠯᠨᠵᠦ ᠴᠢᠳᠡᠳᠠᠭ ᠨ᠋ᠦᠭᠡᠶ ᠪᠠᠶᠢᠭᠰᠡᠨ ᠶᠦ᠋ᠮ ᠭᠡᠨᠡ᠃ ᠵᠦᠪᠭᠡᠨ ᠠᠵᠤ ᠠᠮᠢᠳᠦᠷᠡᠯ ᠨᠢ ᠪᠡᠶᠡᠨ ᠴᠢᠨᠡᠭᠡᠯᠢᠭ | ᠪᠦ᠋ᠶᠦ ᠨᠣᠶ᠋ᠨ᠋ᠦᠨ ᠤᠨ ᠨ᠋ᠦᠷᠡ ᠭᠡᠦᠭᠡᠳ᠂ ᠡᠶᠢᠮᠦᠷᠬᠦ ᠭ᠋ᠤᠶᠡᠷ ᠠᠶᠢᠯ ᠭ᠋ᠠᠷᠢᠯᠴᠡᠨ ᠭ᠋ᠤᠳᠡ ᠤᠷᠤᠭ ᠪᠦ᠋ᠯᠦᠯᠴᠡᠬᠤ᠂ ᠡᠰᠡᠬᠦᠯᠡ ᠶᠡᠭᠡᠰ ᠯᠡᠮᠡ ᠨᠡᠷ ᠤᠨ ᠠᠴᠢ ᠭᠤᠴᠢ | ᠨᠡᠷ ᠤᠨ ᠤᠷᠤᠭ ᠭ᠋ᠤᠷᠢᠮ ᠪᠦ᠋ᠯᠬᠤ ᠳᠤ ᠪᠡᠯᠡᠳᠭᠡᠬᠦ ᠨᠢ ᠤᠯᠠᠨᠲᠠ ᠪᠠᠶᠢᠭᠰᠡᠨ ᠭᠡᠨᠡ᠃ ᠡᠨᠡ ᠪᠦᠬᠦᠳᠡ ᠶᠢ ᠭᠢᠵᠦ ᠪᠦᠷᠢᠳᠦᠬᠦᠯᠬᠦ ᠳᠤ ᠭᠡᠷᠡᠭᠯᠨᠬᠦ ᠴᠡᠭᠠᠨ ᠮᠦᠩᠬᠦ᠂ ᠭᠢᠬᠦ | ᠴᠠᠭ ᠭ᠋ᠤᠭᠤᠴᠠᠭᠠ᠂ ᠭᠠᠷ ᠤᠨ ᠭᠦᠯᠦᠰᠦ ᠵᠡᠷᠭᠡ ᠨᠢ ᠶᠡᠭᠡᠳᠡᠶ ᠪᠠᠶᠢᠳᠠᠭ ᠠᠴᠠ ᠡᠶᠢᠮᠦ ᠪᠦ᠋ᠯᠦᠭ᠌ᠰᠡᠨ ᠶᠦ᠋ᠮ ᠭᠡᠨᠡ᠃ ᠡᠶᠢᠮᠦ ᠠᠴᠠ ᠭᠤᠷᠪᠡᠨ ᠭᠤᠤ ᠨᠢ ᠨ᠋ᠦᠷᠭᠡᠨ | ᠭᠡᠷᠡᠭᠯᠡᠭᠳᠡᠵᠦ ᠴᠢᠳᠠᠭᠠ ᠨ᠋ᠦᠭᠡᠶ ᠪᠠᠶᠢᠵᠡᠶ᠃ | ᠮᠦᠩᠭᠦᠨ ᠭᠤᠤ | ᠡᠩᠭᠡᠷ ᠤᠨ ᠪᠦ᠋ᠶᠦ ᠡᠯᠢᠭᠡᠨ ᠤ ᠭᠤᠤ᠄ ᠳᠦ᠋ᠰ ᠵᠡᠰᠡᠯ ᠨᠢ ᠨ᠋ᠦᠪᠦᠷ ᠮᠣᠩᠭᠤᠯ ᠤᠨ ᠮᠦᠽᠧᠶ ᠳᠤ ᠪᠦ᠋ᠶ᠃ ᠡᠨᠡ ᠨᠢ ᠮᠦᠩᠬᠦᠨ ᠭᠤᠦᠷᠴᠠᠭ ᠪᠡ ᠡᠩᠭᠡᠷ ᠤᠨ ᠭᠤᠤ ᠶᠢ | ᠭ᠋ᠠᠮᠳᠤ ᠳᠤᠨᠢ ᠬᠡᠯᠬᠢᠵᠦ ᠪᠦᠳᠦᠭᠰᠨ᠋ᠡ ᠡᠳ᠋ᠯᠡᠯ ᠪᠢᠯᠡ᠃ ᠪᠡᠷᠭᠤᠴᡂᠨ ᠡᠬᠦᠨ ᠲᠠᠢ ᠠᠳᠡᠯᠢ ᠭᠤᠦᠷᠴᠠᠭ ᠪᠦ᠋ᠯᠦᠨ ᠭᠤᠤ ᠶᠢ ᠵᠡᠬᠦᠬᠦ ᠪᠠᠷ ᠪᠡᠷᠡᠬᠤ ᠨ᠋ᠦᠭᠡᠶ ᠡᠩᠭᠡᠷ ᠤᠨ | ᠭᠤᠤ ᠶᠢ ᠠᠰ ᠲᠤᠨᠢ ᠭᠢᠵᠦ ᠵᠡᠭᠦᠳᠡᠭ ᠴᠦ ᠪᠦ᠋ᠶ᠃ ᠡᠩᠭᠡᠷ ᠤᠨ ᠭᠤᠤ ᠶᠢ ᠮᠦᠩᠬᠦ ᠪᠠᠷ ᠬᠢᠳᠡᠭ᠃ ᠨᠢᠭᠡ ᠭᠤᠦ ᠭᠢᠬᠦ ᠳᠤ ᠳᠦ᠋ᠮᠳᠡᠴᠢ ᠪᠠᠷ 3 — 5 ᠯᠡᠩ | ᠤᠷᠴᠢᠮ ᠤᠨ ᠮᠦᠩᠬᠦ ᠬᠡᠷᠡᠭᠯᠡᠨᠡ᠃ ᠭᠤᠤ ᠨᠢ ᠭ᠋ᠠᠪᠳᠡᠭᠠᠶ ᠪᠦᠭᠡᠳ ᠭᠦᠨᠳᠡᠶ ᠭ᠋ᠤᠶᠡᠷ ᠭᠡᠰᠡᠭ ᠠᠴᠠ ᠪᠦᠳᠦᠭᠰᠨ᠋ᠡ ᠠᠵᠢ᠃ ᠭ᠋ᠤᠶᠡᠷ ᠭ᠋ᠠᠵᠡᠭᠤ ᠨᠢ ᠭ᠋ᠤᠸᠡᠷ ᠲᠠᠢ ᠪᠦ᠋ᠶᠦ | ᠨᠢᠭᠤᠷ ᠨᠢ ᠭ᠋ᠤᠸᠡᠷ ᠲᠠᠢ᠂ ᠠᠷᠦ ᠨᠢ ᠭᠢᠯᠦᠭᠡᠷ ᠴᠦ ᠪᠠᠶᠢᠳᠠᠭ᠃ ᠭᠡᠯᠪᠡᠷᠢ ᠨᠢ ᠳᠦᠷᠪᠡᠯᠵᠢᠨ᠂ ᠳᠦᠭᠦᠷᠢᠭ ᠨᠡ᠊ ᠵᠮᠡᠨ ᠦᠨᠴᠦᠭ ᠲᠠᠢ ᠵᠡᠷᠭᠡ ᠤᠯᠡᠨ ᠶᠡᠩᠵᠦ ᠪᠦ᠋ᠶ᠃ | ᠭᠡᠷᠡᠯ ᠵᠢᠷᠤᠭ ᠢᠶᠠᠷ ᠵᠢᠱᠢᠶᠡ ᠪᠦ᠋ᠯᠭᠠᠪᠡᠯ᠂ ᠭ᠋ᠤᠶᠡᠷ ᠳᠡᠪᠬᠤᠷ ᠬᠦᠪᠡᠭᠡ ᠲᠠᠢ᠂ ᠭᠤᠦᠯ ᠳᠤᠨᠢ ᠨᠣᠷᠪᠦ᠂ ᠨᠣᠷᠪᠦ ᠶᠢᠨ ᠳᠦ᠋ᠦᠷᠡᠳᠦ ᠳᠡᠯᠡ ᠳᠤᠨᠢ ᠠᠭᠤᠯᠡ᠂ ᠭ᠋ᠤᠶᠡᠷ | ᠭ᠋ᠠᠵᠡᠭᠤ ᠳᠤᠨᠢ ᠮᠣᠳᠦᠨ ᠭ᠋ᠤᠸᠡᠷ ᠲᠠᠢ᠃ ᠡᠯᠢᠭᠡᠨ ᠤ ᠭᠤᠤ ᠶᠢ ᠳ᠋ᠠᠩ ᠢᠶᠠᠷ ᠨᠢ ᠵᠡᠬᠦᠬᠦ ᠳᠤ ᠭᠦᠷᠪᠡᠯ ᠳᠡᠭᠡᠳᠦ ᠳᠡᠯᠡ ᠳᠤᠨᠢ ᠨᠢᠭᠡ ᠪᠦ᠋ᠶᠦ ᠭ᠋ᠤᠶᠡᠷ ᠰᠨ᠋ᠡᠵᠢ ᠡᠰᠡᠬᠦᠯᠡ | ᠡᠭᠡᠷᠴᠦᠭ ᠭᠠᠩᠨᠠᠭᠰᠠᠨ ᠪᠠᠶᠢᠵᠦ ᠪᠦ᠋ᠯᠬᠤ ᠪᠦᠭᠡᠳ ᠭ᠋ᠤᠶᠡᠷ ᠭ᠋ᠠᠵᠡᠭᠤ ᠳᠤᠨᠢ ᠰᠡᠨᠵᠢ ᠲᠠᠢ ᠴᠦ ᠪᠠᠶᠢᠵᠦ ᠪᠦ᠋ᠯᠳᠠᠭ᠃ ᠰᠡᠨᠵᠢᠨ ᠠᠴᠠ ᠨᠢ ᠮᠦᠩᠬᠦᠨ ᠰᠦᠯᠵᠢᠮᠡᠯ ᠪᠦ᠋ᠶᠦ | ᠤᠯᠡᠭᠠᠨ ᠳᠦ᠋ᠷᠭᠠᠨ ᠤᠳᠡᠰᠦ ᠳᠡᠪᠬᠤᠷᠯᠡᠨ ᠡᠮᠬᠡᠷᠢᠳᠴᠦ ᠪᠢᠳᠡᠬᠦᠤ ᠤᠭᠤᠰᠣᠷ ᠭᠢᠭᠡᠦᠨ ᠵᠡᠬᠦᠳᠡᠭ᠃ | ᠮᠦᠷᠦᠨ ᠤ ᠮᠦᠩᠬᠦᠨ ᠭᠤᠤ᠄ ᠡᠶᠢᠮᠦ ᠭᠤᠤ ᠢᠵᠢᠯ ᠨᠢᠭᠡᠨ ᠭ᠋ᠤᠦᠰ᠂ ᠭ᠋ᠤᠶᠡᠷ ᠮᠦᠷᠦᠨ ᠳᠡᠭᠡᠷᠡ ᠵᠡᠬᠦᠳᠡᠭ ᠭᠡᠯᠪᠡᠷᠢ ᠨᠢ ᠤᠷᠳᠦᠪᠳᠦᠷ ᠳᠦᠷᠪᠡᠯᠵᠢᠨ᠂ | ᠮᠦᠷᠳ ᠤ ᠭᠤᠤ ᠭᠢᠬᠦ ᠳᠤ ᠳᠦ᠋ᠮᠳᠡᠴᠢ ᠪᠠᠷ ᠳᠡᠪᠦᠨ ᠯᠡᠩ ᠠᠴᠠ ᠳᠡᠭᠡᠭᠰᠶ ᠮᠦᠩᠬᠦ ᠬᠡᠷᠡᠭᠯᠡᠨᠡ᠃ ᠭᠤᠤ ᠶᠢᠨ ᠢᠷᠮᠡᠭ ᠢ ᠪᠦᠬᠦᠯᠢ ᠳᠦ᠋ᠭᠤᠷᠢᠭᠤᠯᠵᠦ ᠭᠦᠪᠡᠭᠡᠯᠡᠳᠡᠭ᠃ | ᠳᠦᠷᠪᠡᠯᠵᠢᠨ ᠭᠤᠤ ᠪᠦ᠋ᠯ ᠳᠦᠷᠪᠡᠨ ᠦᠨᠴᠦᠭ ᠪᠡ ᠭᠤᠦᠯ ᠳᠤᠨᠢ ᠪᠡᠭᠠᠪᠳᠦᠷ ᠤᠯᠡᠭᠠᠨ ᠱᠢᠷᠦ ᠰᠢᠭᠢᠳᠭᠡᠨᠡ᠃ ᠳᠦ᠋ᠦᠷᠡ ᠳᠡᠯᠡ ᠳᠤᠨᠢ ᠨᠢᠭᠡ ᠰᠡᠨᠵᠢ ᠭᠠᠩᠨᠡᠵᠦ | ᠴᠡᠭᠡᠵ᠊ ᠵᠪᠴᠢᠨ ᠳᠤ ᠤᠶᠦᠵᠦ ᠳᠦ᠋ᠭ᠌ᠳᠡᠭᠠᠨᠡ᠃ ᠮᠦᠩᠬᠦᠨ ᠭᠤᠤ ᠨᠢ ᠳᠦᠷᠪᠡᠯᠵᠢᠨ᠂ ᠳᠦᠭᠦᠷᠢᠭ ︵ᠰᠡᠷᠡᠨ︶᠂ ᠭ᠋ᠠᠪᠢᠷᠭᠠᠡ ᠰᠡᠷᠡᠨ ᠪᠦ᠋ᠶᠦ ᠰᠡᠷᠡᠨ ᠭ᠋ᠤᠶᠡᠷ ᠢᠶᠠᠷ | ᠪᠦᠳᠦᠭᠰᠨ᠋ᠡ ᠵᠡᠷᠭᠡ ᠭᠡᠳᠦᠨ ᠵᠦ᠊ ᠵᠯ ᠪᠠᠶᠢᠳᠠᠭ᠃ ᠡᠩ ᠤᠨ ᠪᠠᠶᠢᠳᠡᠯ ᠳᠤ ᠳᠦᠷᠪᠡᠯᠵᠢᠨ ᠭᠤᠤ ᠨᠢ ᠡᠯᠪᠡᠭ ᠭᠡᠷᠡᠭᠯᠨᠳᠡᠭ ᠪᠠᠶᠢᠪᠡ᠃ | ᠠᠷᠦ ᠶᠢᠨ ᠪᠦ᠋ᠶᠦ ᠴᠡᠭᠡᠵᠢᠨ ᠤ ᠮᠦᠩᠬᠦᠨ ᠭᠤᠤ᠄ ᠡᠨᠡ ᠨᠢ ᠴᠡᠭᠡᠵᠢᠨ ᠳᠤ ᠵᠡᠬᠦᠳᠡᠭ ᠵᠡᠰᠡᠯ᠃ ᠳᠡᠷᠡ ᠨᠢ ᠶᠡᠭᠡ᠂ ᠳᠦ᠋ᠮᠳᠡ᠂ ᠪᠠᠭᠠ ᠭᠤᠷᠪᠡᠨ ᠭ᠋ᠠᠪᠳᠡᠭᠠᠶ ᠤᠷᠳᠦ | ᠳᠦᠷᠪᠡᠯᠵᠢᠨ ᠭᠡᠰᠡᠭ ᠠᠴᠠ ᠭᠤᠦᠯ ᠪᠦᠳᠦᠨᠡ᠃ ᠠᠷᠦ ᠶᠢᠨ ᠭᠤᠤ ᠭᠢᠬᠦ ᠳᠤ ᠠᠷᠪᠡ ᠭᠠᠷᠦᠶ ᠯᠡᠩ ᠮᠦᠩᠬᠦ ᠭᠡᠷᠡᠭᠯᠨᠨᠡ᠃ ᠳᠡᠭᠡᠳᠦ ᠳᠡᠯᠡ ᠶᠢᠨ ᠭ᠋ᠠᠪᠳᠡᠭᠠᠶ | ᠳᠦᠷᠪᠡᠯᠵᠢᠨ ᠭᠤᠤ ᠨᠢ ᠳᠦ᠋ᠮᠳᠡᠴᠢ ᠪᠠᠷ 5 — 6 ᠢᠮᠡᠬᠤ ᠤᠷᠳᠦ᠂ ᠨ᠋ᠦᠷᠭᠡᠨ ᠨᠢ 3 — 4 ᠢᠮᠡᠬᠤ᠂ ᠳᠦ᠋ᠮᠳᠡᠭᠢ ᠭᠤᠤ ᠨᠢ 4 — 5 ᠢᠮᠡᠬᠤ ᠤᠷᠳᠦ᠂ | 2 — 3 ᠢᠮᠡᠬᠤ ᠨ᠋ᠦᠷᠭᠡᠨ᠂ ᠳᠦ᠋ᠦᠷᠡᠳᠦ ᠭᠤᠤ ᠨᠢ 3 — 4 ᠢᠮᠡᠬᠤ ᠤᠷᠳᠦ᠂ 1 — 2 ᠢᠮᠡᠬᠤ ᠨ᠋ᠦᠷᠭᠡᠨ᠃ ᠭᠤᠷᠪᠡᠨ ᠤᠷᠳᠦ ᠳᠦᠷᠪᠡᠯᠵᠢᠨ | ᠭᠤᠤ ᠶᠢ ᠨᠢᠮᠭᠡᠨ ᠮᠦᠩᠬᠦᠨ ᠭ᠋ᠠᠪᠳᠡᠰᠦ ᠪᠠᠷ ᠭᠢᠬᠦ ᠪᠦᠭᠡᠳ ᠳᠦ᠋ᠦᠷᠡ ᠳᠡᠯᠡ ᠳᠤᠨᠢ ᠳᠦ᠋ᠭᠢᠷᠡᠭ᠌ᠰᠡᠨ ᠭ᠋ᠤᠷᠦᠭᠤ ᠭᠢᠷᠢᠳᠡᠶ ᠵᠣᠵᠡᠭᠠᠨ ᠮᠣᠳᠦᠨ ᠭ᠋ᠠᠪᠳᠡᠰᠦ ᠳᠡᠭᠠᠷᠡᠭᠤᠯᠵᠦ | ᠡᠮᠬᠦᠬᠦᠯᠦᠨ ᠵᠠᠭᠤᠯᠭᠠᠵᠤ ᠭᠦᠳᠡᠷᠯᠡᠳᠡᠭ᠃ ᠳᠡᠭᠡᠳᠦ ᠳᠡᠯᠡ ᠶᠢᠨ ᠮᠦᠩᠬᠦᠨ ᠭ᠋ᠠᠪᠳᠡᠰᠣᠨ ᠤ ᠭ᠋ᠤᠶ᠋ᠨᠷ ᠳᠡᠯᠡ ᠶᠢᠨ ᠭᠦᠪᠡᠭᠡᠨ ᠳᠤ ᠭᠤᠷᠪᠡ ᠭᠤᠷᠪᠡᠨ ᠱᠢᠷᠦ | ᠰᠢᠭᠢᠳᠭᠡᠳᠡᠭ᠃ ᠳᠡᠬᠦᠨ ᠤ ᠭ᠋ᠤᠶᠡᠷ ᠨᠢ ᠦᠨᠴᠦᠭ ᠲᠤ ᠪᠠᠶᠢᠷᠢᠯᠡᠵᠦ᠂ ᠳᠦ᠋ᠮᠳᠡᠭᠢ ᠱᠢᠷᠦ ᠨᠢ ᠭ᠋ᠤᠶᠡᠷ ᠱ᠊ ᠵᠷᠦ ᠶᠢᠨ ᠳᠦ᠋ᠮᠳᠡ ᠨᠢ ᠭᠤᠷᠪᠡᠯᠵᠢᠨ ᠦᠨᠴᠦᠭ ᠡᠬᠦᠰᠭᠡᠨ | ᠳᠦ᠋ᠳᠦᠭ᠌ᠰᠢ ᠰᠡᠭᠤᠯᠭᠠᠵᠡᠶ᠃ ᠳᠦ᠋ᠮᠳᠡ ᠳᠦ᠋ᠦᠷᠡᠳᠤ ᠳᠡᠯᠡ ᠭ᠋ᠠᠪᠳᠡᠭᠠᠶ ᠶᠢᠨ ᠵᠠᠭ᠋ᠠ ᠳᠦ᠋ᠮᠳᠡ ᠨᠢ ᠨᠢᠭᠡ ᠨᠢᠭᠡ ᠱᠢᠷᠦ ᠶᠢ ᠵᠡᠷᠭᠡᠴᠡᠬᠦᠯᠦᠨ ᠰᠡᠭᠤᠯᠭᠠᠵᠡᠶ᠃ ᠭᠤᠷᠪᠡᠨ | ᠮᠦᠩᠬᠦᠨ ᠭ᠋ᠠᠪᠳᠡᠰᠣᠨ ᠤ ᠭᠤᠦᠯ ᠳᠦ᠋ᠮᠳᠡ ᠨᠢ ᠪᠡᠰᠡ ᠱᠢᠷᠦ ᠰᠢᠭᠢᠳᠬᠡᠭᠡ ᠲᠠᠢ᠃ ᠡᠬᠦᠨ ᠳᠤ ᠳᠡᠭᠡᠳᠦ ᠲᠨᠯᠡ ᠶᠢᠨ ᠭ᠋ᠠᠪᠳᠡᠰᠣᠨ ᠤ ᠳᠦ᠋ᠮᠳᠡ ᠨᠢ 3 — 5 | ᠵᠢᠵᠢᠪᠳᠦᠷ ᠱᠢᠷᠦ᠂ ᠳᠦ᠋ᠮᠳᠡᠭᠢ ᠭ᠋ᠠᠪᠳᠡᠰᠣᠨ ᠳᠦ᠋ᠮᠳᠡ ᠨᠢ 2 — 3 ᠱᠢᠷᠦ᠂ ᠳᠦ᠋ᠦᠷᠡᠳᠦ ᠭ᠋ᠠᠪᠳᠡᠰᠣᠨ ᠤ ᠳᠦ᠋ᠮᠳᠡ ᠨᠢ 1 — 2 ᠱᠢᠷᠦ ᠶᠢ ᠭᠦᠨᠳᠡᠯᠡᠨ | ᠵᠡᠷᠭᠡᠴᠡᠬᠦᠯᠵᠦ ᠰᠡᠭᠤᠯᠭᠠᠪᠠ᠃ ᠨ᠋ᠦᠭᠡᠷᠡ ᠪᠠᠷ ᠭᠡᠯᠡᠪᠡᠯ ᠳᠡᠭᠡᠷᠡ ᠪᠠᠨ ᠤᠯᠡᠨ᠂ ᠳᠦ᠋ᠷᠦᠭ᠌ᠰᠢᠯᠡᠬᠤ ᠳᠦ᠋ᠳᠦᠮ ᠢᠶᠠᠨ ᠱᠢᠷᠦ ᠨᠢ ᠴᠦᠭᠡᠭᠡᠨ ᠪᠦ᠋ᠯᠳᠠᠭ᠃ ᠳᠡᠭᠡᠳᠦ | ᠳᠡᠯᠡ ᠶᠢᠨ ᠭ᠋ᠠᠪᠳᠡᠰᠣᠨ ᠤ ᠳᠡᠭᠡᠳᠦ ᠳᠦ᠋ᠦᠷᠨᠳᠦ ᠪᠡᠶᠡ ᠳᠤ ᠳᠡᠩᠴᠡᠬᠦᠤ ᠵᠡᠶ ᠲᠠᠢ ᠪᠠᠷ ᠭ᠋ᠤᠶᠡᠷ ᠭᠠᠷᠠᠬᠠᠨ ᠰᠡᠨᠵᠢ ᠭᠠᠩᠨᠡᠵᠡᠶ᠃ ᠳᠦ᠋ᠮᠳᠡᠭᠢ ᠭ᠋ᠠᠪᠳᠡᠰᠣᠨ ᠤ ᠭ᠋ᠤᠶᠡᠷ | ᠳᠡᠯᠡ ᠳᠤᠨᠢ ᠮᠦᠨ ᠭ᠋ᠤᠶᠡᠷ ᠭ᠋ᠤᠶᠡᠷ ᠰᠨ᠋ᠡᠵᠢ ᠭᠠᠩᠨᠡᠵᠡᠶ᠃ ᠳᠦ᠋ᠦᠷᠡᠳᠦ ᠭ᠋ᠠᠪᠳᠡᠰᠣᠨ ᠤ ᠳᠡᠭᠡᠳᠦ ᠪᠡᠶᠡ ᠳᠤᠨᠢ ᠭ᠋ᠤᠶᠡᠷ ᠰᠡᠨᠵᠢ ᠲᠠᠢ᠂ ᠳᠦ᠋ᠦᠷᠡᠳᠦ ᠪᠡᠶᠡ ᠳᠤᠨᠢ ᠨᠡ᠊ ᠵᠮᠡᠨ | ᠰᠡᠨᠵᠢ ᠲᠠᠢ᠃ ᠭᠤᠷᠪᠡᠨ ᠭ᠋ᠠᠪᠳᠡᠰᠣᠨ ᠤ ᠰᠡᠨᠵᠢ ᠨᠦᠭᠦᠳ ᠢ ᠭ᠋ᠠᠷᠢᠯᠴᠡᠨ ᠡᠮᠬᠦᠬᠦᠯᠵᠦ ᠵᠠᠭᠤᠯᠭᠠᠳᠠᠭ ᠤᠴᠢᠷ ᠠᠴᠠ ᠴᠦᠮ ᠬᠡᠯᠬᠢᠭᠳᠡᠬᠦ ᠶᠢᠨ ᠭ᠋ᠠᠮᠳᠦ | ᠭ᠋ᠤᠭᠤᠷᠦᠨᠳᠦ ᠪᠠᠨ ᠭᠦᠳᠡᠯᠦᠩᠬᠦᠶ ᠪᠦᠭᠡᠳ ᠭ᠋ᠤᠯᠪᠦᠭᠠ ᠲᠠᠢ ᠪᠦ᠋ᠯᠳᠠᠭ᠃ ᠳᠦ᠋ᠦᠷᠡᠳᠦ ᠳᠡᠯᠡ ᠶᠢᠨ ᠨᠡ᠊ ᠵᠮᠡᠨ ᠰᠡᠨᠵᠢ ᠶᠢ ᠭ᠋ᠤᠶ᠋ᠨᠷ ᠭ᠋ᠤᠶᠡᠷ ᠢᠶᠠᠷ ᠨᠢ ᠭ᠋ᠤᠯᠪᠦᠵᠦ ᠳᠦ᠋ᠰ | ᠳᠦ᠋ᠰ ᠲᠤᠨᠢ ᠤᠯᠡᠭᠠᠨ ᠳᠦ᠋ᠷᠭᠠᠨ ᠤᠳᠡᠰᠦ ᠶᠢ ᠪᠡᠷᠢᠮᠡ ᠭᠢᠷᠢᠳᠡᠶ ᠤᠷᠳᠦ ᠪᠠᠷ ᠭᠦᠷᠦᠵᠦ᠂ ᠳᠦ᠋ᠦᠷᠡᠳᠦ ᠨ᠋ᠦᠵᠦᠬᠦᠷ ᠢ ᠴᠡᠴᠦᠭ᠌ᠯᠡᠨ ᠤᠨᠵᠢᠭᠤᠯᠵᠡᠶ᠃ ᠳᠡᠭᠡᠳᠦ | ᠳᠡᠯᠡ ᠶᠢᠨ ᠳᠦᠷᠪᠡᠯᠵᠢᠨ ᠳᠠᠬᠢ ᠭ᠋ᠤᠶᠡᠷ ᠰᠡᠨᠵᠢᠨ ᠠᠴᠠ ᠤᠯᠡᠭᠠᠨ ᠳᠦ᠋ᠷᠭᠠᠨ ᠤᠳᠡᠰᠦ ᠶᠢ ᠤᠷᠳᠦ ᠭᠦᠷᠦᠵᠦ ᠪᠢᠳᠡᠬᠦᠤ ᠤᠭᠤᠰᠣᠷ ᠭᠢᠵᠦ ᠳᠡᠭᠡᠭᠰᠶ ᠨᠢ ᠳᠡᠳᠡᠵᠦ | ᠴᠡᠭᠡᠵᠢᠪᠴᠢᠨ ᠤ ᠵᠠᠭ᠋ᠠ ᠳᠤ ᠭ᠋ᠠᠳᠠᠭᠠ ᠲᠠᠢ ᠪᠠᠶᠢᠬᠤ ᠴᠡᠴᠡᠭ ᠤᠨ ᠭ᠋ᠤᠸᠡᠷ ᠠᠴᠠ ᠳᠦ᠋ᠭ᠌ᠳᠡᠭᠠᠳᠠᠭ᠃ | ᠮᠦᠩᠬᠦᠨ ᠭᠤᠦᠷᠴᠠᠭ | ᠮᠦᠩᠬᠦᠨ ᠭᠤᠦᠷᠴᠠᠭ ︵ᠰᠡᠭᠢᠭᠤᠰᠦ ᠶᠢᠨ ᠭᠤᠤᠷᠴᠠᠭ︶᠄ ᠮᠦᠩᠬᠦᠨ ᠭᠤᠦᠷᠴᠠᠭ ᠪᠦ᠋ᠯ ᠨ᠋ᠦᠨᠡᠨ ᠳᠡᠭᠡᠨ ᠪᠦ᠋ᠷᠬᠠᠨ᠂ ᠮᠡᠨᠢ ᠶᠢᠨ ᠤ᠊ ᠵᠰᠦᠭ᠂ ᠵᠡᠶ ︵ᠭᠢᠵᠢᠭ ᠢ | ᠰᠡᠷᠭᠡᠶᠢᠯᠡᠬᠦ ᠨ᠋ᠦ᠊ ᠵᠯᠡᠳᠦᠯ ᠪᠦᠬᠦᠢ ᠡᠯᠡ ᠵᠦ᠊ ᠵᠯ ᠤᠨ ᠡᠮ︶ ᠵᠡᠷᠭᠡ ᠠᠴᠠ ᠠᠯᠢ ᠨᠢᠭᠡ ᠶᠢ ᠰᠤᠩᠭᠤᠨ ᠳᠦ᠋ᠳᠦᠷᠡ ᠨᠢ ᠭᠢᠵᠦ ᠭᠦᠵᠦᠬᠦᠨ ᠠᠴᠠ ᠵᠡᠭᠦᠳᠡᠭ ᠡᠳ᠋ᠯᠡᠯ ᠶᠦ᠋ᠮ | ᠃ ᠳᠡᠭᠡᠬᠦᠯᠡᠷ ᠡᠨᠡ ᠨᠢ ᠰᠢᠳᠦᠭᠡᠨ ᠤ ᠵᠦ᠊ ᠵᠯ ᠪᠦ᠋ᠯᠬᠤ ᠪᠠᠷ ᠪᠡᠷᠡᠬᠤ ᠨ᠋ᠦᠭᠡᠶ ᠡᠩᠭᠡᠷ ᠲᠤ ᠵᠡᠭᠦᠳᠡᠭ ᠵᠡᠰᠡᠯ ᠴᠢᠮᠡᠭᠯᠨᠯ ᠤᠨ ᠨᠢᠭᠡ ᠪᠤᠯᠬᠤ ᠶᠦ᠋ᠮ᠃ ᠨᠢᠭᠡ ᠭᠤᠦᠷᠴᠠᠭ | ᠭᠢᠬᠦ ᠳᠤ ᠳᠡᠪᠦᠨ ᠯᠡᠩ ᠤᠷᠴᠢᠮ ᠮᠦᠩᠬᠦ ᠬᠡᠷᠡᠭᠯᠡᠨᠡ᠃ ᠭᠤᠦᠷᠴᠠᠭ ᠨᠢ ᠳᠦᠭᠦᠷᠢᠭ᠂ ᠳᠦᠷᠪᠡᠯᠵᠢᠨ᠂ ᠨᠡ᠊ ᠵᠮᠡᠨ ᠦᠨᠴᠦᠭ ᠲᠠᠢ ᠵᠡᠷᠭᠡ ᠤᠯᠡᠨ ᠭᠡᠯᠪᠡᠷᠢᠳᠡᠶ | ᠪᠢᠴᠢᠬᠠᠨ ᠮᠦᠩᠬᠦᠨ ᠯᠡᠵᠡ᠃ ᠳᠡᠬᠦᠨ ᠤ ᠡᠩᠭᠡᠷ ᠤᠨ ᠭᠤᠤ ᠠᠴᠠ ᠭᠤᠦᠯ ᠢᠯᠭᠠᠭᠳᠡᠬᠤ ᠭᠠᠵᠡᠷ ᠨᠢ ᠪᠦ᠋ᠯ ᠨᠢᠭᠤᠷ ᠳᠡᠯᠡ ᠳᠤᠨᠢ ᠳᠦᠪᠡᠳ ᠨ᠋ᠦᠰᠦᠭ ᠤᠨ ︽ᠤᠸ᠋ᠮ︾ | ᠭᠡᠮᠡᠬᠦ ᠨ᠋ᠦᠭᠡ ᠶᠢ ᠰᠡᠶᠢᠯᠪᠦᠷᠢᠯᠡᠨ ᠴᠦ᠋ᠭᠢᠳᠠᠭ ᠲᠤ ᠪᠠᠶᠢᠨᠡ᠃ ︽ᠤᠸ᠋ᠮ︾ ᠨ᠋ᠦᠰᠦᠭ ᠤᠨ ᠭᠠᠳᠡᠷ ᠳᠡᠯᠡ ᠪᠠᠷ ᠨᠢ ᠭᠤᠶᠦ ᠭᠡ ᠤᠭᠠᠯᠵᠡ ᠪᠠᠷ ᠴᠢᠮᠡᠭᠯᠨ᠋ᠡ | ᠭᠦᠪᠡᠭᠡᠯᠨᠳᠡᠭ᠃ ᠠᠷᠦ ᠳᠡᠯᠡ ᠨᠢ ᠭᠢᠯᠦᠭᠡᠷ᠃ ᠨᠢᠭᠤᠷ ᠪᠡ ᠠᠷᠦ ᠬᠤᠶᠠᠷ ᠭᠡᠰᠡᠭ ᠪᠠᠶᠢᠵᠦ᠂ ᠨᠡᠭᠡᠭᠡᠵᠦ ᠭ᠋ᠠᠭᠠᠵᠦ ᠪᠦ᠋ᠯᠳᠠᠭ᠃ ᠭ᠋ᠤᠭᠤᠷᠦᠨᠳᠦ ᠨᠢ ᠪᠢᠴᠢᠬᠠᠨ | ᠡᠭᠡᠷᠴᠦᠭ ᠢᠶᠠᠷ ᠭ᠋ᠤᠯᠪᠦᠳᠠᠭ᠃ ᠳᠡᠬᠦᠨ ᠤ ᠳᠡᠭᠡᠳᠦ ᠳᠡᠯᠡ ᠳᠤᠨᠢ ᠭ᠋ᠤᠦᠰ ᠮᠦᠩᠬᠦᠨ ᠰᠡᠨᠵᠢ ᠭᠠᠩᠨᠡᠵᠡᠶ᠃ ᠡᠨᠡ ᠰᠡᠨᠵᠢᠨ ᠠᠴᠠ ᠮᠦᠩᠬᠦᠨ ᠰᠦᠯᠵᠢᠮᠡᠷ ᠪᠦ᠋ᠶᠦ | ᠤᠯᠡᠭᠠᠨ ᠳᠦ᠋ᠷᠭᠠᠡ ᠤᠳᠡᠰᠦ ᠵᠡᠷᠭᠡ ᠶᠢ ᠡᠮᠬᠡᠷᠢᠳᠴᠦ ᠭᠦᠳᠡᠷᠯᠡᠭᠡᠳ ᠵᠡᠬᠦᠳᠡᠭ᠃ ᠵᠡᠷᠢᠮ ᠭᠤᠦᠷᠴᠤᠭ ᠨᠢ ᠭ᠋ᠤᠶᠡᠷ ᠭ᠋ᠠᠵᠡᠭᠤ ᠳᠠᠭᠠᠨ ᠰᠡᠨᠵᠢ ᠲᠠᠢ ᠴᠦ ᠪᠠᠶᠢᠳᠠᠭ᠃ | ᠭᠡᠷᠪᠡ ᠡᠶᠢᠮᠦ ᠪᠠᠶᠢᠬᠤ ᠳᠤ ᠭᠦᠷᠪᠡᠯ ᠭᠤᠦᠷᠴᠠᠭ ᠨᠢᠭᠡ ᠳᠡᠯᠡ ᠳᠠᠭᠠᠨ ᠡᠭᠡᠷᠴᠦᠭ ᠲᠠᠢ᠂ ᠨᠦᠬᠦᠭᠡ ᠳᠡᠯᠡ ᠳᠠᠭᠠᠨ ᠳᠡᠭᠢᠷ ᠭᠤᠭ᠋ᠠ ᠪᠡ ᠰᠡᠨᠵᠢ ᠪᠠᠷ ᠳᠦ᠋ᠭ᠌ᠳᠡᠭᠠᠳᠠᠭ᠃ | ᠭᠤᠦᠷᠴᠠᠭ ᠢ ᠭᠡᠦᠭᠡᠨ ᠭᠦᠮᠦᠨ ᠵᠡᠬᠦᠬᠦ ᠨᠢ ᠤᠯᠡᠨᠳᠡᠶ ᠪᠦ᠋ᠯᠪᠡᠴᠦ ᠠᠪᠡᠭᠠᠶᠢᠴᠦᠦᠯ ᠴᠦ ᠵᠡᠬᠦᠳᠡᠭ᠃ ᠭᠡᠬᠦ ᠳᠡᠭᠡᠨ ᠠᠪᠡᠭᠠᠶᠢᠴᠦᠦᠯ ᠠᠴᠠ ᠭᠦᠮᠦᠨ ᠤ ᠭᠠᠭᠴᠡ ᠡᠩᠬᠦᠷᠡᠶ | ᠨ᠋ᠦᠭᠢᠨ᠂ ᠨ᠋ᠦᠷᠡ ᠭᠡᠦᠭᠡᠳ ᠳᠦ᠋ᠭ᠌ᠳᠡᠬᠤ ᠮᠡᠭᠤᠳᠡᠶ ᠠᠶᠢᠯ ᠤᠨ ᠡᠭᠡᠨᠡᠷ᠂ ᠭᠦᠨᠳᠦ ᠡᠪᠡᠳᠴᠢᠨ ᠭᠦᠷᠦᠭᠰᠨ᠋ᠡ ᠡᠭᠡᠨᠡᠷ ᠵᠡᠷᠭᠡ ᠭᠦᠮᠦᠰ ᠯᠡᠮᠡ ᠶᠢᠨ ᠠᠪᠦᠷᠡᠯ ᠵ᠊ | ᠵᠭᠠᠪᠦᠷᠢ ᠪᠠᠷ ᠵᠡᠬᠦᠵᠦ ᠶᠡᠪᠦᠬᠤ ᠨᠢ ᠠᠷᠪᠢᠨ ᠪᠠᠶᠢᠯᠡ ᠭᠡᠵᠦ ᠨᠡᠰᠣᠳᠡᠶᠢᠴᠦᠦᠯ ᠭ᠋ᠠᠭᠤᠴᠢᠯᠡᠬᠤ ᠶᠦ᠋ᠮ᠃ | ᠲᠡᠷᠡ ᠶᠢᠨ ᠲᠠᠪᠣᠨ ᠴᠡᠴᠡᠭ ︵ᠳᠠᠷᠤᠭᠤᠯᠭᠠ︶ | ᠲᠡᠷᠡ ᠶᠢᠨ ᠲᠠᠪᠣᠨ ᠴᠡᠴᠡᠭ ︵ᠳᠠᠷᠤᠭᠤᠯᠭᠠ︶ ᠪᠣᠯ ᠣᠷᠤᠭ ᠬᠤᠯᠪᠣᠭᠰᠠᠨ ᠡᠷᠡ ᠡᠮᠡ ᠬᠤᠶᠠᠷ ᠤᠨ ᠬᠠᠮᠳᠣ ᠳᠠᠭᠠᠨ ᠬᠡᠷᠡᠭᠯᠡᠳᠡᠭ ᠨᠢᠭᠡ ᠪᠦᠬᠦᠯᠢ ᠲᠡᠷᠡ | ᠪᠣᠯᠣᠨᠠ᠃ ᠲᠡᠭᠦᠨ ᠤ ᠬᠠᠳᠠᠬᠤ ᠰᠠᠭᠤᠷᠢ ᠶᠢ ᠪᠦᠬᠦᠯᠢ ᠪᠦᠬᠦᠯᠢ ᠲᠠᠪᠣᠨ ᠦᠩᠭᠡ ᠶᠢᠨ ᠣᠳᠠᠰᠣ ᠪᠠᠷ ᠬᠠᠳᠠᠭᠰᠠᠨ ᠰᠠᠭᠤᠷᠢᠨ ᠲᠡᠭᠡᠷᠡ ᠨᠢ ᠲᠠᠪᠣᠨ ᠦᠩᠭᠡᠳᠣ | ᠴᠡᠴᠡᠭ ᠢ ᠲᠦᠷᠪᠡᠨ ᠲᠠᠯᠠ ᠳᠤᠨᠢ ᠨᠢᠭᠡ ᠨᠢᠭᠡ ᠬᠠᠳᠠᠬᠤ ᠪᠦᠭᠡᠳ ᠭᠤᠣᠯ ᠳᠤᠨᠢ ᠨᠢᠭᠡ ᠰᠠᠭᠤᠷᠢ ᠶᠢ ᠨᠢ ᠬᠠᠳᠠᠳᠠᠭ ᠶᠣᠰᠣᠳᠠᠢ᠃ ᠲᠡᠷᠡ ᠶᠢᠨ ᠠᠷᠣ ᠪᠡᠶᠡ ᠳᠤ | ᠮᠣᠳᠣᠨ ᠬᠠᠪᠴᠢᠭᠤᠷ ᠢᠶᠠᠷ ᠲᠠᠭᠠᠷᠠᠭᠤᠯᠵᠣ ᠲᠣᠰ ᠪᠡᠶᠡ ᠶᠢ ᠪᠠᠳᠣ ᠴᠢᠩᠭᠠ ᠪᠣᠯᠭᠠᠳᠠᠭ᠃ ᠲᠡᠷᠡ ᠶᠢᠨ ᠪᠣᠰᠣᠳ ᠪᠡᠶᠡ ᠶᠢ ᠬᠠᠷᠠ ᠪᠠᠷᠠᠭᠠᠨ ᠡᠳ᠋ ᠢᠶᠠᠷ ᠬᠢᠵᠦ᠂ | ᠲᠡᠭᠦᠨ ᠤ ᠭᠤᠣᠯ ᠳᠤᠨᠢ ᠬᠤᠶᠠᠷ ᠢᠵᠢᠯ ᠬᠤᠸᠡᠷ ᠬᠠᠳᠬᠤᠵᠣ ᠲᠠᠯᠪᠢᠳᠠᠭ ᠣᠴᠢᠷ ᠲᠠᠢ᠃ ᠡᠷᠡ ᠡᠮᠡ ᠬᠤᠶᠠᠷ ᠤᠨ ᠨᠢᠭᠡ ᠨᠢ ᠣᠷᠢᠳᠠ ᠪᠠᠷ ᠨᠠᠰᠣ ᠪᠠᠷᠠᠪᠠᠯ ᠲᠣᠰ | ᠲᠡᠷᠡ ᠶᠢ ᠭᠠᠯᠳᠠᠨ ᠰᠢᠳᠠᠭᠠᠳᠠᠭ᠃ ᠲᠡᠷᠡ ᠶᠢᠨ ᠲᠣᠳᠣᠷᠠ ᠡᠷᠡ ᠡᠮᠡ ᠬᠤᠶᠠᠷ ᠤᠨ ᠬᠠᠮᠳᠣ ᠳᠠᠭᠠᠨ ᠬᠡᠷᠡᠭᠯᠡᠳᠡᠭ ᠵᠦᠢᠯ ᠤᠳ ᠢ ᠬᠠᠳᠠᠭᠠᠯᠠᠵᠣ ᠪᠠᠶᠢᠳᠠᠭ ᠶᠣᠮ᠃ | |