ᠠᠯᠳᠠᠷ ᠵᠢᠳᠬᠦᠯ ᠲᠠᠢ ᠡᠬᠡ ᠪᠠᠷᠢᠭᠴᠢ ᠶᠢᠨ ᠤᠯᠠ ᠮᠥᠷ ᠠᠷᠢᠭᠤᠨ ᠰᠠᠬᠢᠯ ᠲᠠᠢ ᠠᠭᠰᠢᠷᠠᠭ᠎ᠠ ᠪᠤᠭᠤᠷᠤᠯ ᠤᠨ ᠳᠠᠭᠤᠯᠠᠯ
ᠨᠡᠶᠢᠲᠡᠯᠡᠭᠰᠡᠨ ᠴᠠᠭ᠄
2024/11/5
     — ᠣᠳᠬᠠᠨᠴᠡᠴᠡᠭ ᠨᠠᠰᠤᠲᠠᠨ ᠢ ᠲᠡᠮᠳᠡᠭᠯᠡᠪᠡ ᠬᠦᠬᠡᠳᠠᠪᠠᠯᠭᠠᠨ ᠠᠭᠤᠯᠠ ᠨᠢᠷᠤᠭᠤᠳ ᠨᠢ ᠦᠶᠡᠯᠵᠡᠨ ᠰᠡᠬᠦ᠋ᠢᠵᠣ᠂ ᠤᠰᠤ ᠭᠤᠣᠯ ᠨᠢ ᠤᠶᠠᠩᠭ᠎ᠠ ᠲᠠᠢ ᠴᠢᠳᠬᠤᠯᠠᠭᠰᠠᠨ᠂ ᠬᠥᠮᠥᠨ ᠠᠷᠠᠳ ᠨᠢ ᠬᠦᠰᠡᠯ ᠵᠢᠪᠬᠤᠭ᠎ᠠ ᠲᠠᠢ᠂ ᠬᠥᠷᠥᠰᠥ ᠰᠢᠷᠣᠢ ᠨᠢ ᠥᠩ ᠰᠢᠮᠡᠯᠢᠭ᠂ ᠠᠩᠬ᠎ᠠ ᠬᠦᠷᠴᠦ ᠪᠠᠶᠢᠭ᠎ᠠ ᠬᠥᠮᠥᠨ ᠳᠤ ᠠᠷᠰᠢ ᠬᠤᠪᠢᠯᠭᠠᠨ ᠰᠠᠭᠠᠲᠠᠭᠰᠠᠨ ᠠᠵᠠᠲᠠᠢ ᠣᠷᠣᠨ ᠮᠡᠲᠦ ᠭᠠᠩᠭᠠᠩ ᠰᠠᠶᠢᠬᠠᠨ ᠲᠥᠷᠥᠭᠳᠡᠳᠡᠭ ᠡᠨᠡᠬᠦ ᠠᠭᠤᠯᠠᠨ ᠲᠣᠰᠬᠤᠨ ᠤ ᠭᠦᠨ ᠳᠤ ᠨᠢᠭᠡᠨ ᠬᠠᠰᠢᠷ ᠡᠬᠡ ᠪᠠᠷᠢᠭᠴᠢ ᠪᠠᠶᠢᠳᠠᠭ᠂ ᠲᠡᠭᠦᠨ ᠤ ᠤᠤᠯ ᠨᠡᠷ᠎ᠡ ᠶᠢ ᠣᠳᠣ ᠮᠡᠳᠡᠬᠦ ᠬᠥᠮᠥᠨ ᠴᠦᠬᠡᠨ ᠪᠣᠯᠣᠭᠰᠠᠨ ᠴᠤ ᠮᠠᠭᠠᠳ ᠦᠭᠡᠢ᠂ ᠭᠡᠪᠡᠴᠦ ᠲᠡᠭᠦᠨ ᠤ ᠲᠤᠭᠤᠯᠵᠤ ᠶᠠᠪᠤᠭᠰᠠᠨ ᠵᠠᠮ ᠮᠥᠷ᠂ ᠰᠢᠭᠤᠳᠴᠤ ᠬᠢᠭᠰᠡᠨ ᠦᠢᠯᠡᠰ ᠨᠢ ᠬᠠᠷᠢᠨ ᠬᠢᠵᠠᠭᠠᠯᠠᠰᠢ ᠦᠭᠡᠢ ᠡᠷᠬᠢᠮ ᠳᠡᠭᠡᠳᠦ ᠠᠭᠤᠤ ᠶᠡᠭᠡ ᠶᠤᠮ᠃ ᠲᠡᠷᠡ ᠪᠣᠯ ᠰᠢᠨ᠎ᠡ ᠠᠮᠢ ᠨᠠᠰᠤᠨ ᠤ ᠬᠠᠮᠠᠭᠠᠯᠠᠭᠴᠢ᠂ ᠬᠦᠰᠡᠯ ᠡᠷᠡᠮᠡᠯᠵᠡᠯ ᠤᠨ ᠨᠠᠷᠠ ᠶᠢ ᠡᠷᠭᠦᠨ ᠤᠭᠲᠤᠭᠴᠢ ᠶᠤᠮ᠃ ᠲᠡᠭᠦᠨ ᠢ ᠮᠡᠳᠡᠵᠦ ᠣᠶᠢᠯᠠᠭᠠᠬᠤ ᠬᠥᠮᠥᠰ ︽ᠡᠬᠡ ᠪᠠᠷᠢᠭᠴᠢ︾᠂ ︽ᠬᠦᠢᠰᠦ ᠡᠵᠢ︾᠂ ︽ᠬᠦᠢᠰᠦ ᠡᠮᠡᠭᠡ︾ ᠭᠡᠬᠦᠴᠢᠯᠡᠨ ᠬᠦᠨᠳᠦᠳᠭᠡᠨ ᠳᠠᠭᠤᠳᠠᠳᠠᠭ᠃     ᠬᠡᠳᠦᠨ ᠰᠠᠷ᠎ᠠ ᠶᠢᠨ ᠡᠮᠦᠨ᠎ᠡ᠂ ᠨᠢᠭᠡ ᠤᠳᠠᠭ᠎ᠠ ᠶᠢᠨ ᠠᠷᠠᠳ ᠤᠨ ᠰᠣᠶᠣᠯ ᠤᠷᠠᠯᠢᠭ ᠤᠨ ᠠᠵᠢᠯᠯᠠᠭᠠᠨ ᠳᠤ ᠣᠷᠣᠯᠴᠠᠭᠠᠳ ᠨᠢᠭᠡᠨ ᠠᠬᠠᠮᠠᠳ ᠺᠠᠳ᠋ᠷ ᠲᠠᠢ ᠤᠴᠠᠷᠠᠨ ᠵᠣᠭᠤᠭᠳᠠᠬᠤ ᠳᠤᠮᠳᠠ᠂ ︽ᠬᠥᠮᠥᠨ ᠵᠠᠯᠠᠭᠤ ᠬᠠᠯᠠᠭᠤᠨ ᠨᠠᠰᠤᠨ ᠳᠠᠭᠠᠨ ᠭᠢᠯᠠᠷᠠᠭᠤᠯᠵᠤ ᠶᠠᠪᠤᠬᠤ ᠨᠢ ᠲᠡᠶᠢᠮᠦ ᠬᠦᠴᠢᠷ ᠪᠢᠰᠢ᠂ ᠥᠲᠡᠯᠦᠭᠡ ᠨᠠᠰᠤᠨ ᠳᠠᠭᠠᠨ ᠬᠥᠷᠥᠭᠡᠳ ᠬᠦᠰᠡᠯ ᠵᠣᠷᠢᠭ ᠢᠶᠠᠨ ᠲᠠᠶᠠᠭᠳᠠᠬᠤ ᠦᠭᠡᠢ᠂ ᠠᠷᠢᠭᠤᠨ ᠰᠡᠳᠬᠢᠯ ᠢᠶᠠᠨ ᠰᠠᠬᠢᠵᠤ᠂ ᠠᠴᠢᠷ ᠦᠷ᠎ᠡ ᠳᠡᠭᠡᠨ ᠥᠮᠥᠭ ᠲᠦᠰᠢᠭ ᠪᠣᠯᠵᠤ ᠡᠭᠦᠷᠭᠡ ᠳᠠᠷᠤᠭᠠᠰᠤ ᠪᠣᠯᠬᠤ ᠦᠭᠡᠢ᠂ ᠥᠪ ᠰᠣᠶᠣᠯ ᠢᠶᠠᠨ ᠤᠯᠠᠮᠵᠢᠯᠠᠵᠤ ᠶᠠᠪᠤᠬᠤ ᠨᠢ ᠨᠡᠩ ᠡᠷᠬᠢᠮ ᠨᠠᠨᠳᠢᠨ ᠶᠤᠮ᠃ ᠮᠢᠨᠤ ᠰᠠᠶᠢᠨ ᠲᠠᠨᠢᠳᠠᠭ ᠬᠥᠳᠡᠭᠡ ᠨᠤᠲᠤᠭ ᠤᠨ ᠡᠬᠡ ᠪᠠᠷᠢᠭᠴᠢ ᠶᠠᠪᠤᠭᠰᠠᠨ᠂ ᠠᠷᠠᠳ ᠤᠨ ᠳᠠᠭᠤᠤ ᠶᠢ ᠠᠷᠪᠢᠨ ᠳᠠᠭᠤᠯᠠᠵᠤ ᠴᠡᠭᠡᠵᠢᠯᠡᠳᠡᠭ ᠣᠳᠬᠠᠨᠴᠡᠴᠡᠭ ᠪᠣᠯ ᠶᠣᠰᠣᠲᠠᠢ ᠮᠠᠨ ᠤ ᠨᠠᠰᠤᠲᠠᠶᠢᠴᠤᠤᠯ ᠤᠨ ᠳᠣᠲᠣᠷᠠᠬᠢ ᠳᠠᠭᠤᠷᠢᠶᠠᠯ ᠤᠨ ᠨᠢᠭᠡ ᠪᠣᠯᠵᠤ ᠪᠣᠯᠣᠨ᠎ᠠ ᠰᠢᠤ︕︾ ᠭᠡᠰᠡᠨ ᠢ ᠴᠡᠭᠡᠵᠢᠯᠡᠵᠦ᠂ ᠬᠡᠵᠢᠶ᠎ᠡ ᠨᠢᠭᠡᠨ ᠡᠳᠦᠷ ᠲᠡᠷᠡ ᠨᠠᠰᠤᠲᠠᠨ ᠲᠠᠢ ᠠᠭᠤᠯᠵᠠᠵᠤ ᠶᠠᠷᠢᠯᠴᠠᠬᠤ ᠶᠤᠮ ᠳ᠋ᠠ ᠭᠡᠰᠡᠨ ᠪᠣᠳᠣᠯ ᠣᠷᠣᠪᠠ᠃ ᠲᠡᠭᠡᠭᠡᠳ ᠪᠢ ᠡᠨᠡ ᠵᠢᠯ ᠤᠨ ᠠᠷᠭ᠎ᠠ ᠶᠢᠨ ᠲᠠᠪᠤᠨ ᠰᠠᠷ᠎ᠠ ᠶᠢᠨ ᠡᠬᠢᠨ ᠤ ᠡᠭᠡᠯᠢᠲᠡᠢ ᠰᠠᠶᠢᠬᠠᠨ ᠡᠳᠦᠷ᠂ ︽ᠵᠢᠷᠭᠠᠯ ᠤᠨ ᠵᠠᠮ ᠳᠠᠭᠠᠨ ᠪᠣᠯᠵᠣᠵᠤ᠂ ᠬᠤᠷᠴᠠ ᠤᠯᠠᠭᠠᠨ ᠴᠡᠴᠡᠭ ᠰᠣᠨᠢᠷᠬᠠᠬᠤ︾ ᠵᠢᠷᠭᠠᠯ ᠤᠨ ᠵᠠᠮ ᠰᠤᠮᠤ ᠶᠢᠨ ᠲᠠᠪᠤᠳᠤᠭᠠᠷ ᠬᠤᠭᠤᠴᠠᠭᠠᠨ ᠤ ᠬᠤᠷᠴᠠ ᠤᠯᠠᠭᠠᠨ ᠴᠡᠴᠡᠭ ᠤᠨ ᠨᠠᠶᠢᠷ ᠡᠬᠢᠯᠡᠬᠦ ᠳᠠᠯᠢᠮ ᠢᠶᠠᠷ ᠪᠠᠭᠠᠷᠢᠨ ᠪᠠᠷᠠᠭᠤᠨ ᠬᠤᠰᠢᠭᠤᠨ ᠤ ᠪᠠᠨ ᠵᠢᠷᠭᠠᠯ ᠤᠨ ᠵᠠᠮ ᠰᠤᠮᠤ ᠶᠢᠨ ᠬᠤᠲᠠ ᠠᠶᠢᠯ ᠭᠠᠴᠠᠭ᠎ᠠ ᠶᠢ ᠵᠣᠷᠢᠵᠤ᠂ ᠣᠳᠬᠠᠨᠴᠡᠴᠡᠭ ᠨᠠᠰᠤᠲᠠᠨ  ᠲᠠᠢ ᠮᠡᠨᠳᠦᠴᠢᠯᠡᠨ ᠵᠣᠯᠭᠠᠵᠤ ᠪᠢᠯᠡ᠃ ᠠᠭᠤᠵᠢᠮ ᠬᠦᠷᠢᠶ᠎ᠡ ᠲᠠᠢ ᠴᠡᠪᠡᠷ ᠰᠠᠷᠠᠭᠤᠯ ᠭᠡᠷ ᠡᠷᠦᠭᠡ ᠳᠡᠭᠡᠨ ᠣᠳᠬᠠᠨᠴᠡᠴᠡᠭ ᠨᠠᠰᠤᠲᠠᠨ ᠡᠪᠦᠭᠡᠨ ᠬᠠᠰᠴᠢᠯᠠᠭᠤ ᠲᠠᠢ ᠬᠤᠶᠠᠭᠤᠯᠠᠬᠠᠨ ᠢᠶᠠᠨ ᠰᠠᠭᠤᠵᠤ ᠪᠠᠶᠢᠨ᠎ᠠ᠃ ᠣᠳᠬᠠᠨᠴᠡᠴᠡᠭ ᠨᠠᠰᠤᠲᠠᠨ ᠴᠠᠭᠠᠭᠴᠢᠨ ᠲᠠᠤᠯᠠᠢ ᠵᠢᠯ ᠲᠠᠢ᠂ ᠡᠨᠡ ᠵᠢᠯ ᠳᠠᠯᠠᠨ ᠳᠥᠷᠪᠡᠨ ᠨᠠᠰᠤᠲᠠᠢ︔ ᠬᠠᠨᠢ ᠨᠥᠬᠦᠷ ᠨᠢ ᠬᠠᠰᠴᠢᠯᠠᠭᠤ ᠬᠥᠬᠡ ᠪᠡᠴᠢ ᠵᠢᠯ ᠲᠠᠢ᠂ ᠡᠨᠡ ᠵᠢᠯ ᠨᠠᠶᠠᠨ ᠨᠢᠭᠡᠨ ᠨᠠᠰᠤᠲᠠᠢ᠃ ᠬᠠᠰᠴᠢᠯᠠᠭᠤ ᠡᠷ᠎ᠡ ᠶᠢᠨ ᠵᠡᠷᠭᠡ ᠳᠤ ᠬᠥᠷᠥᠭᠡᠳ ᠠᠷᠠᠳ ᠤᠨ ᠴᠡᠷᠢᠭ ᠤᠨ ᠠᠯᠪᠠ ᠬᠠᠭᠠᠵᠤ᠂ ᠮᠤᠨᠢ ᠠᠭᠤᠯᠠᠨ ᠳᠤ 6 ᠵᠢᠯ ᠰᠠᠭᠤᠵᠤ ᠡᠬᠡ ᠤᠯᠤᠰ ᠤᠨ ᠠᠯᠲᠠᠨ ᠬᠢᠯᠢ ᠶᠢ ᠰᠠᠬᠢᠵᠤ᠂ ᠴᠡᠷᠢᠭ ᠠᠴᠠ ᠬᠠᠯᠠᠭᠳᠠᠭᠠᠳ ᠤᠯᠠᠭᠠᠨᠬᠠᠳᠠ ᠬᠤᠲᠠ ᠶᠢᠨ ᠶᠤᠸᠠᠨ ᠪᠣᠣ ᠱᠠᠨ ᠤ ᠫᠢᠩᠵᠣᠸᠠᠩ ᠨᠡᠭᠦᠷᠡᠰᠦᠨ ᠠᠭᠤᠷᠬᠠᠢ ᠳᠤ ᠠᠵᠢᠯ ᠬᠤᠪᠢᠶᠠᠭᠳᠠᠵᠤ᠂ ᠰᠡᠭᠦᠯᠡᠷ ᠨᠢ ᠪᠠᠭᠠᠷᠢᠨ ᠪᠠᠷᠠᠭᠤᠨ ᠬᠤᠰᠢᠭᠤᠨ ᠤ ᠲᠠᠪᠤᠨᠬᠤᠸᠠ ᠨᠡᠭᠦᠷᠡᠰᠦᠨ ᠠᠭᠤᠷᠬᠠᠢ ᠳᠤ ᠰᠢᠯᠵᠢᠨ ᠢᠷᠡᠵᠦ ᠠᠵᠢᠯᠯᠠᠪᠠ᠃ 1977 ᠣᠨ ᠳᠤ᠂ ᠨᠡᠭᠦᠷᠡᠰᠦᠨ ᠬᠤᠳᠳᠤᠭ ᠲᠤ ᠣᠷᠣᠵᠤ ᠳᠡᠯᠪᠡᠴᠢᠬᠦ ᠳᠠᠷᠢ ᠲᠠᠯᠪᠢᠵᠤ ᠪᠠᠶᠢᠬᠤ ᠳᠤ ᠨᠢ ᠴᠥᠷᠬᠡᠯᠡᠭᠡ ᠲᠡᠷᠭᠡ ᠳᠦᠷᠢᠮ ᠠᠴᠠ ᠵᠥᠷᠢᠴᠡᠨ ᠣᠷᠣᠵᠤ ᠢᠷᠡᠭᠡᠳ ᠭᠠᠷᠬᠤ ᠵᠠᠮ ᠢ ᠨᠢ ᠬᠠᠰᠢᠵᠤ ᠠᠭᠤᠷᠬᠠᠢ ᠶᠢᠨ ᠠᠳᠡᠯ ᠭᠠᠷᠤᠭᠰᠠᠨ ᠳᠤ᠂ ᠲᠠᠪᠤᠨ ᠬᠠᠪᠢᠷᠭ᠎ᠠ ᠪᠠᠨ ᠬᠤᠭᠤᠯᠵᠤ ᠵᠡᠮᠳᠡᠭ ᠪᠣᠯᠵᠤ᠂ ᠨᠠᠮ ᠵᠠᠰᠠᠭ ᠤᠨ ᠬᠠᠯᠠᠮᠵᠢᠯᠠᠯ ᠢᠶᠠᠷ ᠬᠤᠰᠢᠭᠤᠨ ᠤ ᠮᠦᠽᠧᠢ ᠳᠤ ᠰᠢᠯᠵᠢᠨ᠂ ᠠᠵᠢᠯ ᠠᠴᠠ ᠠᠮᠠᠷᠠᠬᠤ ᠪᠣᠯᠲᠠᠯ᠎ᠠ ᠡᠭᠦᠳᠡᠨ ᠮᠠᠨᠠᠭ᠎ᠠ ᠬᠢᠵᠡᠢ᠃ ᠲᠠᠪᠤᠨ ᠵᠢᠯ ᠤᠨ ᠡᠮᠦᠨ᠎ᠡ᠂ ᠬᠠᠰᠴᠢᠯᠠᠭᠤ ᠨᠠᠰᠤᠲᠠᠨ ᠤ ᠲᠠᠷᠢᠬᠢᠨ ᠳᠤᠨᠢ ᠴᠢᠰᠤ ᠬᠠᠷᠪᠤᠵᠤ ᠰᠠ ᠡᠪᠡᠳᠴᠢᠨ ᠲᠣᠭᠲᠠᠭᠠᠳ ᠡᠳᠦᠭᠡ ᠪᠤᠯᠲᠠᠯ᠎ᠠ ᠡᠮ ᠳᠠᠩ ᠪᠠᠶᠢᠩᠭᠤ ᠤᠤᠭᠤᠵᠤ᠂ ᠪᠠᠰᠠ ᠬᠢᠮᠤᠷᠠᠭ᠎ᠠ ᠲᠠᠭᠰᠢᠭᠤᠷ ᠲᠠᠭᠠᠷᠠᠭᠠᠳ ᠪᠠᠶᠢᠨ ᠳᠠᠬᠢᠨ ᠡᠮᠨᠡᠯᠭᠡ ᠳᠤ ᠰᠠᠭᠤᠬᠤ᠂ ᠠᠬᠠᠳᠠᠪᠠᠯ ᠥᠪᠡᠷ ᠤᠨ ᠪᠡᠶ᠎ᠡ ᠳᠡᠭᠡᠨ ᠵᠥᠪ ᠦᠭᠡᠢ ᠪᠣᠯᠵᠤ᠂ ᠣᠳᠬᠠᠨᠴᠡᠴᠡᠭ ᠨᠠᠰᠤᠲᠠᠨ ᠬᠡᠳᠦ᠋ᠢᠪᠡᠷ ᠳᠠᠯᠠ ᠶᠢᠨ ᠥᠨᠳᠥᠷ ᠨᠠᠰᠤ ᠶᠢ ᠳᠠᠪᠠᠭᠰᠠᠨ ᠪᠣᠯᠪᠠᠴᠤ ᠬᠢᠷᠢ ᠪᠠᠷ ᠢᠶᠠᠨ ᠴᠢᠷᠮᠠᠶᠢᠵᠤ᠂ ᠤᠤᠭᠤᠵᠤ ᠢᠳᠡᠬᠦ ᠶᠢ ᠨᠢ ᠬᠠᠯᠠᠭᠤᠨ ᠪᠦᠯᠢᠶᠡᠨ ᠪᠣᠯᠭᠤᠭᠠᠵᠤ᠂ ᠡᠮ ᠳᠠᠩ ᠢ ᠨᠢ ᠣᠶᠢᠷᠠᠲᠤᠭᠤᠯᠵᠤ᠂ ᠥᠳᠬᠡᠨ ᠰᠢᠩᠭᠡᠨ ᠮᠥᠷ ᠦᠵᠡᠬᠦ ᠳᠤ ᠨᠢ ᠳᠡᠳᠭᠦᠵᠣ᠂ ᠬᠤᠪᠴᠠᠰᠤ ᠬᠤᠨᠠᠷ ᠢ ᠨᠢ ᠤᠬᠢᠶᠠᠵᠤ ᠴᠡᠪᠡᠷᠯᠡᠭᠡᠳ᠂ ᠪᠠᠰᠠ ᠰᠥᠨᠢ ᠳᠡᠭᠡᠨ ᠳᠥᠷᠪᠡ ᠲᠠᠪᠤ ᠤᠳᠠᠭ᠎ᠠ ᠪᠣᠰᠣᠨ᠎ᠠ᠃ ︽ᠲᠡᠭᠡᠪᠡᠴᠦ ᠪᠠᠰᠠ ᠭᠠᠶᠢᠭᠤᠢ᠂ ᠡᠪᠦᠯ ᠪᠣᠯᠵᠤ ᠬᠦᠢᠲᠡᠷᠡᠭᠰᠡᠭᠡᠷ ᠬᠤᠰᠢᠭᠤᠨ ᠲᠥᠪ ᠲᠤ ᠬᠡᠦᠬᠡᠳ ᠤᠨ ᠳᠤᠯᠠᠭᠠᠨ ᠪᠦᠯᠢᠶᠡᠨ ᠠᠰᠠᠷ ᠳᠡᠭᠡᠷ᠎ᠡ ᠣᠴᠢᠭᠠᠳ ᠡᠪᠦᠯᠵᠢᠴᠢᠬᠡᠨ᠎ᠡ︾ ᠭᠡᠵᠦ ᠣᠳᠬᠠᠨᠴᠡᠴᠡᠭ ᠨᠠᠰᠤᠲᠠᠨ ᠬᠤᠨᠢᠶᠠᠰᠤ ᠳᠦᠭᠦᠷᠦᠭᠰᠡᠨ ᠴᠢᠷᠠᠢ ᠳᠡᠭᠡᠷ᠎ᠡ ᠪᠠᠨ ᠢᠨᠢᠶᠡᠳᠦ ᠲᠣᠳᠣᠷᠠᠭᠤᠯᠵᠤ ᠶᠠᠷᠢᠨ᠎ᠠ᠃      ᠵᠣᠨ ᠤ ᠴᠡᠴᠡᠭ ᠰᠢᠭ ᠭᠠᠩᠭᠠᠨ ᠰᠠᠶᠢᠬᠠᠨ ᠠᠷᠪᠠ ᠶᠢᠰᠦᠨ ᠨᠠᠰᠤᠲᠠᠢ ᠳᠠᠭᠠᠨ᠂ ᠣᠳᠬᠠᠨᠴᠡᠴᠡᠭ ᠬᠠᠶᠢᠯᠠᠰᠤᠨ ᠠᠮᠠ ᠶᠢᠨ ᠠᠶᠢᠯ ᠠᠴᠠ ᠬᠤᠲᠠ ᠠᠶᠢᠯ ᠳᠤ ᠪᠠᠷᠢ ᠪᠣᠯᠣᠨ ᠮᠣᠷᠳᠠᠵᠤ ᠢᠷᠡᠭᠡᠳ ᠣᠳᠣ ᠨᠢᠭᠡᠨᠲᠡ ᠪᠦᠬᠦᠯᠢ ᠲᠠᠪᠢᠨ ᠲᠠᠪᠤᠨ ᠬᠠᠪᠤᠷ ᠨᠠᠮᠤᠷ ᠢ ᠤᠭᠲᠤᠨ ᠦᠳᠡᠵᠦ ᠪᠠᠶᠢᠨ᠎ᠠ᠃ ᠨᠠᠰᠤᠲᠠᠨ ᠤ ᠬᠡᠯᠡᠬᠦ ᠪᠠᠷ᠄ ︽ᠬᠤᠪᠢ ᠲᠠᠪᠢᠯᠠᠩ ᠭᠡᠬᠦ ᠦᠦ᠂ ᠵᠠᠷᠢᠮ ᠳᠠᠭᠠᠨ ᠡᠪᠡᠳᠴᠢᠨ ᠤ ᠡᠷᠬᠡ ᠪᠠᠷ ᠨᠠᠮ᠎ᠠ ᠶᠢ ᠠᠭᠤᠷᠯᠠᠵᠤ ᠵᠠᠩᠨᠠᠵᠤ ᠪᠠᠶᠢᠪᠠᠴᠤ ᠶᠠᠭᠠᠬᠢᠨ᠎ᠠ᠂ ︿ᠡᠭᠦᠳᠡᠨ ᠰᠢᠳᠦ ᠪᠠᠨ ᠤᠨᠠᠲᠠᠯ᠎ᠠ᠂ ᠦᠰᠦ ᠭᠡᠵᠢᠭᠡ ᠪᠠᠨ ᠴᠠᠶᠢᠲᠠᠯ᠎ᠠ﹀ ᠬᠠᠮᠲᠤ ᠠᠮᠢᠳᠤᠷᠠᠬᠤ ᠪᠠᠷᠢᠯᠳᠤᠯᠭ᠎ᠠ ᠲᠠᠢ ᠶᠤᠮ ᠴᠢᠨᠢ᠂ ᠪᠠᠰᠠ ᠵᠠᠯᠠᠭᠤ ᠢᠳᠡᠷ ᠨᠠᠰᠤᠨ ᠳᠠᠭᠠᠨ ᠪᠢ ᠭᠠᠴᠠᠭ᠎ᠠ ᠳᠤᠭᠤᠶᠢᠯᠠᠩ ᠤᠨ ᠠᠯᠪᠠ ᠲᠤᠰᠢᠶᠠᠯ ᠡᠭᠦᠷᠭᠡᠯᠡᠵᠦ ᠶᠠᠪᠤᠭᠠᠳ ᠭᠡᠷ ᠡᠷᠦᠬᠡ ᠪᠠᠨ ᠣᠯᠠᠨ ᠬᠠᠶᠠᠵᠤ᠂ ᠬᠠᠨᠢ ᠨᠥᠬᠦᠷ ᠪᠣᠯᠣᠨ ᠬᠡᠦᠬᠡᠳ ᠲᠡᠭᠡᠨ ᠬᠠᠯᠠᠮᠵᠢ ᠬᠠᠶᠢᠷ᠎ᠠ ᠪᠠᠨ ᠭᠦᠢᠴᠡᠳ ᠥᠭᠴᠦ ᠴᠢᠳᠠᠭᠰᠠᠨ ᠦᠭᠡᠢ ᠶᠤᠮ᠃ ᠪᠢ ᠨᠥᠬᠦᠷ ᠢᠶᠠᠨ ᠰᠠᠶᠢᠬᠠᠨ ᠠᠰᠠᠷᠠᠬᠤ ᠯᠠ ᠶᠣᠰᠣᠲᠠᠢ︾ ᠭᠡᠨ᠎ᠡ᠃ ᠣᠳᠬᠠᠨᠴᠡᠴᠡᠭ᠂ ᠬᠠᠰᠴᠢᠯᠠᠭᠤ ᠬᠤᠶᠠᠭᠤᠯᠠ ᠠᠴᠠ ᠨᠢᠭᠡ ᠬᠡᠦᠬᠡᠨ ᠬᠤᠶᠠᠷ ᠬᠥᠪᠡᠭᠦᠨ ᠲᠠᠢ᠂ ᠲᠡᠳᠡ ᠬᠤᠶᠠᠭᠤᠯᠠ ᠬᠡᠳᠦ᠋ᠢᠪᠡᠷ ᠥᠪᠡᠷ ᠤᠨ ᠪᠡᠶ᠎ᠡ ᠨᠢ ᠴᠠᠭ ᠦᠶ᠎ᠡ ᠨᠡᠶᠢᠭᠡᠮ ᠤᠨ ᠨᠥᠬᠦᠴᠡᠯ ᠠᠴᠠ ᠪᠣᠯᠵᠤ ᠪᠢᠴᠢᠭ ᠰᠣᠶᠣᠯ ᠳᠡᠮᠡᠢ ᠬᠦᠷᠲᠡᠭᠰᠡᠨ ᠦᠭᠡᠢ ᠪᠣᠯᠪᠠᠴᠤ ᠠᠮᠢᠨ ᠭᠤᠷᠪᠠᠨ ᠦᠷ᠎ᠡ ᠪᠠᠨ ᠰᠤᠷᠭᠠᠭᠤᠯᠢ ᠰᠣᠶᠣᠯ ᠤᠨ ᠮᠥᠷ ᠬᠥᠭᠡᠭᠡᠯᠭᠡᠵᠦ᠂ ᠭᠠᠷ ᠢ ᠨᠢ ᠭᠠᠨᠵᠤᠭᠠᠨ ᠳᠤ ᠬᠥᠯ ᠢ ᠨᠢ ᠳᠥᠷᠥᠭᠡᠨ ᠳᠤ ᠬᠦᠷᠭᠡᠭᠡᠳ᠂ ᠬᠡᠦᠬᠡᠳ ᠨᠢ ᠴᠥᠮ ᠠᠶᠢᠯ ᠭᠡᠷ ᠠᠳᠠᠯ ᠦᠢᠯᠡᠰ ᠪᠣᠰᠬᠠᠭᠰᠠᠨ ᠬᠡᠴᠢᠶᠡᠯᠢ ᠨᠠᠰᠤᠨ ᠳᠤ ᠬᠦᠷᠴᠦ ᠥᠩᠭᠡ ᠥᠭᠡᠳᠡ ᠲᠠᠢ ᠥᠯᠵᠡᠢ ᠬᠡᠶᠢᠮᠣᠷᠢ ᠲᠠᠢ ᠠᠵᠤ ᠳᠦᠷᠦᠵᠦ᠂ ᠶᠡᠭᠡ ᠬᠥᠪᠡᠭᠦᠨ ᠨᠢ ᠬᠤᠰᠢᠭᠤᠨ ᠲᠥᠪ ᠲᠡᠭᠡᠨ ᠣᠰᠣᠨ ᠳᠤᠯᠠᠭᠠᠯᠠᠭ᠎ᠠ ᠶᠢᠨ ᠦᠢᠯᠡᠰ ᠡᠷᠬᠢᠯᠡᠵᠦ᠂ ᠪᠠᠭ᠎ᠠ ᠬᠥᠪᠡᠭᠦᠨ ᠨᠢ ᠪᠤᠭᠤᠲᠤ ᠬᠤᠲᠠ ᠶᠢᠨ ᠲᠠᠮᠢᠷ ᠤᠨ ᠰᠤᠷᠭᠠᠭᠤᠯᠢ ᠶᠢᠨ ᠨᠢᠭᠡᠳᠦᠭᠡᠷ ᠶᠡᠭᠡ ᠠᠩᠭᠢ ᠶᠢᠨ ᠴᠢᠯᠦᠭᠡᠲᠦ ᠪᠥᠬᠡ ᠶᠢᠨ ᠰᠤᠷᠭᠠᠭᠴᠢ ᠪᠠᠷ ᠠᠵᠢᠯᠯᠠᠵᠤ ᠪᠣᠢ᠃ ᠣᠳᠬᠠᠨᠴᠡᠴᠡᠭ ᠨᠠᠰᠤᠲᠠᠨ ︽ᠬᠡᠦᠬᠡᠳ ᠦᠷ᠎ᠡ ᠳᠡᠭᠡᠨ ᠲᠤᠰᠠ ᠪᠣᠯᠬᠤ ᠦᠭᠡᠢ ᠳᠤ ᠳᠠᠷᠤᠭᠠᠰᠤ ᠪᠤᠤ ᠪᠣᠯᠣᠶᠤ︾ ᠬᠡᠮᠡᠨ ᠲᠡᠳᠡᠨ ᠤ ᠪᠠᠨ ᠠᠵᠢᠯ ᠠᠮᠢᠳᠤᠷᠠᠯ ᠳᠤ ᠠᠯᠢ ᠴᠢᠳᠠᠬᠤ ᠪᠠᠷ ᠰᠠᠭᠠᠳ ᠤᠴᠠᠷᠠᠭᠤᠯᠬᠤ ᠦᠭᠡᠢ ᠭᠡᠵᠦ ᠪᠠᠷᠤᠭᠲᠠᠢ ᠳᠤ ᠥᠪᠡᠷ ᠤᠨ ᠬᠦᠴᠢᠷ ᠵᠣᠪᠠᠭᠤᠷᠢ ᠪᠠᠨ ᠬᠡᠦᠬᠡᠳ ᠲᠡᠭᠡᠨ ᠬᠡᠯᠡᠳᠡᠭ ᠦᠭᠡᠢ ᠶᠤᠮ ᠭᠡᠨ᠎ᠡ᠃ ᠣᠳᠬᠠᠨᠴᠡᠴᠡᠭ ᠪᠣᠯ ᠨᠢᠭᠡᠨ ᠡᠭᠡᠯ ᠵᠢᠷ ᠤᠨ ᠬᠥᠳᠡᠭᠡ ᠶᠢᠨ ᠮᠠᠯᠴᠢᠨ ᠪᠦᠰᠡᠭᠦᠢ᠂ ᠭᠡᠪᠡᠴᠦ ᠲᠡᠷᠡ ᠥᠪᠡᠷ ᠤᠨ ᠬᠤᠶᠠᠷ ᠭᠠᠷ᠂ ᠬᠠᠶᠢᠷ᠎ᠠ ᠢᠯᠴᠢ ᠪᠠᠷ ᠢᠶᠠᠨ ᠵᠢᠷ ᠤᠨ ᠪᠤᠰᠤ ᠬᠥᠮᠥᠨ ᠤ ᠠᠮᠢᠳᠤᠷᠠᠯ ᠤᠨ ᠵᠢᠪᠬᠤᠯᠠᠩᠲᠠᠢ ᠬᠠᠭᠤᠳᠠᠰᠤ ᠶᠢ ᠪᠢᠴᠢᠭᠯᠡᠵᠦ ᠶᠠᠪᠤᠪᠠ᠃ ᠲᠡᠷᠡ ᠪᠣᠯ ᠠᠩᠭ᠎ᠠ ᠨᠢᠯᠬ᠎ᠠ ᠶᠢᠨ ᠠᠮᠢ ᠨᠠᠰᠤᠨ ᠤ ᠰᠠᠬᠢᠨ ᠬᠠᠮᠠᠭᠠᠯᠠᠭᠴᠢ᠂ ᠠᠬᠢᠬᠤ ᠡᠳᠦᠷ ᠤᠨ ᠬᠦᠰᠡᠯ ᠤᠨ ᠨᠠᠷᠠ ᠶᠢ ᠡᠷᠭᠦᠭᠴᠢ᠂ ᠠᠮᠢᠳᠤᠷᠠᠯ ᠬᠥᠭᠵᠢᠯ ᠤᠨ ᠦᠷ᠎ᠡ ᠶᠢ ᠲᠣᠰᠣᠭᠴᠢ ᠶᠤᠮ᠃ ᠲᠡᠭᠦᠨ ᠤ ᠵᠢᠳᠬᠦᠯ ᠴᠢᠷᠮᠠᠶᠢᠯᠭ᠎ᠠ ᠪᠠᠶᠢᠭᠰᠠᠨ ᠢᠶᠠᠷ ᠨᠢᠭᠡ ᠬᠤᠲᠠ ᠠᠶᠢᠯ ᠤᠨ ᠰᠢᠨ᠎ᠡ ᠠᠮᠢ ᠨᠠᠰᠤᠨ ᠤ ᠨᠠᠶᠢᠷᠠᠯ ᠳᠠᠭᠤᠤ ᠬᠥᠨᠳᠡᠢ ᠲᠠᠯ᠎ᠠ ᠦᠭᠡᠢ ᠬᠠᠩᠭᠢᠨᠠᠵᠤ᠂ ᠠᠭᠤᠯᠠᠨ ᠲᠣᠰᠬᠤᠨ ᠤ ᠠᠵᠤ ᠠᠮᠢᠳᠤᠷᠠᠯ ᠨᠡᠩ ᠰᠠᠶᠢᠬᠠᠨ ᠵᠢᠷᠭᠠᠯ ᠲᠠᠢ ᠪᠣᠯᠣᠭᠰᠠᠨ ᠶᠤᠮ᠃ ᠲᠡᠷᠡ 1969 ᠣᠨ ᠳᠤ ᠬᠤᠲᠠ ᠠᠶᠢᠯ ᠳᠤ ᠮᠣᠷᠳᠠᠨ ᠢᠷᠡᠵᠦ᠂ 1972 ᠣᠨ ᠠᠴᠠ ᠡᠬᠢᠯᠡᠨ ᠬᠤᠲᠠ ᠠᠶᠢᠯ ᠭᠠᠴᠠᠭ᠎ᠠ ᠶᠢᠨ ᠡᠬᠡ ᠪᠠᠷᠢᠭᠴᠢ ᠪᠣᠯᠵᠤ ᠠᠶᠢᠯ ᠤᠨ ᠠᠬᠠᠮᠠᠳ ᠡᠬᠡ ᠪᠠᠷᠢᠭᠴᠢ ᠳᠤ ᠬᠠᠪᠰᠤᠷᠴᠤ ᠬᠡᠦᠬᠡᠳ ᠲᠣᠰᠴᠤ ᠬᠥᠩᠭᠡᠵᠢᠭᠦᠯᠬᠦ ᠶᠢ ᠰᠤᠷᠴᠤ ᠪᠠᠶᠢᠭᠰᠠᠨ ᠢᠶᠠᠨ ᠤᠳᠠᠯ ᠦᠭᠡᠢ ᠡᠨᠡ ᠠᠵᠢᠯ ᠳᠦᠷᠦᠯ ᠳᠡᠭᠡᠨ ᠴᠠᠭᠠᠷᠠᠭᠠᠳ ᠭᠤᠴᠢ ᠭᠠᠷᠤᠢ ᠵᠢᠯ ᠡᠬᠡ ᠪᠠᠷᠢᠭᠴᠢ ᠪᠣᠯᠵᠤ ᠶᠠᠪᠤᠵᠠᠢ᠃        ᠨᠢᠭᠡ ᠤᠳᠠᠭ᠎ᠠ᠂ ᠣᠳᠬᠠᠨᠴᠡᠴᠡᠭ ᠬᠠᠷ᠎ᠠ ᠥᠷᠯᠥᠭᠡ ᠠᠴᠠ ᠨᠢᠭᠡ ᠲᠣᠭᠤᠭ᠎ᠠ ᠬᠠᠷ᠎ᠠ ᠪᠤᠳᠠᠭ᠎ᠠ ᠪᠠᠨ ᠬᠦᠭᠡᠯᠭᠡᠵᠣ ᠬᠠᠭᠤᠷᠤᠭᠠᠳ ᠦᠳᠡ ᠶᠢᠨ ᠬᠤᠶᠢᠨ᠎ᠠ ᠠᠶᠢᠯ ᠤᠨ ᠢᠶᠠᠨ ᠢᠩ ᠳᠡᠭᠡᠷ᠎ᠡ ᠴᠠᠶᠢᠯᠭᠠᠵᠤ ᠪᠠᠶᠢᠭᠠᠳ ᠲᠡᠷᠡ ᠨᠢᠭᠡ ᠠᠶᠢᠯ ᠤᠨ ᠭᠡᠷ ᠤᠨ ᠡᠵᠡᠨ ᠤ ᠭᠡᠷ ᠠᠴᠠ ᠪᠠᠨ ᠪᠠᠶᠢᠨ ᠪᠠᠶᠢᠨ ᠭᠠᠷᠴᠤ ᠢᠷᠡᠭᠡᠳ ᠡᠶᠢᠰᠢ ᠲᠡᠶᠢᠰᠢ ᠬᠠᠷᠠᠵᠤ ᠵᠣᠭᠰᠣᠵᠤ ᠪᠠᠶᠢᠬᠤ ᠶᠢ ᠣᠯᠵᠤ ᠬᠠᠷᠠᠵᠠᠢ᠃ ᠲᠡᠭᠡᠭᠡᠳ ᠲᠡᠷᠡ ᠲᠤᠬᠠᠶᠢᠯᠠᠭᠰᠠᠨ ᠠᠵᠢᠯ ᠤᠨ ᠰᠡᠷᠭᠡᠭ ᠮᠡᠳᠡᠷᠡᠮᠵᠢ ᠪᠠᠷ ᠢᠶᠠᠨ ᠲᠡᠭᠦᠨ ᠤ ᠡᠬᠡᠨᠡᠷ ᠤᠨ ᠬᠥᠩᠭᠡᠵᠢᠬᠦ ᠡᠳᠦᠷ ᠣᠶᠢᠷᠠᠳᠣᠭᠰᠠᠨ ᠢ ᠪᠣᠳᠣᠨ ᠣᠯᠵᠤ᠂ ︽ᠯᠠᠪ ᠬᠥᠩᠭᠡᠵᠢᠬᠦ ᠭᠡᠳ ᠶᠠᠪᠤᠳᠠᠯ ᠪᠣᠯᠵᠤ ᠪᠠᠶᠢᠬᠤ ᠳ᠋ᠠ︾ ᠭᠡᠳ ᠴᠠᠶᠢᠯᠭᠠᠵᠤ ᠪᠠᠶᠢᠭᠰᠠᠨ ᠬᠠᠭᠤᠷᠤᠭᠰᠠᠨ ᠠᠮᠤ ᠪᠠᠨ ᠠᠭᠠᠭ ᠲᠠᠢ ᠨᠢ ᠫᠣᠯᠣ ᠳᠠᠭᠠᠨ ᠰᠠᠨᠳᠤᠷᠤᠩᠬᠠᠨ ᠬᠢᠵᠦ ᠠᠪᠤᠭᠠᠳ ᠭᠡᠷ ᠲᠡᠭᠡᠨ ᠣᠷᠣᠭᠤᠯᠵᠤ ᠬᠠᠶᠠᠮᠠᠭᠴᠠ᠂ ᠪᠠᠭᠠᠵᠢ ᠬᠡᠷᠡᠭᠰᠡᠯ ᠢᠶᠠᠨ ᠠᠪᠴᠤ ᠲᠡᠳᠡᠨ ᠤ ᠳᠤ ᠭᠦᠶᠦᠵᠦ ᠬᠥᠷᠪᠡ᠃ ᠡᠷ᠎ᠡ ᠨᠥᠬᠦᠷ ᠨᠢ᠄ ︽ᠦᠳᠡ ᠶᠢᠨ ᠡᠮᠦᠨ᠎ᠡ ᠠᠴᠠ ᠠᠪᠤᠭᠠᠳ ᠰᠥᠭᠦᠳᠥᠨ ᠰᠠᠭᠤᠭᠠᠳ ᠪᠡᠶ᠎ᠡ ᠨᠢ ᠵᠣᠪᠠᠵᠤ ᠯᠠ ᠪᠠᠶᠢᠬᠤ ᠪᠠᠶᠢᠳᠠᠯ ᠲᠠᠢ ᠳ᠋ᠠ︾ ᠭᠡᠨ᠎ᠡ᠃ ᠣᠳᠬᠠᠨᠴᠡᠴᠡᠭ ᠪᠠᠴᠢᠮᠳᠠᠨ᠄ ︽ᠡᠬᠡᠨᠠᠷ ᠴᠢᠨᠢ ᠬᠥᠩᠭᠡᠵᠢᠬᠦ ᠭᠡᠵᠦ ᠪᠠᠶᠢᠨ᠎ᠠ ᠰᠢᠤ᠂ ᠶᠠᠭᠤᠨ ᠳᠤ ᠡᠶᠢᠮᠣ ᠦᠢᠷ᠎ᠠ ᠪᠠᠶᠢᠭᠠᠳ ᠨᠠᠳᠠᠳᠤ ᠴᠢᠮᠡᠭᠡ ᠪᠣᠯᠬᠤ ᠦᠭᠡᠢ ᠶᠤᠮ ᠪᠤᠢ︖︾ ᠭᠡᠪᠡ᠃ ᠲᠤᠬᠠᠢ ᠶᠢᠨ ᠦᠶ᠎ᠡ ᠳᠤ ᠲᠡᠷᠡ ᠪᠦᠰᠡᠭᠦᠢ ᠳᠥᠴᠢᠨ ᠨᠠᠰᠤ ᠶᠢ ᠰᠢᠬᠠᠵᠤ᠂ ᠬᠤᠶᠠᠳᠡᠬᠢ ᠬᠡᠦᠬᠡᠳ ᠢᠶᠠᠨ ᠬᠥᠩᠭᠡᠵᠢᠬᠦ ᠭᠡᠵᠦ ᠪᠠᠶᠢᠭ᠎ᠠ ᠶᠤᠮ᠂ ᠬᠡᠦᠬᠡᠳ ᠤᠨ ᠲᠣᠯᠣᠭᠠᠢ ᠨᠢ ᠪᠦᠯᠲᠡᠶᠢᠵᠦ ᠦᠵᠡᠭᠳᠡᠵᠦ ᠪᠠᠶᠢᠨ᠎ᠠ᠂ ᠵᠣᠯ ᠢᠶᠠᠷ ᠬᠦᠵᠦᠭᠦᠦ ᠨᠢ ᠭᠠᠷᠴᠤ ᠢᠷᠡᠭᠡᠳ ᠲᠡᠭᠡᠭᠡᠯᠡᠭᠰᠡᠨ ᠦᠭᠡᠢ᠂ ᠲᠡᠭᠡᠵᠣ ᠤᠳᠠᠭᠰᠠᠨ ᠪᠣᠯ ᠬᠡᠷᠡᠭ ᠪᠣᠯᠣᠨ᠎ᠠ ᠰᠢᠤ᠃ ᠣᠳᠬᠠᠨᠴᠡᠴᠡᠭ ᠰᠠᠨᠳᠤᠷᠤᠩᠬᠠᠨ ᠢᠰᠡᠭᠡᠢ ᠳᠡᠪᠢᠰᠴᠦ᠂ ᠬᠥᠩᠭᠡᠵᠢᠬᠦ ᠡᠮᠡᠭᠲᠡᠢ ᠶᠢ ᠴᠢᠨᠠᠭᠰᠢ ᠳᠥᠰᠢᠨ ᠬᠡᠪᠲᠡᠭᠦᠯᠬᠦ ᠳᠤ ᠲᠡᠷᠡ ᠪᠦᠰᠡᠭᠦᠢ ᠮᠠᠭᠤᠵᠢᠷᠠᠭᠠᠳ ᠦᠭᠡ ᠳᠤᠤᠭᠠᠷᠬᠤ ᠲᠡᠩᠬᠡᠭᠡ ᠴᠤ ᠦᠭᠡᠢ ᠪᠠᠶᠢᠪᠠ᠃ ᠣᠳᠬᠠᠨᠴᠡᠴᠡᠭ ᠴᠤ ᠥᠯᠥᠰᠴᠦ ᠤᠮᠳᠠᠭᠠᠰᠤᠨ ᠲᠠᠮᠢᠷ ᠢᠶᠠᠨ ᠰᠢᠪᠬᠠᠵᠤ᠂ ᠪᠦᠷᠦᠢ ᠪᠣᠯᠲᠠᠯ᠎ᠠ ᠨᠣᠴᠣᠯᠳᠤᠵᠤ ᠳ᠋ᠧᠩ ᠠᠰᠠᠭᠠᠬᠤ ᠦᠶ᠎ᠡ ᠪᠠᠷ ︽ᠸᠠ︾ ᠭᠡᠬᠦ ᠴᠠᠩᠭᠢᠨᠠᠮ᠎ᠠ ᠨᠢᠷᠠᠢ ᠳᠠᠭᠤ ᠭᠠᠷᠴᠤ ᠪᠤᠨᠲᠣᠭᠤᠷ ᠬᠥᠭᠡᠷᠦᠬᠦᠨ ᠪᠣᠷᠣ ᠬᠦᠦ ᠶᠢ ᠮᠠᠨᠳᠤ ᠰᠠᠶᠢᠬᠠᠨ ᠲᠣᠰᠴᠠᠢ᠃ ᠲᠡᠭᠡᠭᠡᠳ ᠣᠳᠬᠠᠨᠴᠡᠴᠡᠭ ᠬᠤᠶᠢᠳᠣᠬᠢ ᠶᠢ ᠨᠢ ᠬᠠᠶᠢᠴᠢᠯᠠᠵᠤ ᠨᠢᠯᠬ᠎ᠠ ᠶᠢ ᠨᠢ ᠣᠭᠢᠶᠠᠵᠣ ᠴᠡᠪᠡᠷᠯᠡᠨ ᠰᠠᠶᠢᠬᠠᠨ ᠪᠣᠭᠤᠵᠤ ᠪᠠᠭᠯᠠᠨ᠂ ᠬᠡᠦᠬᠡᠳ ᠤᠨ ᠡᠴᠢᠭᠡ ᠳᠤ ᠨᠢ᠄ ︽ᠡᠬᠡᠨᠡᠷ ᠲᠡᠭᠡᠨ ᠪᠤᠰᠢᠭᠤ ᠰᠢᠩᠭᠡᠨ ᠪᠤᠳᠠᠭᠠᠨ ᠰᠥᠮᠥᠰᠤ ᠪᠤᠴᠠᠯᠭᠠᠵᠤ ᠬᠠᠯᠠᠭᠤᠨ ᠪᠦᠯᠢᠶᠡᠨ ᠢᠳᠡᠭᠦᠯ ᠰᠢᠤ︕︾ ᠭᠡᠵᠦ ᠵᠠᠬᠢᠭᠠᠳ ᠨᠢᠭᠡ ᠠᠶᠠᠭ᠎ᠠ ᠴᠠᠢ ᠴᠤ ᠠᠮᠰᠠᠭᠰᠠᠨ ᠦᠭᠡᠢ ᠭᠠᠷᠴᠤ ᠢᠷᠠᠪᠠ᠃ ᠡᠳᠦᠭᠡ ᠲᠡᠭᠦᠨ ᠤ ᠲᠣᠰᠣᠭᠰᠠᠨ ᠲᠡᠷᠡ ᠬᠦᠦ ᠪᠣᠳᠠ ᠠᠷᠪᠢᠨ ᠲᠠᠢ ᠪᠠᠶᠠᠨ ᠴᠢᠨᠡᠭᠡᠯᠢᠭ ᠠᠮᠢᠳᠤᠷᠠᠯ ᠲᠠᠢ ᠠᠵᠤ ᠳᠦᠷᠦᠵᠦ ᠪᠠᠶᠢᠨ᠎ᠠ᠃ ︽ᠲᠥᠷᠥᠨ᠎ᠡ ᠭᠡᠭᠴᠢ ᠲᠥᠷᠥ ᠶᠢᠨ ᠶᠣᠰᠣ︾ ᠭᠡᠳᠡᠭ᠃ ᠪᠠᠰᠠ ᠨᠢᠭᠡ ᠤᠳᠠᠭ᠎ᠠ᠂ ᠣᠰᠣᠠᠡᠬᠢ ᠭᠠᠴᠠᠭ᠎ᠠ ᠶᠢᠨ ᠨᠢᠭᠡ ᠪᠦᠰᠡᠭᠦᠢ ᠭᠤᠷᠪᠠᠨ ᠡᠳᠦᠷ ᠵᠣᠪᠠᠵᠤ᠂ ᠣᠳᠬᠠᠨᠴᠡᠴᠡᠭ ᠢ ᠬᠦᠷᠬᠦ ᠳᠤ ᠬᠡᠦᠬᠡᠳ ᠤᠨ ᠲᠣᠯᠣᠭᠠᠢ ᠨᠢ ᠨᠢᠭᠡᠨᠲᠡ ᠨᠢᠮᠭᠡᠨ ᠬᠠᠯᠢᠰᠤ ᠪᠠᠨ ᠬᠠᠭᠠᠯᠵᠤ ᠭᠡᠵᠢᠭᠡ ᠨᠢ ᠬᠦᠷᠲᠡᠯ᠎ᠡ ᠮᠡᠳᠡᠭᠳᠡᠵᠦ᠂ ᠬᠦᠢᠰᠦ ᠨᠢ ᠬᠦᠵᠦᠭᠦᠦ ᠶᠢ ᠨᠢ ᠬᠤᠶᠠᠷ ᠣᠷᠢᠶᠠᠭᠰᠠᠨ ᠪᠠᠶᠢᠵᠠᠢ᠃ ᠲᠡᠷᠡ ᠳᠣᠣᠷ᠎ᠠ ᠨᠢ ︽ᠡᠬᠡ᠂ ᠦᠷ᠎ᠡ᠂ ᠮᠢᠨᠤ ᠭᠤᠷᠪᠠᠨ ᠠᠮᠢ ᠰᠢᠤ︕︾ ᠭᠡᠵᠦ ᠪᠣᠳᠣᠮᠠᠭᠴᠠ ᠣᠳᠬᠠᠨᠴᠡᠴᠡᠭ ᠤᠨ ᠵᠢᠷᠦᠬᠡ ᠨᠢ ᠲᠦᠭᠰᠢᠪᠡ᠃᠃ ᠲᠡᠷᠡ ᠠᠪᠤ ᠡᠵᠢ᠂ ᠠᠬᠠᠮᠠᠳ ᠨᠠᠷ ᠤᠨ ᠢᠶᠠᠨ ᠦᠷᠭᠦᠯᠵᠢ ︽ᠬᠢᠨᠠᠮᠠᠭᠠᠢ ᠯᠠᠪᠳᠠᠭᠤᠨ ᠪᠣᠯᠭᠤᠮᠵᠢᠲᠠᠢ ᠣᠷᠣ︕︾ ᠬᠡᠮᠡᠨ ᠵᠠᠬᠢᠳᠠᠭ ᠰᠤᠷᠭᠠᠯ ᠢ ᠰᠠᠨᠠᠵᠤ ᠣᠯᠪᠠ᠃ ᠣᠳᠬᠠᠨᠴᠡᠴᠡᠭ ᠬᠡᠦᠬᠡᠳ ᠲᠣᠰᠬᠤ ᠶᠢ ᠬᠦᠴᠢᠷ ᠪᠡᠷᠬᠡ ᠲᠠᠢ ᠪᠣᠯᠪᠠᠴᠤ ᠪᠤᠵᠠᠷ ᠠᠵᠢᠯ ᠪᠢᠰᠢ ᠶᠤᠮ ᠭᠡᠵᠦ ᠦᠵᠡᠳᠡᠭ᠃ ᠲᠡᠭᠦᠨ ᠤ ᠦᠵᠡᠬᠦ ᠪᠠᠷ᠂ ᠡᠬᠡ ᠬᠥᠮᠥᠨ ᠤ ᠬᠡᠪᠡᠯᠢ ᠪᠣᠯ ᠠᠷᠢᠭᠤᠨ ᠶᠤᠮ᠃ ᠲᠡᠷᠡ ᠤᠷᠠᠨ ᠭᠠᠷ ᠣᠨᠴᠠᠭᠠᠢ ᠡᠷᠳᠡᠮ ᠢᠶᠠᠷ ᠢᠶᠠᠨ ᠬᠡᠪᠡᠯᠢ ᠳᠠᠬᠢ ᠬᠡᠦᠬᠡᠳ ᠤᠨ ᠣᠷᠢᠶᠠᠭᠰᠠᠨ ᠬᠦᠢᠰᠦ ᠶᠢ ᠨᠢ ᠲᠡᠰᠦᠯᠵᠦ ᠬᠡᠦᠬᠡᠳ ᠢ ᠠᠮᠤᠷ ᠮᠠᠨᠳᠤ ᠲᠣᠰᠴᠠᠢ᠃ ᠰᠤᠪᠤᠷᠭ᠎ᠠ ᠰᠤᠮᠤ ᠪᠠᠷ ᠲᠥᠷᠬᠦᠮ ᠲᠠᠢ ᠡᠨᠡ ᠪᠠᠷᠢ ᠶᠢᠨ ᠬᠤᠶᠠᠷ ᠡᠬᠡ ᠨᠢ ᠪᠠᠶᠠᠷᠯᠠᠨ ᠳᠣᠭᠳᠣᠯᠵᠤ᠂ ᠣᠳᠬᠠᠨᠴᠡᠴᠡᠭ ᠢ ︽ᠠᠮᠢᠳᠤ ᠪᠤᠷᠬᠠᠨ ᠡ︕︾ ︽ᠶᠣᠰᠣᠲᠠᠢ ᠬᠦᠢᠰᠦ ᠡᠵᠢ ᠰᠢᠤ︕︾ ᠭᠡᠳ ᠭᠦᠨ ᠲᠠᠯᠠᠷᠬᠠᠵᠤ ᠪᠠᠶᠢᠵᠠᠢ᠃ ᠣᠳᠬᠠᠨᠴᠡᠴᠡᠭ ᠤᠨ ᠲᠤᠷᠰᠢᠯᠭ᠎ᠠ ᠪᠠᠷ ᠪᠣᠯ᠂ ᠬᠤᠴᠢᠯᠭ᠎ᠠ ᠰᠠᠭᠠᠳᠣᠵᠣ ᠬᠥᠩᠭᠡᠵᠢᠬᠦ ᠦᠭᠡᠢ ᠤᠳᠠᠪᠠᠯ ᠬᠡᠦᠬᠡᠳ ᠬᠡᠪᠡᠯᠢ ᠳᠡᠭᠡᠨ ᠪᠠᠭᠠᠵᠤ ᠰᠢᠭᠡᠵᠣ᠂ ᠪᠠᠰᠠ ᠪᠠᠭᠠᠰᠤ ᠰᠢᠭᠡᠰᠦ ᠪᠠᠨ ᠵᠠᠯᠭᠢᠳᠠᠭ᠂ ᠲᠡᠭᠡᠭᠰᠡᠭᠡᠷ ᠠᠮᠢᠳᠤᠷᠠᠬᠤ ᠳᠤ ᠲᠤᠩ ᠬᠦᠴᠢᠷ ᠲᠦᠪᠡᠭ ᠲᠠᠢ ᠪᠣᠯᠬᠤ ᠶᠤᠮ᠃ ᠲᠡᠷᠡ ᠡᠬᠡ ᠪᠠᠷᠢᠭᠴᠢ ᠪᠣᠯᠵᠤ ᠶᠠᠪᠤᠭᠰᠠᠨ ᠠᠷᠪᠠ ᠭᠠᠷᠤᠢ ᠵᠢᠯ ᠤᠨ ᠲᠤᠷᠰᠢ᠂ ᠬᠤᠴᠢᠯᠭ᠎ᠠ ᠨᠢ ᠤᠳᠠᠭᠠᠰᠢᠷᠠᠭᠰᠠᠨ ᠪᠡᠷᠬᠡ ᠬᠥᠩᠭᠡᠵᠢᠯᠲᠡ ᠣᠯᠠᠨ ᠲᠣᠬᠢᠶᠠᠯᠳᠤᠵᠤ᠂ ᠵᠠᠷᠢᠮ ᠬᠡᠦᠬᠡᠳ ᠨᠢ ᠡᠬᠡ ᠶᠢᠨ ᠬᠡᠪᠡᠯᠢ ᠠᠴᠠ ᠪᠠᠨ ᠭᠠᠷᠴᠤ ᠢᠷᠡᠬᠦ ᠳᠡᠭᠡᠨ ᠠᠮᠢᠰᠬᠤᠯ ᠦᠭᠡᠢ ᠪᠠᠶᠢᠵᠤ᠂ ᠰᠠᠯᠢᠰᠤ ᠶᠢ ᠨᠢ ᠠᠮᠠ ᠪᠠᠷ ᠢᠶᠠᠨ ᠰᠣᠷᠣᠵᠤ ᠠᠪᠳᠠᠭ᠃ ᠲᠡᠷᠡ ᠶᠠᠳᠠᠷᠠᠯ ᠵᠦᠳᠡᠷᠡᠯ ᠢᠶᠠᠨ ᠬᠠᠶᠢᠬᠤᠷᠤᠯ ᠦᠭᠡᠢ ᠪᠠᠷ ᠭᠠᠵᠠᠷ ᠤᠨ ᠬᠤᠯᠠ᠂ ᠦᠳᠡᠰᠢ ᠰᠥᠨᠢ᠂ ᠪᠣᠷᠣᠭᠠᠨ ᠵᠤᠳ᠂ ᠮᠣᠩᠭᠤᠯ ᠬᠢᠲᠠᠳ ᠭᠡᠵᠦ ᠢᠯᠭᠠᠯ ᠦᠭᠡᠢ᠂ ᠭᠠᠷ ᠬᠠᠷᠠᠵᠦ ᠦᠨᠡᠷᠬᠡᠨ ᠪᠠᠷᠢᠴᠠ ᠪᠠᠷᠢᠯᠭ᠎ᠠ ᠲᠣᠰᠳᠠᠭ ᠦᠭᠡᠢ᠂ ᠬᠡᠵᠢᠶ᠎ᠡ ᠬᠠᠮᠢᠭ᠎ᠠ ᠳᠠᠭᠤᠳᠠᠪᠠᠯ ᠲᠡᠨᠳᠡ ᠳᠠᠷᠤᠢ ᠬᠦᠷᠴᠣ᠂ ᠡᠬᠡ ᠨᠢᠯᠬᠠᠰ ᠤᠨ ᠡᠷᠡᠭᠦᠯ ᠮᠡᠨᠳᠦ ᠶᠢ ︽ᠡᠬᠡ᠂ ᠨᠢᠯᠬ᠎ᠠ ᠶᠢᠨ ᠠᠮᠢ + ᠮᠢᠨᠤ ᠠᠮᠢ︾ ᠬᠡᠮᠡᠨ ᠥᠪᠡᠷ ᠤᠨ ᠠᠮᠢ ᠪᠡᠶ᠎ᠡ ᠲᠠᠢ ᠪᠠᠨ ᠬᠤᠯᠪᠣᠨ ᠨᠠᠨᠳᠢᠩᠨᠠᠵᠤ᠂ ᠥᠪᠡᠷ ᠤᠨ ᠤᠯᠠᠮᠵᠢᠯᠠᠯᠲᠦ ᠠᠷᠭ᠎ᠠ ᠪᠠ ᠪᠤᠯᠪᠠᠰᠣᠷᠴᠣ ᠬᠦᠷᠲᠡᠭᠰᠡᠨ ᠣᠳᠣᠬᠢ ᠠᠷᠭ᠎ᠠ ᠪᠠᠷᠢᠯ ᠢᠶᠠᠨ ᠤᠶᠠᠯᠳᠤᠭᠤᠯᠤᠨ ᠬᠥᠩᠭᠡᠵᠢᠭᠦᠯᠵᠦ ᠬᠡᠦᠬᠡᠳ ᠲᠣᠰᠴᠤ ᠶᠠᠪᠤᠳᠠᠭ ᠶᠤᠮ ᠃ ᠪᠠᠰᠠ ᠨᠠᠷᠢᠯᠢᠭ ᠠᠴᠠ ᠨᠠᠷᠢᠯᠢᠭ ᠪᠠᠶᠢᠵᠤ ᠭᠠᠭᠴᠠᠭᠠᠷ ᠪᠠᠭᠠᠲᠤᠷᠯᠠᠵᠤ ᠪᠠᠯᠠᠢ ᠪᠠᠷ ᠬᠥᠩᠭᠡᠨ ᠬᠠᠭᠤᠳᠠᠮ ᠬᠥᠳᠡᠯᠳᠡᠭ ᠦᠭᠡᠢ ᠶᠤᠮ᠃ ᠨᠢᠭᠡ ᠤᠳᠠᠭ᠎ᠠ᠂ ᠵᠢᠷᠭᠠᠯ ᠤᠨ ᠵᠠᠮ ᠰᠤᠮᠤ ᠶᠢᠨ ᠡᠮᠨᠡᠯᠭᠡ ᠶᠢᠨ ᠬᠤᠷᠢᠶ᠎ᠠ ᠶᠢᠨ ᠠᠵᠢᠯᠲᠠᠨ ᠬᠠᠨ xx ᠤᠨ ᠡᠬᠡᠨᠡᠷ ᠨᠢ ᠦᠵᠡᠭᠳᠡᠬᠦ ᠭᠡᠳ ᠬᠡᠦᠬᠡᠳ ᠤᠨ ᠲᠣᠬᠤᠢ ᠨᠢ ᠭᠠᠷᠤᠭᠠᠳ ᠲᠡᠭᠦᠨ ᠢ ᠪᠠ ᠵᠢᠶᠠ ᠭᠡᠳᠡᠭ ᠲᠠᠷᠢᠶᠠᠴᠢᠨ ᠠᠶᠢᠯ ᠳᠤ ᠶᠠᠭᠠᠷᠠᠯᠲᠠᠢ ᠵᠠᠯᠠᠵᠤ ᠠᠪᠠᠴᠢᠪᠠ᠃ ᠲᠡᠷᠡ ᠪᠡᠷᠬᠡ ᠬᠥᠩᠭᠡᠵᠢᠯᠲᠡ ᠪᠣᠯᠵᠤ ᠪᠠᠶᠢᠳᠠᠯ ᠪᠠᠴᠢᠮ ᠲᠤᠯᠭᠠᠭᠤ ᠪᠣᠯᠣᠭᠰᠠᠨ ᠢ ᠮᠡᠳᠡᠭᠡᠳ ᠣᠨᠴᠠᠭᠠᠢ ᠲᠡᠳᠬᠦᠬᠦ ᠠᠷᠭ᠎ᠠ ᠠᠪᠬᠤ ᠶᠢᠨ ᠳᠠᠭᠠᠤ ᠲᠡᠷᠡ ᠳᠠᠷᠤᠢ ᠡᠮᠨᠡᠯᠭᠡ ᠳᠤ ᠬᠠᠮᠠᠭᠠᠯᠠᠨ ᠬᠦᠷᠭᠡᠭᠡᠳ ᠡᠮᠴᠢ ᠨᠠᠷ ᠲᠠᠢ ᠬᠠᠮᠵᠢᠯᠴᠠᠨ ᠡᠷᠡᠭᠦᠯ ᠮᠠᠨᠳᠤ ᠬᠡᠦᠬᠡᠳ ᠲᠣᠰᠴᠠᠢ᠃ ᠲᠡᠭᠦᠨ ᠤ ᠡᠷᠳᠡᠮ ᠲᠠᠢ ᠡᠭᠡᠯᠢᠲᠡᠢ ᠬᠠᠯᠠᠭᠤᠨ ᠭᠠᠷ ᠲᠤ ᠲᠤᠭ᠎ᠠ ᠦᠭᠡᠢ ᠣᠯᠠᠨ ᠦᠶ᠎ᠡ ᠦᠶ᠎ᠡ ᠶᠢᠨ ᠪᠢᠴᠢᠬᠠᠨ ᠠᠮᠢ ᠨᠠᠰᠤ ᠠᠮᠤᠷ ᠲᠦᠪᠰᠢᠨ ᠢᠶᠠᠷ ᠡᠨᠡ ᠶᠢᠷᠲᠢᠨᠴᠦ ᠳᠤ ᠨᠢᠷᠠᠢ ᠳᠠᠭᠤᠨ ᠢᠶᠠᠨ ᠬᠠᠩᠭᠢᠨᠠᠭᠤᠯᠤᠨ ᠮᠠᠨᠳᠤᠯᠠᠵᠤ᠂ ᠲᠤᠭ᠎ᠠ ᠲᠣᠮᠰᠢ ᠦᠭᠡᠢ ᠠᠶᠢᠯ ᠭᠡᠷ ᠪᠦᠯᠢ ᠲᠡᠭᠦᠨ ᠤ ᠭᠤᠶᠠᠴᠢ ᠦᠭᠡᠢ ᠵᠢᠳᠬᠦᠯ ᠠᠴᠠ ᠪᠠᠶᠠᠷ ᠪᠠᠶᠠᠰᠬᠤᠯᠠᠩ ᠳᠦᠭᠦᠷᠡᠩ ᠪᠣᠯᠣᠨ᠎ᠠ᠃ ᠣᠳᠬᠠᠨᠴᠡᠴᠡᠭ ᠽᠠᠨᠳᠠᠨ ᠵᠠᠯᠠᠭᠤ ᠨᠠᠰᠤᠨ ᠠᠴᠠ ᠪᠠᠨ ᠰᠠᠨᠴᠢᠭ ᠪᠤᠭᠤᠷᠤᠯ ᠪᠣᠯᠲᠠᠯ᠎ᠠ ᠡᠬᠡ ᠪᠠᠷᠢᠭᠴᠢ ᠪᠣᠯᠵᠤ ᠶᠠᠪᠤᠭᠠᠳ ᠤᠷᠢᠳ ᠬᠤᠵᠢᠳ ᠬᠥᠯ ᠢᠶᠠᠷ ᠲᠣᠰᠣᠭᠰᠠᠨ ᠬᠤᠷᠢ ᠰᠢᠬᠠᠮ ᠪᠡᠷᠬᠡ ᠬᠦᠨᠳᠦ ᠬᠥᠩᠭᠡᠵᠢᠯᠲᠡ᠂ ᠳᠥᠷᠪᠡᠨ ᠵᠦᠢᠷᠡᠢ ᠶᠢ ᠪᠠᠭᠲᠠᠭᠠᠭᠰᠠᠨ ᠭᠤᠷᠪᠠᠨ ᠵᠠᠭᠤ ᠭᠠᠷᠤᠢ ᠬᠡᠦᠬᠡᠳ ᠢ ᠡᠷᠡᠭᠦᠯ ᠮᠡᠨᠳᠦ ᠲᠣᠰᠴᠤ᠂ ᠣᠰᠣᠯ ᠠᠳᠡᠯ ᠭᠠᠷᠭᠠᠭᠰᠠᠨ ᠦᠭᠡᠢ᠂ ᠵᠡᠮᠳᠡᠭ ᠪᠣᠯᠣᠭᠰᠠᠨ ᠤᠴᠢᠷ ᠨᠢᠭᠡ ᠴᠤ ᠭᠠᠷᠤᠭᠰᠠᠨ ᠦᠭᠡᠢ ᠡᠬᠡ ᠨᠢᠯᠬᠠᠰ ᠪᠦᠭᠦᠳᠡ ᠶᠢᠨ ᠡᠩᠬᠡ ᠮᠠᠨᠳᠤ ᠶᠢ ᠪᠠᠲᠤᠯᠠᠵᠤ ᠴᠢᠳᠠᠵᠠᠢ᠃ ᠲᠡᠷᠡ ᠥᠪᠡᠷ ᠤᠨ ᠪᠤᠶᠠᠨ ᠤ ᠦᠷ᠎ᠡ ᠶᠢ ᠲᠡᠭᠦᠭᠰᠡᠨ ᠪᠠᠭ᠋ᠠᠷᠣᠮ᠎ᠠ ᠦᠢᠯᠡ ᠠᠵᠢᠯᠯᠠᠭ᠎ᠠ ᠪᠠᠷ ᠢᠶᠠᠨ ᠠᠮᠢ ᠨᠠᠰᠤᠨ ᠤ ᠵᠦᠢᠷᠯᠡᠰᠢ ᠦᠭᠡᠢ ᠡᠷᠬᠢᠮ ᠬᠦᠨᠳᠦ ᠪᠠᠶᠢᠳᠠᠭ ᠢ ᠪᠢᠴᠢᠭᠯᠡᠵᠦ᠂ ᠬᠥᠮᠥᠨ ᠤ ᠶᠢᠷᠲᠢᠨᠴᠦ ᠶᠢᠨ ᠠᠭᠤᠤ ᠶᠡᠭᠡ ᠬᠠᠶᠢᠷ᠎ᠠ ᠶᠢ ᠪᠠᠭ᠋ᠠᠳᠤᠨ ᠳᠠᠭᠤᠯᠠᠵᠤ ᠶᠠᠪᠤᠵᠠᠢ᠃ ᠡᠬᠡ ᠪᠠᠷᠢᠭᠴᠢ ᠪᠣᠯᠵᠤ ᠶᠠᠪᠤᠭᠰᠠᠨ ᠭᠤᠴᠢ ᠭᠠᠷᠤᠢ ᠵᠢᠯ ᠤᠨ ᠲᠤᠷᠰᠢ᠂ ᠲᠡᠷᠡ ᠥᠪᠡᠷ ᠤᠨ ᠥᠴᠥᠬᠡᠨ ᠪᠠᠭ᠎ᠠ ᠨᠥᠬᠦᠪᠦᠷᠢ ᠮᠥᠩᠭᠦ ᠪᠠᠷ ᠢᠶᠠᠨ ︽6 · 1︾ ᠤ ᠪᠠᠭᠠᠴᠤᠳ ᠬᠡᠦᠬᠡᠳ ᠤᠨ ᠪᠠᠶᠠᠷ ᠪᠣᠯᠵᠤ ᠤᠷᠤᠯᠳᠤᠭᠠᠨ ᠮᠥᠷᠦ᠋ᠢᠴᠡᠭᠡᠨ ᠬᠢᠬᠦ ᠪᠦᠷᠢ᠂ 200 ᠳᠠᠰᠬᠠᠯ 100 ᠬᠠᠷᠠᠨᠳᠠ ᠠᠪᠴᠤ ᠰᠤᠮᠤᠨ ᠤ ᠪᠠᠨ ᠪᠦᠷᠢᠨ ᠪᠠᠭ᠎ᠠ ᠰᠤᠷᠭᠠᠭᠤᠯᠢ ᠳᠤ ᠬᠦᠷᠴᠦ ᠪᠡᠯᠭᠡᠯᠡᠳᠡᠭ ᠶᠤᠮ᠃ ᠲᠡᠭᠦᠨ ᠤ ᠦᠭᠡ ᠪᠠᠷ ᠪᠣᠯ ︽ᠡᠳᠡᠨᠡᠷ ᠪᠣᠯ ᠪᠦᠷ ᠮᠢᠨᠤ ᠬᠡᠦᠬᠡᠳ ᠶᠤᠮ ᠴᠢᠨᠢ︕︾ ᠭᠡᠨ᠎ᠡ᠃ ᠲᠡᠭᠦᠨ ᠤ ᠠᠵᠢᠯ ᠡᠭᠦᠷᠭᠡ ᠲᠡᠶᠢᠮᠦ ᠬᠥᠩᠭᠡᠨ ᠭᠢᠯᠪᠠᠷ ᠪᠢᠰᠢ᠂ ᠶᠡᠷᠦᠨᠢ ᠬᠦᠴᠢᠷ ᠪᠡᠷᠬᠡ ᠰᠢᠯᠭᠠᠯᠲᠠ ᠳᠤ ᠤᠴᠠᠷᠠᠵᠤ᠂ ᠵᠠᠷᠢᠮ ᠳᠠᠭᠠᠨ ᠡᠳᠦᠷ ᠰᠥᠨᠢ ᠶᠢᠨ ᠤᠷᠲᠤ ᠪᠠᠷ ᠳᠠᠭᠠᠭᠠᠮᠠᠭᠠᠢ ᠲᠡᠰᠪᠦᠷᠢ ᠲᠠᠢ ᠬᠦᠯᠢᠶᠡᠬᠦ ᠴᠢᠬᠤᠯᠠᠲᠠᠢ᠃ ᠭᠡᠪᠡᠴᠦ ᠲᠡᠷᠡ ᠶᠡᠷᠦ ᠨᠢ ᠵᠦᠳᠡᠷᠡᠯ ᠲᠣᠭᠠᠴᠢᠵᠤ ᠥᠩᠭᠡᠷᠡᠭᠰᠡᠨ ᠦᠭᠡᠢ᠃ ᠤᠴᠢᠷ ᠨᠢ ᠠᠷᠠᠳ ᠤᠯᠠᠨ ᠳᠠᠭᠠᠨ ᠬᠠᠷᠢᠭᠤᠴᠠᠵᠤ᠂ ᠨᠠᠮ ᠵᠠᠰᠠᠭ ᠲᠠᠭᠠᠨ ᠬᠠᠷᠢᠭᠤᠴᠠᠵᠤ ᠵᠢᠳᠬᠦᠬᠦ ᠪᠣᠯ ᠥᠩᠭᠡ ᠭᠡᠷᠡᠯᠲᠡᠢ᠂ ᠡᠷᠬᠢᠮ ᠬᠦᠨᠳᠦᠲᠡᠢ ᠭᠡᠳᠡᠭ ᠢ ᠲᠡᠷᠡ ᠭᠦᠨ ᠴᠡᠭᠡᠵᠢᠯᠡᠵᠦ ᠪᠠᠶᠢᠨ᠎ᠠ᠃ ᠲᠥᠯᠥᠪᠯᠡᠭᠡᠲᠦ ᠦᠷᠡᠵᠢᠯ ᠤᠨ ᠠᠵᠢᠯ ᠢ ᠴᠢᠬᠤᠯᠠᠴᠢᠯᠠᠵᠤ ᠪᠠᠶᠢᠭᠰᠠᠨ ᠲᠤᠬᠠᠢ ᠶᠢᠨ ᠴᠠᠭ ᠦᠶ᠎ᠡ ᠳᠤ᠂ ᠲᠡᠷᠡ ᠡᠬᠡ ᠪᠠᠷᠢᠭᠴᠢ ᠶᠢᠨ ᠠᠵᠢᠯ ᠳᠡᠭᠡᠷ᠎ᠡ ᠪᠠᠨ ᠪᠠᠰᠠ ᠬᠤᠲᠠ ᠠᠶᠢᠯ ᠭᠠᠴᠠᠭ᠎ᠠ ᠶᠢᠨ ᠢᠶᠠᠨ ᠲᠥᠯᠥᠪᠯᠡᠭᠡᠲᠦ ᠦᠷᠡᠵᠢᠯ ᠤᠨ ᠠᠵᠢᠯ ᠤᠨ ᠭᠠᠴᠠᠭᠠᠨ ᠳᠠᠷᠤᠭ᠎ᠠ ᠪᠣᠯᠵᠤ᠂ ᠨᠠᠮ ᠤᠨ ᠲᠥᠷᠥ ᠶᠢᠨ ᠪᠣᠳᠣᠯᠭ᠎ᠠ ᠶᠢ ᠥᠷᠭᠡᠨ ᠣᠯᠠᠨ ᠲᠦᠮᠡᠨ ᠳᠡᠭᠡᠨ ᠤᠬᠠᠭᠠᠯᠠᠨ ᠶᠠᠪᠤᠵᠤ᠂ ᠤᠷᠤᠭᠯᠠᠭᠰᠠᠨ ᠬᠥᠩᠭᠡᠵᠢᠬᠦ ᠨᠠᠰᠤᠨ ᠤ ᠡᠮᠡᠭᠲᠡᠶᠢᠴᠦᠳ ᠢ ᠪᠦᠷᠢᠳᠬᠡᠨ ᠳᠠᠩᠰᠠᠯᠠᠵᠤ᠂ ᠲᠥᠯᠥᠪᠯᠡᠭᠡᠲᠦ ᠦᠷᠡᠵᠢᠯ ᠤᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠭᠠᠳ᠂ ᠲᠤᠬᠠᠶᠢᠯᠠᠭᠰᠠᠨ ᠠᠵᠢᠯ ᠤᠨ ᠰᠢᠯᠢᠳᠡᠭ ᠪᠦᠲᠦᠭᠡᠯ ᠢᠶᠠᠷ ᠢᠶᠠᠨ ᠡᠯ᠎ᠡ ᠱᠠᠲᠤᠨ ᠤ ᠮᠠᠭᠲᠠᠭᠠᠯ ᠰᠠᠶᠢᠰᠢᠶᠠᠯ ᠢ ᠭᠥᠷᠳᠡᠪᠡ᠃ ᠣᠳᠬᠠᠨᠴᠡᠴᠡᠭ᠂ ᠰᠤᠮᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠭᠤᠷᠪᠠᠨ ᠬᠤᠭᠤᠴᠠᠭ᠎ᠠ ᠰᠣᠩᠭᠤᠭᠳᠠᠵᠤ᠂ ᠭᠤᠴᠢᠨ ᠲᠠᠪᠤᠲᠠᠢ ᠳᠠᠭᠠᠨ ᠪᠠᠭᠠᠷᠢᠨ ᠪᠠᠷᠠᠭᠤᠨ ᠬᠤᠰᠢᠭᠤᠨ ᠤ ᠠᠷᠪᠠᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠣᠯᠵᠤ᠂ ᠵᠠᠯᠭᠠᠭᠠᠳ ᠤᠯᠠᠭᠠᠨᠬᠠᠳᠠ ᠬᠤᠲᠠ ᠶᠢᠨ ᠬᠤᠶᠠᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠣᠯᠵᠠᠢ᠃ ᠬᠤᠰᠢᠭᠤ ᠪᠣᠯᠣᠨ ᠬᠤᠲᠠ ᠶᠢᠨ ᠠᠷᠠᠳ ᠤᠨ ᠲᠥᠯᠥᠭᠡᠯᠡᠭᠴᠢ ᠶᠢᠨ ᠲᠤᠰᠢᠶᠠᠯ ᠡᠭᠦᠷᠭᠡᠯᠡᠭᠰᠡᠨ ᠬᠤᠭᠤᠴᠠᠭᠠᠨ ᠳᠠᠭᠠᠨ ᠲᠡᠷᠡ ᠬᠤᠲᠠ ᠠᠶᠢᠯ ᠭᠠᠴᠠᠭ᠎ᠠ ᠶᠢᠨ ᠳᠤᠮᠳᠠᠭᠤᠷ ᠤᠷᠤᠰᠴᠤ ᠪᠠᠶᠢᠭ᠎ᠠ ᠨᠣᠣᠷᠭᠠᠢ ᠭᠤᠣᠯ ᠨᠣᠣᠷᠭᠠᠢ ᠵᠡᠰ ᠤᠨ ᠠᠭᠤᠷᠬᠠᠢ ᠶᠢᠨ ᠪᠣᠬᠢᠷᠳᠤᠯ ᠠᠴᠠ ᠪᠣᠯᠵᠤ ᠮᠠᠯ ᠰᠥᠷᠦᠭ ᠬᠤᠬᠢᠷᠠᠵᠤ ᠬᠥᠮᠥᠨ ᠮᠠᠯ ᠬᠤᠣᠷ ᠠᠮᠰᠠᠵᠤ ᠪᠠᠶᠢᠬᠤ᠂ ᠰᠤᠷᠭᠠᠭᠤᠯᠢ ᠶᠢᠨ ᠭᠡᠷ ᠪᠠᠷᠢᠯᠭ᠎ᠠ᠂ ᠬᠦᠷᠢᠶ᠎ᠡ ᠬᠠᠰᠢᠶ᠎ᠠ ᠶᠢᠨ ᠴᠢᠨᠠᠷ ᠮᠠᠭᠤ᠂ ᠡᠮᠴᠢ ᠰᠤᠪᠢᠯᠠᠭᠴᠢ ᠶᠢᠨ ᠠᠵᠢᠯᠯᠠᠬᠤ ᠨᠥᠬᠦᠴᠡᠯ ᠪᠠᠷᠤᠭᠲᠠᠢ᠂ ᠪᠠᠭᠠᠴᠤᠳ ᠬᠡᠦᠬᠡᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠬᠠᠯᠠᠮᠵᠢᠯᠠᠬᠤ᠂ ᠮᠠᠯᠴᠢᠳ ᠤᠨ ᠳᠠᠷᠤᠭᠠᠰᠤ ᠶᠢ ᠬᠥᠩᠭᠡᠷᠡᠭᠦᠯᠬᠦ ᠵᠡᠷᠭᠡ ᠥᠷᠭᠡᠨ ᠣᠯᠠᠨ ᠲᠦᠮᠡᠨ ᠤ ᠡᠷᠡᠭᠦᠯ ᠮᠡᠨᠳᠦ᠂ ᠠᠰᠢᠭ ᠲᠤᠰᠠ ᠳᠤ ᠬᠤᠯᠪᠣᠭᠳᠠᠵᠤ ᠪᠠᠶᠢᠭ᠎ᠠ ᠠᠰᠠᠭᠤᠳᠠᠯ ᠤᠳ ᠢ ᠰᠠᠶᠢᠵᠢᠷᠠᠭᠤᠯᠬᠤ ᠬᠡᠷᠡᠭᠲᠡᠢ ᠭᠡᠬᠦ ᠮᠡᠲᠦ ᠶᠢᠨ ᠰᠠᠨᠠᠯ ᠰᠠᠨᠠᠭᠤᠯᠭ᠎ᠠ ᠭᠠᠷᠭᠠᠵᠤ ᠦᠷ᠎ᠡ ᠠᠰᠢᠭ ᠲᠠᠢ ᠬᠠᠷᠢᠭᠤ ᠲᠤᠰᠬᠠᠯ ᠣᠯᠪᠠ᠃ ᠲᠡᠷᠡ ᠭᠠᠴᠠᠭᠠᠨ ᠳᠠᠭᠠᠨ ︽ᠰᠠᠶᠢᠨ ᠬᠠᠳᠠᠮ ᠠᠪᠤ ᠡᠵᠢ︾ ᠶᠢᠨ ᠠᠯᠳᠠᠷ ᠢ ᠣᠯᠵᠤ᠂ ᠪᠥᠬᠦ ᠤᠯᠤᠰ ᠤᠨ ᠡᠮᠡᠭᠲᠡᠶᠢᠴᠦᠳ ᠤᠨ ᠬᠤᠯᠪᠣᠭ᠎ᠠ᠂ ᠬᠥᠳᠡᠭᠡ ᠠᠵᠤ ᠠᠬᠤᠢ ᠶᠢᠨ ᠶᠠᠮᠤᠨ᠂ ᠣᠢ ᠰᠢᠭᠤᠢ ᠶᠢᠨ ᠶᠠᠮᠤᠨ᠂ ᠤᠯᠤᠰ ᠤᠨ ᠰᠤᠷᠭᠠᠨ ᠬᠥᠮᠦᠵᠢᠯ ᠤᠨ ᠵᠥᠪᠯᠡᠯ᠂ ᠤᠯᠤᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠵᠥᠪᠯᠡᠯ᠂ ᠲᠥᠷᠥ ᠶᠢᠨ ᠶᠠᠪᠤᠳᠠᠯ ᠤᠨ ᠬᠤᠷᠢᠶ᠎ᠠ ᠶᠢᠨ ᠶᠠᠳᠠᠭᠤ ᠶᠢ ᠳᠡᠳᠬᠦᠬᠦ ᠨᠡᠭᠡᠭᠡᠨ ᠬᠥᠭᠵᠢᠭᠦᠯᠬᠦ ᠤᠳᠤᠷᠢᠳᠬᠤ ᠳᠤᠭᠤᠶᠢᠯᠠᠩ ᠵᠡᠷᠭᠡ ᠣᠯᠠᠨ ᠨᠢᠭᠡᠴᠡ ᠬᠠᠮᠲᠤᠷᠠᠨ ᠵᠣᠬᠢᠶᠠᠨ ᠪᠠᠶᠢᠭᠤᠯᠤᠭᠰᠠᠨ ᠪᠥᠬᠦ ᠤᠯᠤᠰ ᠤᠨ ᠦᠨᠳᠦᠰᠦᠲᠡᠨ ᠨᠦᠭᠦᠳ ᠤᠨ ᠬᠥᠳᠡᠭᠡ ᠲᠣᠰᠬᠤᠨ ᠤ ᠡᠮᠡᠭᠲᠡᠶᠢᠴᠦᠳ ᠤᠨ ᠳᠤᠮᠳᠠ ᠥᠷᠨᠢᠭᠦᠯᠦᠭᠰᠡᠨ ᠪᠢᠴᠢᠭ ᠰᠣᠶᠣᠯ ᠰᠤᠷᠴᠤ᠂ ᠮᠡᠳᠡᠯᠭᠡ ᠮᠡᠷᠭᠡᠵᠢᠯ ᠰᠤᠷᠴᠤ᠂ ᠠᠮᠵᠢᠯᠲᠠ ᠪᠦᠲᠦᠮᠵᠢ ᠪᠠᠨ ᠠᠳᠠᠯᠢᠳᠬᠠᠬᠤ᠂ ᠭᠠᠪᠢᠶ᠎ᠠ ᠵᠢᠳᠬᠦᠯ ᠢᠶᠠᠨ ᠠᠳᠠᠯᠢᠳᠬᠠᠬᠤ ︽ᠬᠤᠶᠠᠷ ᠢ ᠰᠤᠷᠴᠤ ᠬᠤᠶᠠᠷ ᠢ ᠠᠳᠠᠯᠢᠳᠬᠠᠬᠤ︾ ᠤᠷᠤᠯᠳᠤᠭᠠᠨ ᠠᠵᠢᠯᠯᠠᠭᠠᠨ ᠳᠤ ᠢᠳᠡᠪᠬᠢᠯᠡᠨ ᠣᠷᠣᠯᠴᠠᠭᠠᠳ᠂ 1999 ᠣᠨ ᠤ 3 ᠰᠠᠷ᠎ᠠ ᠳᠤ ᠪᠠᠭᠠᠷᠢᠨ ᠪᠠᠷᠠᠭᠤᠨ ᠬᠤᠰᠢᠭᠤᠨ ᠤ ᠨᠠᠮ ᠤᠨ ᠬᠤᠷᠢᠶ᠎ᠠ ᠠᠷᠠᠳ ᠤᠨ ᠵᠠᠰᠠᠭ ᠤᠨ ᠣᠷᠳᠣᠨ ᠤ ᠪᠥᠬᠦ ᠬᠤᠰᠢᠭᠤᠨ ᠤ ᠬᠥᠳᠡᠭᠡ ᠲᠣᠰᠬᠤᠨ ᠮᠠᠯᠵᠢᠬᠤ ᠣᠷᠣᠨ ᠤ ᠡᠮᠡᠭᠲᠡᠶᠢᠴᠦᠳ ᠤᠨ ︽ᠡᠮᠡᠭᠲᠡᠢ ᠴᠢᠳᠠᠪᠤᠷᠢᠲᠠᠨ︾ ᠤ ᠠᠯᠳᠠᠷ ᠢ ᠬᠦᠷᠲᠡᠵᠡᠢ᠃          ᠳᠣᠪᠲᠣᠯᠵᠤ ᠶᠠᠪᠤᠬᠤ ᠳᠤ ᠳᠡᠯᠡᠬᠡᠢ ᠪᠠᠶᠠᠰᠴᠦ᠂ ᠳᠠᠭᠤᠯᠠᠵᠤ ᠶᠠᠪᠤᠬᠤ ᠳᠤ ᠳᠠᠶᠠᠭᠠᠷ ᠪᠠᠶᠠᠰᠤᠨ᠎ᠠ᠃ ᠣᠳᠬᠠᠨᠴᠡᠴᠡᠭ ᠨᠤᠲᠤᠭ ᠤᠨ ᠨᠠᠷᠠᠲᠤ ᠡᠮᠴᠢ ᠶᠠᠪᠤᠭᠰᠠᠨ ᠠᠪᠤ ᠶᠢᠨ ᠢᠶᠠᠨ ᠨᠥᠯᠥᠭᠡ ᠪᠠᠷ ᠡᠮ ᠡᠮᠴᠢᠯᠡᠭᠡᠨ ᠢ ᠲᠥᠰᠥᠭᠡᠯᠡᠨ ᠤᠯᠠᠮᠵᠢᠯᠠᠵᠤ ᠡᠬᠡ ᠪᠠᠷᠢᠭᠴᠢ ᠪᠣᠯᠵᠤ ᠭᠢᠯᠠᠷᠠᠭᠤᠯᠵᠤ ᠶᠠᠪᠤᠭᠰᠠᠨ ᠪᠥᠭᠡᠳ ᠪᠠᠰᠠ ᠤᠷᠠᠨ ᠭᠠᠷ ᠲᠠᠢ ᠡᠵᠢ ᠶᠢᠨ ᠢᠶᠠᠨ ᠣᠶᠣᠭᠰᠠᠨ ᠳᠠᠪᠠᠯ ᠲᠡᠷᠯᠢᠭ ᠢ ᠡᠮᠦᠰᠴᠦ ᠨᠣᠣᠷᠭᠠᠢ ᠭᠤᠣᠯ ᠢ ᠲᠠᠭᠠᠵᠤ ᠠᠭᠤᠯᠠᠨ ᠪᠠᠯ ᠢᠶᠠᠷ ᠬᠤᠨᠢ ᠮᠠᠯ ᠬᠠᠷᠢᠭᠤᠯᠵᠤ ᠳᠠᠭᠤᠤ ᠳᠠᠭᠤᠯᠠᠵᠤ ᠬᠠᠩᠭᠢᠨᠠᠭᠤᠯᠵᠤ ᠶᠠᠪᠤᠵᠠᠢ᠃ ᠲᠡᠭᠦᠨ ᠤ ᠬᠠᠭᠤᠴᠢᠯᠠᠬᠤ ᠪᠠᠷ᠂ ᠲᠡᠷᠡ ᠰᠤᠷᠭᠠᠭᠤᠯᠢ ᠳᠤ ᠰᠠᠭᠤᠭᠠᠳ ᠪᠢᠴᠢᠭ ᠳᠡᠮᠡᠢ ᠰᠣᠷᠣᠭᠰᠠᠨ ᠦᠭᠡᠢ ᠪᠣᠯᠪᠠᠴᠤ᠂ ᠬᠠᠷᠢᠨ ᠳᠠᠭᠤᠴᠢᠨ ᠠᠪᠠᠭ᠎ᠠ ᠡᠭᠡᠴᠢ ᠪᠠᠨ ᠳᠠᠭᠠᠵᠤ ᠠᠷᠠᠳ ᠤᠨ ᠳᠠᠭᠤᠤ ᠣᠪᠣᠭ᠎ᠠ ᠠᠷᠪᠢᠨ ᠰᠤᠷᠴᠤ ᠴᠡᠭᠡᠵᠢᠯᠡᠭᠰᠡᠨ ᠶᠤᠮ ᠪᠠᠶᠢᠨ᠎ᠠ᠃ ᠲᠡᠷᠡ ︽ᠠᠯᠲᠠᠨ ᠪᠣᠭᠳᠠ ᠶᠢᠨ ᠰᠢᠯᠢ︾ ︽ᠡᠭᠦᠯᠡᠨ ᠬᠥᠬᠡ︾ ︽ᠪᠠᠶᠠᠨ ᠲᠤᠩᠭᠠᠯᠠᠭ ᠨᠤᠲᠤᠭ︾ ︽ᠠᠯᠲᠠᠨ ᠪᠣᠳᠢ︾ ᠵᠡᠷᠭᠡ ᠤᠷᠲᠤ ᠶᠢᠨ ᠳᠠᠭᠤᠤ᠂ ᠠᠷᠠᠳ ᠤᠨ ᠳᠠᠭᠤᠤ᠂ ᠵᠣᠬᠢᠶᠠᠯ ᠤᠨ ᠳᠠᠭᠤᠤ ᠶᠢ 120 ᠰᠢᠬᠠᠮ ᠪᠠᠳᠠᠭ ᠢ ᠴᠡᠭᠡᠵᠢ ᠪᠠᠷ ᠠᠯᠳᠠᠯ ᠦᠭᠡᠢ ᠰᠠᠶᠢᠬᠠᠨ ᠳᠠᠭᠤᠯᠠᠳᠠᠭ᠃ ᠭᠡᠷ ᠪᠦᠯᠢ ᠶᠢᠨ ᠠᠮᠢᠳᠤᠷᠠᠯ ᠤᠨ ᠬᠦᠴᠢᠷᠳᠡᠯ ᠪᠠ ᠲᠤᠬᠠᠢ ᠶᠢᠨ ᠨᠥᠬᠦᠴᠡᠯ ᠠᠴᠠ ᠪᠣᠯᠵᠤ᠂ ᠲᠡᠷᠡ 14 ᠨᠠᠰᠤᠲᠠᠢ ᠰᠤᠷᠭᠠᠭᠤᠯᠢ ᠠᠴᠠ ᠭᠠᠷᠤᠭᠠᠳ ᠭᠡᠷ ᠤᠨ ᠠᠵᠢᠯ ᠬᠢᠵᠦ ᠬᠤᠨᠢ ᠮᠠᠯ ᠬᠠᠷᠢᠭᠤᠯᠵᠤ ᠬᠠᠮᠲᠤ ᠨᠡᠶᠢᠲᠡ ᠶᠢᠨ ᠬᠥᠳᠡᠯᠮᠦᠷᠢ ᠳᠤ ᠣᠷᠣᠯᠴᠠᠵᠠᠢ᠃ ᠨᠢᠭᠡ ᠤᠳᠠᠭ᠎ᠠ᠂ ᠬᠤᠰᠢᠭᠤᠨ ᠤ ᠤᠯᠠᠭᠠᠨᠮᠥ᠋ᠴᠢᠷ ᠤᠨ ᠬᠢᠨ ᠢᠷᠡᠵᠦ᠂ ᠲᠡᠭᠦᠨ ᠢ ᠲᠤᠰᠬᠠᠢ ᠲᠣᠭᠯᠠᠭᠴᠢ ᠪᠠᠷ ᠡᠯᠰᠡᠨ᠎ᠡ ᠭᠡᠰᠡᠨ ᠳᠤ ᠭᠡᠷ ᠤᠨ ᠠᠬᠠᠮᠠᠳ ᠨᠢ ᠵᠥᠪᠰᠢᠶᠡᠷᠡᠭᠰᠡᠨ ᠦᠭᠡᠢ ᠨᠢ ᠲᠡᠭᠦᠨ ᠳᠤ ᠮᠠᠰᠢ ᠶᠡᠭᠡ ᠬᠠᠷᠠᠮᠰᠠᠯ ᠦᠯᠡᠳᠡᠭᠡᠵᠡᠢ᠃ ᠳᠡᠭᠡᠷ᠎ᠡ ᠵᠠᠭᠤᠨ ᠤ ᠵᠢᠷᠠᠭᠠᠳ ᠣᠨ ᠤ ᠰᠡᠭᠦᠯᠴᠢ ᠳᠤ᠂ ᠲᠦᠮᠡᠨ ᠣᠯᠠᠨ ᠢᠶᠠᠷ ᠢᠶᠠᠨ ᠳᠠᠶᠢᠨ ᠳᠤ ᠪᠡᠯᠡᠳᠬᠡᠵᠦ ᠭᠠᠴᠢᠭ ᠲᠤ ᠪᠡᠯᠡᠳᠬᠡᠵᠦ ᠪᠠᠶᠢᠭᠰᠠᠨ ᠦᠶ᠎ᠡ ᠪᠠᠷ᠂ ᠪᠠᠳᠮ᠎ᠠ ᠯᠢᠩᠬᠸ᠎ᠠ ᠴᠡᠴᠡᠭ ᠰᠢᠭ ᠪᠠᠭ᠎ᠠ ᠵᠠᠯᠠᠭᠤ ᠨᠠᠰᠤ ᠲᠠᠢ ᠳᠠᠭᠠᠨ᠂ ᠣᠳᠬᠠᠨᠴᠡᠴᠡᠭ ᠰᠤᠮᠤᠨ ᠤ ᠪᠠᠨ ᠤᠷᠠᠨ ᠰᠠᠶᠢᠬᠠᠨ ᠤ ᠪᠦᠯᠬᠦᠮ ᠳᠤ ᠣᠷᠣᠭᠠᠳ ᠠᠳᠡᠬᠢ ᠰᠠᠭᠤᠭ᠎ᠠ ᠬᠢᠯᠢ ᠶᠢᠨ ᠬᠠᠮᠠᠭᠠᠯᠠᠯᠲᠠ ᠶᠢᠨ ᠴᠡᠷᠢᠭ ᠠᠩᠬᠢ ᠶᠢᠨ ᠬᠤᠸᠠᠷᠠᠨ ᠳᠤ ᠣᠴᠢᠭᠠᠳ ᠠᠷᠠᠳ ᠤᠨ ᠬᠡᠦᠬᠡᠳ ᠳᠡᠭᠦᠦᠨᠡᠷ ᠴᠡᠷᠢᠭ ᠤᠨ ᠳᠠᠷᠤᠭ᠎ᠠ ᠪᠠᠶᠢᠯᠳᠤᠭᠴᠢᠳ ᠢᠶᠠᠨ ᠲᠣᠬᠤᠨᠢᠭᠤᠯᠬᠤ ᠤᠷᠠᠨ ᠰᠠᠶᠢᠬᠠᠨ ᠤ ᠲᠣᠭᠯᠠᠯᠲᠠ ᠭᠠᠷᠭᠠᠵᠤ᠂ ︽ᠨᠡᠷᠠ ᠪᠣᠯ ᠳᠠᠷᠤᠢ ᠡᠪ ᠬᠠᠮᠲᠤ ᠨᠠᠮ︾ ᠬᠡᠮᠡᠬᠦ ᠳᠠᠭᠤᠤ ᠶᠢ ᠬᠢᠲᠠᠳ ᠢᠶᠠᠷ ᠳᠠᠭᠤᠯᠠᠭᠠᠳ᠂ ᠠᠷᠠᠢ ᠨᠢᠭᠡ ᠪᠠᠳᠠᠭ ᠳᠠᠭᠤᠯᠠᠬᠤ ᠳᠤ ᠯᠠ ᠲᠡᠷᠡ ᠣᠯᠠᠨ ᠴᠡᠷᠢᠭ ᠨᠠᠵᠢᠭᠢᠨᠠᠲᠠᠯ᠎ᠠ ᠠᠯᠠᠭ᠎ᠠ ᠲᠠᠰᠢᠵᠤ᠂ ᠲᠡᠭᠦᠨ ᠢ ᠳᠠᠷᠠᠭᠠᠬᠢ ᠪᠠᠳᠠᠭ ᠢᠶᠠᠨ ᠳᠠᠭᠤᠯᠠᠬᠤ ᠪᠠᠨ ᠮᠠᠷᠲᠠᠲᠠᠯ᠎ᠠ ᠳᠣᠭᠳᠣᠯᠤᠭᠤᠯᠤᠭᠰᠠᠨ ᠤᠳᠠᠭ᠎ᠠ ᠲᠠᠢ ᠶᠤᠮ ᠭᠡᠳᠡᠭ᠃ ᠲᠡᠭᠦᠨ ᠤ ︽ᠪᠡᠭᠡᠵᠢᠩ ᠤᠨ ᠵᠢᠩᠱᠠᠨ ᠠᠭᠤᠯᠠ︾ ᠭᠡᠳᠡᠭ ᠳᠠᠭᠤᠤ ᠶᠢ ᠮᠣᠩᠭᠤᠯ ᠬᠢᠲᠠᠳ ᠲᠥᠪᠡᠳ ᠭᠤᠷᠪᠠᠨ ᠬᠡᠯᠡ ᠪᠠᠷ ᠳᠠᠭᠤᠯᠠᠵᠤ ᠪᠠᠶᠢᠭᠰᠠᠨ ᠪᠠ ᠪᠠᠰᠠ ᠣᠯᠠᠨ ᠨᠡᠶᠢᠲᠡ ᠶᠢᠨ ᠬᠤᠷᠠᠯ ᠴᠤᠭᠯᠠᠭᠠᠨ᠂ ᠠᠶᠢᠯ ᠠᠶᠢᠮᠠᠭ ᠤᠨ ᠢᠶᠠᠨ ᠭᠡᠣᠬᠡᠨ ᠥᠭᠬᠦ᠂ ᠪᠠᠷᠢ ᠪᠠᠭᠤᠯᠭᠠᠬᠤ ᠵᠡᠷᠭᠡ ᠬᠤᠷᠢᠮ ᠨᠠᠶᠢᠷ ᠳᠡᠭᠡᠷ᠎ᠡ ᠤᠷᠢᠭᠳᠠᠵᠤ ᠬᠥᠷᠥᠭᠡᠳ ᠤᠶᠠᠩᠭ᠎ᠠ ᠲᠠᠢ ᠰᠠᠶᠢᠬᠠᠨ ᠳᠠᠭᠤᠤ ᠨᠤᠭᠤᠳ ᠢᠶᠠᠨ ᠡᠷᠭᠦᠵᠦ ᠪᠠᠶᠢᠭᠰᠠᠨ ᠢ ᠠᠶᠢᠯ ᠰᠠᠭᠠᠬᠠᠯᠲᠠ ᠶᠢᠨ ᠬᠢᠨ ᠣᠳᠣ ᠪᠣᠯᠲᠠᠯ᠎ᠠ ᠮᠠᠭᠲᠠᠨ ᠶᠠᠷᠢᠭᠰᠠᠭᠠᠷ ᠁᠃ ᠭᠠᠩᠭᠠᠩ ᠰᠠᠶᠢᠬᠠᠨ ᠬᠤᠲᠠ ᠠᠶᠢᠯ ᠤᠨ ᠠᠭᠤᠯᠠ ᠶᠢᠨ ᠬᠤᠷᠴᠠ ᠤᠯᠠᠭᠠᠨ ᠴᠡᠴᠡᠭ ᠨᠢ ᠵᠣᠨ ᠤ ᠦᠳᠡ ᠶᠢᠨ ᠨᠠᠷᠠᠨ ᠳᠠᠭᠠᠨ ᠤᠯᠠᠮ ᠰᠠᠶᠢᠬᠠᠨ ᠳᠤᠯᠠᠯᠵᠠᠨ ᠮᠢᠰᠢᠶᠡᠬᠦ ᠳᠤ᠂ ᠰᠤᠷᠪᠤᠯᠵᠢᠯᠠᠭ᠎ᠠ ᠮᠠᠨᠢ ᠲᠦᠷ ᠵᠠᠪᠰᠠᠷᠯᠠᠬᠤ ᠪᠣᠯᠵᠠᠢ᠃ ᠣᠳᠬᠠᠨᠴᠡᠴᠡᠭ ᠨᠠᠰᠤᠲᠠᠨ ᠮᠠᠨᠤᠰ ᠲᠤ ᠬᠡᠳᠦᠨ ᠠᠶ᠎ᠠ ᠳᠠᠭᠤᠤ ᠳᠠᠭᠤᠯᠠᠵᠤ ᠢᠷᠦᠭᠡᠯ ᠵᠥᠩᠨᠡᠯ ᠢᠶᠠᠨ ᠬᠠᠶᠢᠷᠠᠯᠠᠵᠤ ᠱᠠᠩᠨᠠᠪᠠ᠃ ︽ᠤᠯᠠᠷᠢᠯ ᠤᠨ ᠰᠠᠶᠢᠬᠠᠨ ᠵᠣᠨ ᠳᠠᠭᠠᠨ ᠤᠯᠠᠪᠤᠷ ᠯᠢᠩᠬ᠊ ᠤᠠ᠋ ᠠᠩᠬᠢᠯᠤᠭᠠᠳ᠂ ᠥᠨᠳᠥᠷ ᠠᠭᠤᠯᠠ ᠶᠢᠨ ᠴᠠᠬᠢᠷᠮ᠎ᠠ ᠴᠡᠴᠡᠭ ᠤᠨ ᠨᠠᠪᠴᠢ ᠨᠢ ᠤᠷᠲᠤ ᠡ ᠬᠦᠢ᠃ ᠦᠵᠡᠮᠵᠢᠲᠦ ᠭᠤᠶᠣᠬᠠᠨ ᠴᠡᠴᠡᠭ ᠨᠢ ᠥᠨᠳᠥᠷ ᠠᠭᠤᠯᠠᠨ ᠳᠤ ᠪᠠᠳᠮᠠᠯᠠᠭᠠᠳ ᠥᠩᠭᠡᠲᠦ ᠰᠠᠶᠢᠬᠠᠨ ᠴᠡᠴᠡᠭ ᠢᠶᠠᠨ ᠠᠴᠢᠲᠤ ᠨᠠᠮ ᠳᠠᠭᠠᠨ ᠪᠡᠯᠡᠭᠯᠡᠶ᠎ᠡ ᠬᠦᠢ ᠁︾ ᠨᠠᠰᠤᠲᠠᠨ ᠤ ᠳᠠᠭᠤᠯᠠᠭᠰᠠᠨ ︽ᠴᠠᠬᠢᠷᠮ᠎ᠠ ᠴᠡᠴᠡᠭ︾ ᠭᠡᠳᠡᠭ ᠠᠶᠢᠵᠠᠮ ᠰᠡᠳᠬᠢᠯᠭᠡ ᠲᠠᠢ ᠳᠠᠭᠤᠤ ᠠᠭᠤᠯᠠ ᠶᠢᠨ ᠴᠠᠭᠠᠨ᠎ᠠ ᠬᠦᠷᠲᠡᠯ᠎ᠡ ᠴᠤᠤᠷᠢᠶᠠᠯᠠᠵᠤ᠂ ᠮᠢᠨᠤ ᠰᠡᠳᠬᠢᠯ ᠤᠨ ᠬᠥᠪᠴᠢ ᠶᠢ ᠲᠠᠲᠠᠵᠤ ᠦᠶ᠎ᠡ ᠦᠶ᠎ᠡ ᠬᠡᠭᠦᠳᠡᠭ ᠴᠡᠭᠡᠵᠢᠨ ᠳᠤ ᠳᠠᠭᠤᠷᠢᠰᠤᠨ᠎ᠠ᠃   
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ