ᠡᠷᠡᠭᠳᠠᠶᠢᠴᠤᠳ ᠤᠨ ᠳᠡᠪᠡᠯ ᠲᠡᠷᠯᠢᠭ ᠨᠢ ᠶᠡᠷᠦ ᠨᠢ ᠣᠷᠴᠢᠨ ᠲᠣᠭᠤᠷᠢᠨ ᠪᠠ ᠠᠵᠢᠯ ᠲᠦᠷᠦᠯ ᠳᠤᠨᠢ ᠵᠣᠬᠢᠴᠠᠭᠤᠯᠵᠦ᠂ ᠢᠯᠠᠩᠭᠤᠶ᠎ᠠ ᠡᠷ᠎ᠡ ᠬᠦᠮᠦᠨ ᠤ ᠬᠡᠪ | ᠨᠠᠮᠪᠠ᠂ ᠬᠦᠳᠡᠯᠦᠯ ᠪᠠᠶᠢᠳᠠᠯ ᠳᠤ ᠵᠣᠬᠢᠴᠠᠭᠤᠯᠵᠦ ᠡᠯᠪᠡᠭ ᠠᠭᠤᠵᠢᠮ ᠬᠢᠳᠡᠭ᠃ ᠡᠨᠡ ᠲᠣᠬᠠᠢ᠄ ︽ᠤᠷᠭ᠎ᠠ ᠶᠢᠨ ᠤᠷᠳᠤ ᠶᠢ ᠪᠠᠷᠢᠨ᠎ᠠ ᠭᠡᠵᠦ \ ᠠᠭᠤᠵᠢᠮ ᠰᠤᠭᠤ | ᠲᠠᠯᠪᠢᠯ᠎ᠠ \ ᠠᠭᠤᠯᠠᠨ ᠤ ᠵᠢᠪᠡᠷ ᠤᠨᠠᠨ᠎ᠠ ᠭᠡᠵᠦ ᠤᠨᠠᠭᠠᠨ ᠲᠤᠭᠤᠷᠠᠢ ᠨᠢᠳᠤᠷᠭ᠎ᠠ ᠲᠠᠯᠪᠢᠯ᠎ᠠ \ ᠡᠷᠭᠢᠴᠡᠭᠡ ᠮᠣᠷᠢᠨ ᠤ ᠡᠷᠭᠢᠭᠡ ᠶᠢ ᠪᠣᠳᠤᠵᠦ \ ᠡᠯᠪᠡᠭ ᠰᠠᠶᠢᠬᠠᠨ | ᠲᠠᠰᠢᠶ᠎ᠠ ᠲᠠᠯᠪᠢᠯ᠎ᠠ︾ ᠭᠡᠰᠡᠨ ᠰᠢᠯᠦᠭ ᠪᠠᠶᠢᠳᠠᠭ᠃ ᠡᠷᠡᠭᠳᠠᠶᠢᠴᠤᠳ ᠤᠨ ᠳᠡᠪᠡᠯ ᠲᠡᠷᠯᠢᠭ ᠨᠢ ᠮᠦᠨ ᠲᠡᠳᠡ ᠨᠠᠷ ᠤᠨ ᠮᠠᠯᠠᠭᠠᠢ ᠠᠯᠴᠢᠭᠤᠷ ᠲᠠᠢ ᠠᠳᠠᠯᠢ ᠪᠠᠷ ᠡᠷ᠎ᠡ | ᠬᠦᠮᠦᠨ ᠤ ᠡᠷᠡᠯᠬᠡᠭ ᠪᠠᠭᠠᠳᠤᠷ ᠣᠮᠤᠭ ᠵᠣᠷᠢᠭ᠂ ᠡᠯᠢᠭᠡᠰᠡᠭ ᠵᠣᠴᠢᠨᠰᠠᠭ ᠵᠠᠩ ᠴᠢᠨᠠᠷ᠂ ᠠᠭᠤᠳᠠᠮ ᠲᠡᠨᠢᠭᠦᠨ ᠰᠠᠨᠠᠭ᠎ᠠ ᠰᠡᠳᠭᠢᠯ᠂ ᠤᠷᠠᠨ ᠰᠠᠮᠪᠠᠭ᠎ᠠ ᠪᠦᠬᠦᠢ | ᠤᠬᠠᠭᠠᠨ ᠪᠣᠳᠤᠯᠭ᠎ᠠ ᠶᠢ ᠲᠣᠳᠤᠷᠬᠠᠢ ᠬᠠᠷᠠᠭᠤᠯᠵᠦ ᠪᠠᠶᠢᠳᠠᠭ᠃ ᠠᠷᠠᠳ ᠤᠨ ᠶᠠᠷᠢᠶᠠᠨ ᠳᠤ ︽ᠬᠦᠮᠦᠨ ᠳᠤ ᠲᠦᠷᠦᠭᠦᠦ ᠲᠠᠢ᠂ ᠬᠤᠪᠴᠠᠰᠤᠨ ᠳᠤ ᠵᠠᠭᠠᠮ᠎ᠠ ᠲᠠᠢ︾ | ᠭᠡᠳᠡᠭᠴᠢᠯᠡᠨ ᠳᠡᠪᠡᠯ ᠲᠡᠷᠯᠢᠭ ᠤᠨ ᠵᠠᠭᠠᠮ᠎ᠠ ︵ᠵᠠᠬ᠎ᠠ︶ ᠶᠢ ᠮᠦᠨ ᠬᠦᠮᠦᠨ ᠤ ᠬᠡᠶᠢᠮᠤᠷᠢ᠂ ᠰᠦᠷ ᠰᠦᠯᠳᠡ ᠲᠠᠢ ᠬᠤᠯᠪᠤᠨ ᠦᠵᠡᠳᠡᠭ᠃ ᠡᠶᠢᠮᠦ ᠠᠴᠠ ᠳᠡᠪᠡᠯ | ᠴᠠᠮᠴᠠ ᠬᠠᠨᠵᠢᠶᠠᠷ ᠬᠠᠨᠳᠠᠭᠠᠵᠠ ᠶᠢᠨ ᠵᠠᠭᠠᠮ᠎ᠠ ᠶᠢ ᠳᠣᠷᠤᠭᠰᠢ ᠬᠠᠨᠳᠤᠭᠤᠯᠬᠤ ᠦᠭᠡᠢ᠂ ᠵᠠᠭᠠᠮ᠎ᠠ ᠳᠡᠭᠡᠷ᠎ᠡ ᠭᠢᠰᠬᠢᠬᠦ ᠦᠭᠡᠢ᠂ ᠵᠠᠭᠠᠮ᠎ᠠ ᠦᠭᠡᠢ ᠳᠡᠪᠡᠯ ᠲᠡᠷᠯᠢᠭ | ᠡᠮᠦᠰᠳᠡᠭ ᠦᠭᠡᠢ ᠪᠦᠭᠡᠳ ᠬᠠᠭᠤᠴᠢᠷᠠᠭᠰᠠᠨ ᠨᠡᠪᠳᠡᠷᠬᠠᠢ ᠳᠡᠪᠡᠯ ᠲᠡᠷᠯᠢᠭ ᠤᠨ ᠵᠠᠭᠠᠮ᠎ᠠ ᠶᠢ ᠳᠤᠷ᠎ᠠ ᠪᠠᠷ ᠬᠠᠶᠠᠬᠤ ᠦᠭᠡᠢ ᠤᠳᠠᠷᠴᠦ ᠠᠪᠤᠭᠠᠳ ᠭᠠᠯ ᠳᠤ ᠲᠦᠯᠡᠳᠡᠭ᠃ | ᠢᠯᠠᠩᠭᠤᠶ᠎ᠠ ᠦᠷᠦᠭᠡᠯ ᠪᠣᠰᠤᠳ ᠢ ᠵᠠᠭᠠᠮᠠᠳᠠᠬᠤ ᠶᠢ ᠣᠨᠴᠠ ᠴᠡᠭᠡᠷᠯᠡᠳᠡᠭ᠃ ᠡᠩᠭᠡᠷ ᠵᠠᠭᠠᠮ᠎ᠠ ᠪᠠᠨ ᠰᠤᠯᠠ ᠵᠠᠳᠠᠭᠠᠢ ᠶᠠᠪᠤᠬᠤ ᠶᠢ ᠴᠡᠭᠡᠷᠯᠡᠳᠡᠭ᠃ ᠰᠤᠯᠠ ᠵᠠᠳᠠᠭᠠᠢ | ᠪᠠᠶᠢᠯᠭᠠᠬᠤ ᠨᠢ ᠪᠡᠯᠪᠡᠰᠦᠷᠡᠭᠰᠡᠨ ᠤ ᠰᠢᠨᠵᠢ ᠭᠡᠳᠡᠭ᠃ ᠡᠨᠡ ᠨᠢ ᠲᠡᠭᠦᠨ ᠢ ᠲᠦᠢᠯ ᠢᠶᠠᠷ ᠳᠣᠷᠤᠮᠵᠢᠯᠠᠭᠰᠠᠨ ᠶᠠᠪᠤᠳᠠᠯ ᠭᠡᠵᠦ ᠦᠵᠡᠳᠡᠭ᠃ ᠳᠡᠪᠡᠯ ᠲᠡᠷᠯᠢᠭ ᠲᠤ | ᠳᠣᠷᠤᠭᠤ ᠲᠠᠢ ᠪᠠ ᠳᠣᠷᠤᠭᠤ ᠦᠭᠡᠢ ᠳᠡᠪᠡᠯ ᠲᠡᠷᠯᠢᠭ ᠭᠡᠵᠦ ᠭᠡᠵᠦ ᠬᠤᠶᠠᠷ ᠵᠦᠢᠯ ᠪᠠᠶᠢᠳᠠᠭ᠃ ᠳᠡᠪᠡᠯ ᠲᠡᠷᠯᠢᠭ ᠤᠨ ᠳᠤᠷᠤᠭᠤ ᠬᠦᠢᠳᠡᠨ ᠤᠯᠠᠷᠢᠯ ᠳᠤ ᠭᠠᠷ | ᠳᠤᠯᠠᠭᠠᠯᠠᠬᠤ ᠪᠣᠶᠤ ᠶᠠᠭᠤᠮ᠎ᠠ ᠶᠢ ᠵᠢᠬᠢᠷᠢᠭᠯᠡᠵᠦ ᠪᠠᠷᠢᠬᠤ ᠳᠤ ᠲᠤᠰᠠᠳᠠᠢ᠃ ᠪᠠᠶᠠᠷ ᠶᠣᠰᠤᠯᠠᠯ ᠤᠨ ᠲᠠᠯᠠᠪᠤᠷ ᠲᠤ ᠵᠠᠪᠠᠯ ᠳᠤᠷᠤᠭᠤ ᠲᠠᠢ ᠳᠡᠪᠡᠯ ᠲᠡᠷᠯᠢᠭ ᠡᠮᠦᠰᠳᠡᠭ᠃ | ᠳᠣᠷᠤᠭᠤ ᠦᠭᠡᠢ ᠳᠡᠪᠡᠯ ᠲᠡᠷᠯᠢᠭ ᠢ ᠭᠡᠷ ᠵᠠᠭᠤᠷ᠎ᠠ ᠪᠠᠨ ᠡᠮᠦᠰᠳᠡᠭ᠃ ᠳᠡᠪᠡᠯ ᠲᠡᠷᠯᠢᠭ ᠤᠨ ᠳᠣᠷᠤᠭᠤ ᠳᠡᠭᠡᠷ᠎ᠡ ᠦᠶ᠎ᠡ ᠳᠤ ᠵᠢᠵᠢᠭ ᠪᠠᠶᠢᠭᠰᠠᠨ ᠢᠶᠠᠨ ᠰᠡᠭᠦᠯᠴᠢ ᠶᠢᠨ | ᠦᠶ᠎ᠡ ᠳᠤ ᠣᠯᠠᠮ ᠲᠣᠮᠤ ᠬᠠᠯᠪᠠᠭᠠᠷ ᠪᠣᠯᠪᠠ᠃ ᠡᠶᠢᠮᠦ ᠠᠴᠠ ᠡᠩ ᠤᠨ ᠶᠠᠷᠢᠶᠠᠨ ᠳᠤ ︽ᠬᠠᠨᠴᠤᠢ ᠪᠠᠨ ᠳᠠᠭᠠᠭᠠᠪᠠᠯ ᠨᠢᠳᠤᠷᠭ᠎ᠠ ᠪᠠᠨ ᠶᠡᠭᠡ ᠬᠢ᠂ ᠲᠣᠭᠤᠨᠤ ᠪᠠᠨ | ᠳᠠᠭᠠᠭᠠᠪᠠᠯ ᠡᠷᠦᠬᠡ ᠪᠠᠨ ᠶᠡᠭᠡ ᠬᠢ︾ ᠭᠡᠰᠡᠨ ᠦᠭᠡ ᠪᠠᠶᠢᠳᠠᠭ᠃ ᠳᠡᠪᠡᠯ ᠲᠡᠷᠯᠢᠭ ᠤᠨ ᠳᠣᠷᠤᠭᠤ ᠶᠢᠨ ᠳᠡᠭᠡᠷ᠎ᠡ ᠬᠡᠰᠡᠭ ᠢ ᠣᠮᠤᠭ ᠭᠡᠳᠡᠭ᠃ ᠲᠡᠭᠦᠨ ᠢ ᠪᠠᠰᠠ ᠡᠷ᠎ᠡ | ᠬᠦᠮᠦᠨ ᠤ ᠰᠦᠷ ᠰᠦᠯᠳᠡ᠂ ᠬᠡᠶᠢᠮᠤᠷᠢ ᠲᠠᠢ ᠬᠤᠯᠪᠤᠭᠳᠠᠭᠤᠯᠤᠨ ᠦᠵᠡᠳᠡᠭ᠃ ᠳᠣᠷᠤᠭᠤ ᠶᠢ ᠲᠡᠷᠡ ᠲᠠᠢ ᠲᠡᠷᠡ ᠦᠭᠡᠢ ᠪᠠᠭᠤᠯᠭᠠᠵᠦ ᠪᠣᠯᠬᠤ ᠦᠭᠡᠢ᠃ ᠭᠠᠰᠢᠭᠤ | ᠪᠡᠯᠪᠡᠰᠦᠷᠡᠯ ᠪᠣᠯᠪᠠᠯ ᠰᠠᠶ᠋ᠢ ᠪᠠᠭᠤᠯᠭᠠᠳᠠᠭ᠃ ᠨᠠᠰᠦ ᠨᠦᠭᠴᠢᠭᠰᠡᠳ ᠤᠨ ᠭᠡᠷ ᠲᠤ ᠣᠷᠤᠬᠤ ᠳᠤ ᠲᠦᠰᠢᠭᠯᠡᠬᠦ ᠲᠦᠰᠢᠭ ᠦᠭᠡᠢ ᠪᠣᠯᠪᠠ ᠭᠡᠵᠦ ᠳᠣᠷᠤᠭᠤ ᠪᠠᠨ | ᠪᠠᠭᠤᠯᠭᠠᠵᠦ ᠣᠷᠤᠳᠠᠭ᠃ ᠡᠩ ᠤᠨ ᠶᠠᠷᠢᠶᠠᠨ ᠳᠤ ︽ᠲᠦᠷᠦᠭᠦᠦ ᠨᠢ ᠬᠠᠮᠢᠭᠠᠰᠢ ᠪᠠᠨ ᠪᠤᠯ ᠳᠣᠷᠤᠭᠤ ᠨᠢ ᠲᠡᠰᠢ ᠪᠠᠨ︾ ᠭᠡᠳᠡᠭ ᠵᠦᠢᠷ ᠦᠭᠡ ᠪᠠᠶᠢᠳᠠᠭ᠃ ᠬᠦᠳᠡᠭᠡ | ᠭᠠᠳᠠᠭ᠎ᠠ ᠬᠦᠢᠳᠡᠨ ᠳᠤ ᠳᠣᠷᠤᠭᠤ ᠪᠠᠨ ᠪᠠᠭᠤᠯᠭᠠᠵᠦ ᠶᠠᠪᠤᠵᠦ ᠪᠠᠶᠢᠭᠰᠠᠨ ᠪᠣᠯ ᠠᠶᠢᠯ ᠳᠤ ᠣᠷᠤᠬᠤ ᠦᠶᠡᠰ ᠳᠣᠷᠤᠭᠤ ᠪᠠᠨ ᠵᠠᠪᠠᠯ ᠰᠡᠭᠦᠵᠦ ᠣᠷᠤᠳᠠᠭ᠃ | ᠲᠠᠪᠠᠭ ᠲᠠᠢ ᠴᠠᠭᠠᠨ ᠢᠳᠡᠭᠡ᠂ ᠮᠢᠬ᠎ᠠ ᠰᠢᠭᠦᠰᠦ ᠶᠢ ᠠᠮᠰᠠᠵᠦ ᠢᠳᠡᠬᠦ ᠦᠶ᠎ᠡ ᠳᠤ ᠳᠣᠷᠤᠭᠤ ᠪᠠᠨ ᠳᠣᠳᠤᠭᠰᠢ ᠨᠤᠭᠤᠯᠳᠠᠭ᠃ ᠳᠡᠪᠡᠯ ᠲᠡᠷᠯᠢᠭ ᠢ ᠡᠮᠦᠰᠴᠦ | ᠲᠠᠶᠢᠯᠠᠬᠤ ᠳᠤ ᠪᠠᠰᠠ ᠵᠣᠬᠢᠬᠤ ᠶᠣᠰᠤ ᠭᠤᠷᠢᠮ ᠲᠠᠢ ᠪᠠᠶᠢᠳᠠᠭ᠃ ᠳᠡᠪᠡᠯ ᠲᠡᠷᠯᠢᠭ ᠢ ᠡᠮᠦᠰᠬᠦ ᠠᠴᠠ ᠡᠮᠦᠨ᠎ᠡ ᠡᠩᠭᠡᠷ ᠢ ᠨᠢ ᠪᠡᠶ᠎ᠡ ᠵᠦᠭ ᠢᠶᠠᠨ ᠬᠠᠨᠳᠤᠭᠤᠯᠵᠦ ᠬᠤᠶᠠᠷ | ᠮᠦᠷᠦᠨ ᠠᠴᠠ ᠨᠢ ᠪᠠᠷᠢᠵᠦ ᠬᠦᠩᠭᠡᠬᠡᠨ ᠰᠡᠭᠰᠦᠷᠡᠭᠡᠳ ᠨᠦᠮᠦᠷᠦᠭᠰᠡᠨ ᠤ ᠳᠠᠷᠠᠭ᠎ᠠ᠂ ᠤᠷᠢᠳᠠ ᠪᠠᠨ ᠪᠠᠷᠠᠭᠤᠨ ᠭᠠᠷ ᠢᠶᠠᠨ ᠬᠠᠨᠴᠦ᠋ᠢᠯᠠᠵᠦ᠂ ᠳᠠᠷᠠᠭ᠎ᠠ ᠨᠢ ᠪᠠᠷᠠᠭᠤᠨ | ᠭᠠᠷ ᠢᠶᠠᠷ ᠢᠶᠠᠨ ᠡᠩᠭᠡᠷ ᠢ ᠨᠢ ᠪᠠᠷᠢᠵᠦ ᠵᠡᠭᠦᠨ ᠭᠠᠷ ᠢᠶᠠᠨ ᠬᠠᠨᠴᠦ᠋ᠢᠯᠠᠳᠠᠭ᠃ ᠳᠡᠪᠡᠯ ᠲᠡᠷᠯᠢᠭ ᠢ ᠲᠣᠪᠴᠢᠯᠠᠬᠤ ᠳᠤ ᠤᠷᠢᠳᠠᠪᠠᠷ ᠵᠡᠭᠦᠨ ᠭᠠᠷ ᠤᠨ ᠳᠤᠮᠳᠠ᠂ | ᠳᠣᠯᠤᠪᠤᠷᠢ᠂ ᠡᠷᠡᠬᠡᠢ ᠬᠤᠷᠤᠭᠤ ᠪᠠᠷ ᠡᠩᠭᠡᠷ ᠤᠨ ᠲᠣᠪᠴᠢ ᠶᠢ ᠲᠣᠪᠴᠢᠯᠠᠵᠦ᠂ ᠳᠠᠷᠠᠭ᠎ᠠ ᠨᠢ ᠰᠤᠭᠤ᠂ ᠲᠠᠰᠢᠶ᠎ᠠ ᠶᠢᠨ ᠲᠣᠪᠴᠢ ᠶᠢ᠂ ᠬᠠᠮᠤᠭ ᠰᠡᠭᠦᠯ ᠳᠤᠨᠢ | ᠬᠤᠭᠤᠯᠠᠪᠴᠢ ᠶᠢᠨ ᠲᠣᠪᠴᠢ ᠶᠢ ᠲᠣᠪᠴᠢᠯᠠᠳᠠᠭ᠃ ᠵᠠᠷᠢᠮ ᠨᠤᠳᠤᠭ ᠳᠤ ᠵᠡᠭᠦᠨ ᠭᠠᠷ ᠢᠶᠠᠨ ᠬᠠᠨᠴᠦ᠋ᠢᠯᠠᠬᠤ ᠠᠴᠠ ᠡᠮᠦᠨ᠎ᠡ ᠲᠠᠰᠢᠶ᠎ᠠ᠂ ᠰᠤᠭᠤ ᠶᠢᠨ ᠲᠤᠪᠴᠢ ᠶᠢ | ᠲᠣᠪᠴᠢᠯᠠᠬᠤ ᠴᠦ ᠪᠠᠶᠢᠳᠠᠭ᠃ ᠡᠮᠦᠰᠦᠭᠰᠡᠨ ᠳᠡᠪᠡᠯ ᠲᠡᠷᠯᠢᠭ ᠢ ᠲᠠᠶᠢᠯᠠᠬᠤ ᠦᠶ᠎ᠡ ᠳᠤ ᠤᠷᠢᠳᠠ ᠪᠠᠷ ᠪᠦᠰᠡ ᠪᠠᠨ ᠨᠠᠷᠠ ᠪᠣᠷᠤᠭᠤ ᠡᠷᠭᠢᠭᠦᠯᠦᠨ ᠲᠠᠶᠢᠯᠠᠵᠦ᠂ | ᠳᠠᠷᠠᠭ᠎ᠠ ᠨᠢ ᠳᠡᠪᠡᠯ ᠲᠡᠷᠯᠢᠭ ᠤᠨ ᠵᠠᠭᠠᠮ᠎ᠠ᠂ ᠡᠩᠭᠡᠷ᠂ ᠰᠤᠭᠤ᠂ ᠲᠠᠰᠢᠶᠠᠨ ᠤ ᠲᠣᠪᠴᠢ ᠶᠢ ᠳᠠᠷᠠᠭᠠᠯᠠᠨ ᠠᠯᠳᠠᠷᠭᠠᠵᠦ᠂ ᠤᠷᠢᠳᠠ ᠪᠠᠷ ᠵᠡᠭᠦᠨ ᠬᠠᠨᠴᠤᠢ ᠪᠠᠨ | ᠲᠠᠶᠢᠯᠵᠦ᠂ ᠳᠠᠷᠠᠭ᠎ᠠ ᠨᠢ ᠪᠠᠷᠠᠭᠤᠨ ᠬᠠᠨᠴᠤᠢ ᠪᠠᠨ ᠲᠠᠶᠢᠯᠳᠠᠭ᠃ ᠳᠡᠪᠡᠯ ᠲᠡᠷᠯᠢᠭ ᠢᠶᠠᠨ ᠲᠠᠶᠢᠯᠤᠭᠰᠠᠨ ᠤ ᠳᠠᠷᠠᠭ᠎ᠠ ᠵᠦᠪ ᠡᠪᠬᠡᠵᠦ ᠵᠠᠭᠠᠮ᠎ᠠ ᠶᠢ ᠨᠢ ᠬᠤᠶᠢᠰᠢ | ᠬᠠᠷᠠᠭᠤᠯᠤᠨ ᠲᠠᠯᠪᠢᠳᠠᠭ᠃ ᠰᠢᠨ᠎ᠡ ᠳᠡᠪᠡᠯ ᠲᠡᠷᠯᠢᠭ ᠢ ᠰᠡᠭᠰᠦᠷᠴᠦ ᠡᠮᠦᠰᠳᠡᠭ ᠦᠭᠡᠢ᠂ ᠠᠩᠬ᠎ᠠ ᠡᠮᠦᠰᠬᠦ ᠳᠡᠭᠡᠨ ᠪᠡᠯᠬᠡ ᠳᠡᠮᠪᠡᠷᠢᠯ ᠲᠠᠢ ᠡᠳᠦᠷ ᠭᠡᠭᠳᠡᠳᠡᠭ ᠫᠦᠷᠪᠦ᠂ | ᠪᠠᠰᠠᠩ ᠭᠠᠷᠠᠭ ᠢ ᠰᠤᠩᠭᠤᠵᠦ ᠡᠮᠦᠰᠳᠡᠭ᠃ ᠵᠠᠷᠢᠮ ᠬᠤᠰᠢᠭᠤ ᠨᠤᠳᠤᠭ ᠲᠤ ᠰᠢᠨ᠎ᠡ ᠳᠡᠪᠡᠯ ᠲᠡᠷᠯᠢᠭ ᠢ ᠡᠵᠡᠨ ᠨᠢ ᠤᠷᠢᠳᠠ ᠪᠠᠷ ᠡᠮᠦᠰᠬᠦ ᠶᠢ ᠴᠡᠭᠡᠷᠯᠡᠳᠡᠭ᠂ ᠵᠠᠪᠠᠯ | ᠡᠮᠦᠰᠬᠦ ᠴᠢᠬᠤᠯᠠ ᠲᠠᠢ ᠪᠣᠯ ︽ᠡᠨᠡ ᠮᠢᠨᠦᠬᠢ ᠪᠢᠰᠢ︾ ᠭᠡᠵᠦ ᠰᠢᠪᠡᠨᠡᠭᠰᠡᠨ ᠤ ᠳᠠᠷᠠᠭ᠎ᠠ ᠡᠮᠦᠰᠳᠡᠭ᠃ ᠤᠴᠢᠷ ᠨᠢ ᠬᠦᠮᠦᠨ ᠤ ᠨᠠᠰᠦᠨ ᠲᠣᠷᠰᠢ ᠡᠮᠦᠰᠬᠦ ᠬᠤᠪᠴᠠᠰᠦ | ᠲᠣᠭᠳᠠᠭᠰᠠᠨ ᠲᠤᠭ᠎ᠠ ᠲᠠᠢ ᠭᠡᠵᠦ ᠦᠵᠡᠳᠡᠭ ᠪᠣᠯᠬᠤᠷ ᠳᠤᠳᠠᠭᠤ ᠨᠢᠭᠡ ᠵᠠᠬ᠎ᠠ ᠬᠤᠪᠴᠠᠰᠦ ᠡᠮᠦᠰᠬᠦ ᠶᠢ ᠬᠡᠴᠢᠶᠡᠵᠦ ᠢᠩᠭᠢᠵᠦ ᠰᠢᠪᠡᠨᠡᠳᠡᠭ ᠭᠡᠳᠡᠭ᠃ ᠡᠷᠡᠭᠳᠠᠶᠢᠴᠤᠳ | ᠨᠦᠮᠦᠭᠡᠨ ᠢᠶᠠᠷ ᠭᠡᠷ ᠠᠴᠠ ᠭᠠᠷᠬᠤ ᠶᠢ ᠴᠡᠭᠡᠷᠯᠡᠳᠡᠭ᠂ ᠵᠠᠪᠠᠯ ᠪᠦᠰᠡ ᠪᠦᠰᠡᠯᠡᠭᠰᠡᠨ ᠤ ᠳᠠᠷᠠᠭ᠎ᠠ ᠭᠡᠷ ᠠᠴᠠ ᠭᠠᠷᠳᠠᠭ᠃ ᠯᠠᠮᠠ ᠬᠤᠸᠠᠷᠠᠭ ᠤᠨ ᠡᠮᠦᠰᠴᠦ ᠪᠠᠶᠢᠭᠰᠠᠨ | ᠳᠡᠪᠡᠯ ᠲᠡᠷᠯᠢᠭ ᠢ ᠡᠮᠦᠰᠬᠦ ᠶᠢ ᠴᠡᠭᠡᠷᠯᠡᠳᠡᠭ᠂ ᠲᠡᠳᠡᠨ ᠤ ᠳᠡᠪᠡᠯ ᠲᠡᠷᠯᠢᠭ ᠢ ᠡᠮᠦᠰᠪᠡᠯ ᠠᠯᠳᠠᠰᠢ ᠭᠠᠷᠤᠨ᠎ᠠ᠂ ᠪᠣᠶᠠᠨ ᠨᠢ ᠳᠠᠭᠠᠭᠠᠬᠤ ᠦᠭᠡᠢ ᠳᠣᠷᠦ᠋ᠢᠳᠠᠨᠠ ᠭᠡᠳᠡᠭ᠃ | ᠰᠢᠷ᠎ᠠ ᠦᠩᠭᠡ ᠶᠢᠨ ᠡᠳ᠋ ᠢᠶᠠᠷ ᠳᠡᠪᠡᠯ ᠲᠡᠷᠯᠢᠭ ᠭᠠᠳᠠᠷᠯᠠᠬᠤ ᠶᠢ ᠴᠡᠭᠡᠷᠯᠡᠳᠡᠭ᠂ ᠰᠢᠷ᠎ᠠ ᠦᠩᠭᠡ ᠪᠣᠯ ᠯᠠᠮᠠ ᠭᠡᠭᠡᠨᠴᠤᠤᠯ ᠤᠨ ᠡᠳ᠋ᠯᠡᠬᠦ ᠡᠷᠬᠢᠮ ᠦᠩᠭᠡ ᠪᠣᠯᠬᠤᠷ | ᠡᠩ ᠤᠨ ᠬᠦᠮᠦᠨ ᠡᠳ᠋ᠯᠡᠪᠡᠯ ᠪᠣᠶᠠᠨ ᠪᠠᠭᠤᠷᠠᠨ᠎ᠠ ᠭᠡᠳᠡᠭ᠃ ᠮᠣᠩᠭᠤᠯᠴᠤᠳ ᠳᠡᠪᠡᠯ ᠲᠡᠷᠯᠢᠭ ᠢ ᠤᠬᠢᠶᠠᠬᠤ ᠶᠢ ᠴᠡᠭᠡᠷᠯᠡᠳᠡᠭ᠃ ᠳᠡᠪᠡᠯ ᠲᠡᠷᠯᠢᠭ ᠢ ᠤᠬᠢᠶᠠᠵᠦ ᠭᠠᠳᠠᠨ᠎ᠠ | ᠡᠯᠭᠦᠵᠦ ᠬᠠᠳᠠᠭᠠᠪᠠᠯ ᠲᠡᠩᠷᠢ ᠨᠢᠷᠭᠢᠨᠡ᠂ ᠬᠡᠰᠢᠭ ᠪᠣᠶᠠᠨ ᠢᠶᠠᠨ ᠤᠬᠢᠶᠠᠭᠠᠳ ᠪᠠᠷᠭᠠᠴᠢᠬᠠᠨᠠ ᠭᠡᠳᠡᠭ᠃ ᠭᠡᠪᠡᠴᠦ ᠮᠣᠩᠭᠤᠯᠴᠤᠳ ᠳᠡᠪᠡᠯ ᠲᠡᠷᠯᠢᠭ ᠢᠶᠠᠨ ᠭᠠᠳᠠᠨ᠎ᠠ | ᠡᠯᠭᠦᠵᠦ ᠨᠠᠷᠠ ᠰᠠᠯᠬᠢᠨ ᠠᠪᠤᠭᠤᠯᠤᠨ ᠦᠰᠦ ᠶᠢ ᠨᠢ ᠪᠣᠰᠬᠠᠬᠤ ᠶᠢ ᠶᠡᠭᠡ ᠡᠷᠬᠢᠮᠯᠡᠳᠡᠭ᠃ ᠡᠪᠦᠯ ᠤᠨ ᠭᠠᠯ ᠲᠠᠬᠢᠬᠤ ᠠᠴᠠ ᠡᠮᠦᠨ᠎ᠡ ᠨᠢᠭᠡ ᠡᠳᠦᠷ ᠪᠣᠶᠤ ᠪᠢᠳᠡᠭᠦᠨ ᠤ | ᠡᠳᠦᠷ ᠳᠡᠪᠡᠯ ᠵᠤᠪᠴᠠᠭ᠎ᠠ ᠪᠠᠨ ᠭᠠᠳᠠᠨ᠎ᠠ ᠵᠠᠯ᠎ᠠ ᠲᠠᠳᠠᠨ ᠦᠰᠦ ᠶᠢ ᠨᠢ ᠭᠠᠳᠠᠭᠰᠢ ᠪᠠᠨ ᠬᠠᠨᠳᠤᠭᠤᠯᠤᠨ ᠡᠯᠭᠦᠵᠦ ᠨᠠᠷᠠ ᠰᠠᠯᠬᠢᠨ ᠠᠪᠤᠭᠤᠯᠵᠦ᠂ ᠮᠠᠭᠤ | ᠤᠬᠢᠶᠠᠬᠤ ᠪᠠᠷ ᠰᠠᠶᠢᠨ ᠰᠡᠭᠰᠦᠷ ᠭᠡᠵᠦ ᠬᠠᠭᠤᠴᠢᠨ ᠵᠢᠯ ᠤᠨ ᠲᠣᠭᠤᠰᠤ ᠶᠢ ᠨᠢ ᠰᠠᠶᠢᠳᠤᠷ ᠰᠢᠪᠰᠢᠭᠠᠷᠳᠠᠨ ᠬᠦᠪᠰᠢᠳᠡᠭ᠃ ᠪᠠᠰᠠ ᠳᠡᠪᠡᠯ ᠲᠡᠷᠯᠢᠭ ᠢᠶᠠᠨ | ᠨᠠᠷᠠᠰᠢᠭᠤᠯᠤᠨᠠ ᠭᠡᠵᠦ ᠵᠢᠷᠭᠤᠭᠠᠨ ᠰᠠᠷ᠎ᠠ ᠶᠢᠨ ᠦᠳᠡ ᠶᠢᠨ ᠨᠠᠷᠠᠨ ᠳᠤ ᠭᠠᠷᠭᠠᠵᠦ ᠡᠯᠭᠦᠨ ᠰᠢᠷᠠᠳᠠᠭ᠃ ᠡᠭᠦᠨ ᠢᠶᠠᠨ ᠳᠡᠪᠡᠯ ᠲᠡᠷᠯᠢᠭ ᠤᠨ ᠴᠢᠬᠢᠭ ᠪᠡ ᠮᠠᠭᠤᠬᠠᠢ | ᠦᠨᠦᠷ ᠢ ᠨᠢ ᠭᠠᠷᠭᠠᠨ᠎ᠠ ᠭᠡᠳᠡᠭ᠃ ᠮᠣᠩᠭᠤᠯᠴᠤᠳ ᠵᠤᠨ ᠨᠠᠮᠦᠷ ᠤᠨ ᠤᠯᠠᠷᠢᠯ ᠳᠤ ᠦᠰᠦ ᠲᠠᠢ ᠬᠤᠪᠴᠠᠰᠦ ᠡᠮᠦᠰᠬᠦ ᠶᠢ ᠴᠡᠭᠡᠷᠯᠡᠳᠡᠭ᠂ ᠲᠡᠩᠷᠢ ᠮᠠᠭᠤᠬᠠᠶᠢᠷᠠᠨ᠎ᠠ | ᠭᠡᠳᠡᠭ᠃ ᠳᠡᠪᠡᠯ ᠤ ᠵᠠᠭᠠᠮ᠎ᠠ ᠶᠢ ᠳᠣᠳᠤᠭᠰᠢ ᠪᠠᠨ ᠨᠤᠭᠤᠯᠵᠦ ᠡᠮᠦᠰᠬᠦ ᠶᠢ ᠴᠡᠭᠡᠷᠯᠡᠳᠡᠭ᠂ ᠵᠣᠳᠤᠯᠳᠤᠬᠤ ᠶᠢᠨ ᠲᠡᠮᠳᠡᠭ ᠭᠡᠳᠡᠭ᠃ ᠡᠩᠭᠡᠷ ᠵᠠᠭᠠᠮ᠎ᠠ ᠪᠠᠨ | ᠵᠠᠳᠠᠭᠠᠶᠢᠯᠠᠵᠦ ᠠᠶᠢᠯ ᠳᠤ ᠣᠷᠤᠵᠦ ᠬᠦᠮᠦᠨ ᠲᠠᠢ ᠠᠭᠤᠯᠵᠠᠬᠤ ᠶᠢ ᠴᠡᠭᠡᠷᠯᠡᠳᠡᠭ᠂ ᠪᠣᠰᠤᠳ ᠢ ᠬᠦᠨᠳᠦᠳᠭᠡᠬᠦ ᠦᠭᠡᠢ ᠪᠠᠶᠢᠨ᠎ᠠ ᠭᠡᠳᠡᠭ᠃ ᠳᠡᠪᠡᠯ ᠲᠡᠷᠯᠢᠭ ᠡᠮᠦᠰᠬᠦ | ᠦᠶ᠎ᠡ ᠳᠤ ᠡᠩᠭᠡᠷ ᠶᠢ ᠨᠢ ᠬᠠᠵᠠᠬᠤ ᠶᠢ ᠴᠡᠭᠡᠷᠯᠡᠳᠡᠭ᠂ ᠡᠴᠢᠭᠡ ᠡᠬᠡ ᠳᠡᠭᠡᠨ ᠬᠠᠵᠢᠷ ᠭᠡᠳᠡᠭ᠃ ᠬᠠᠯᠬ᠎ᠠ ᠨᠤᠳᠤᠭ ᠲᠤ ᠳᠡᠪᠡᠯ ᠲᠡᠷᠯᠢᠭ ᠤᠨ ᠬᠠᠨᠴᠤᠢ ᠶᠢ ᠬᠦᠴᠦ | ᠰᠠᠨᠠᠭ᠎ᠠ ᠶᠢᠨ ᠪᠡᠯᠭᠡᠳᠡᠯ ᠭᠡᠵᠦ ᠦᠵᠡᠳᠡᠭ ᠲᠤᠯᠠ ᠲᠠᠶᠢᠯᠵᠦ ᠲᠠᠯᠪᠢᠬᠤ ᠦᠶ᠎ᠡ ᠳᠤ ᠬᠠᠨᠴᠤᠢ ᠶᠢ ᠨᠢ ᠪᠦᠰᠡ ᠪᠠᠷ ᠢᠶᠠᠨ ᠤᠶᠠᠵᠦ ᠲᠠᠯᠪᠢᠳᠠᠭ ᠵᠠᠩᠰᠢᠯ ᠲᠠᠢ ᠪᠠᠶᠢᠵᠠᠢ᠃ | ᠡᠨᠡ ᠨᠢ ᠬᠠᠨᠴᠤᠢ ᠶᠢ ᠨᠢ ᠬᠤᠭᠤᠰᠤᠨ ᠪᠠᠶᠢᠯᠭᠠᠬᠤ ᠶᠢ ᠴᠡᠭᠡᠷᠯᠡᠭᠰᠡᠨ ᠬᠡᠷᠡᠭ᠃ ᠪᠦᠬᠡᠴᠢᠳ ᠪᠠᠷᠢᠯᠳᠤᠵᠦ ᠪᠠᠶᠢᠬᠤ ᠦᠶ᠎ᠡ ᠳᠤ ᠳᠡᠪᠡᠯ ᠲᠡᠷᠯᠢᠭ ᠤᠨ ᠬᠠᠨᠴᠤᠢ ᠶᠢ ᠨᠢ | ᠮᠣᠰᠬᠢᠳᠠᠭ ᠨᠢ ᠮᠦᠨ ᠡᠶᠢᠮᠦ ᠤᠴᠢᠷ ᠲᠠᠢ᠃ ᠵᠠᠷᠢᠮ ᠬᠤᠰᠢᠭᠤ ᠨᠤᠳᠤᠭ ᠲᠤ ᠳᠡᠪᠡᠯ ᠤᠨ ᠬᠠᠨᠴᠤᠢ ᠶᠢ ᠳᠣᠳᠤᠭᠰᠢ ᠨᠤᠭᠤᠯᠬᠤ ᠶᠢ ᠴᠡᠭᠡᠷᠯᠡᠳᠡᠭ᠂ ᠤᠴᠢᠷ ᠨᠢ | ᠨᠦᠭᠴᠢᠭᠰᠡᠳ ᠤᠨ ᠶᠠᠰᠤ ᠶᠢ ᠪᠠᠷᠢᠬᠤ ᠦᠶ᠎ᠡ ᠳᠤ ᠰᠠᠶ᠋ᠢ ᠬᠠᠨᠴᠤᠢ ᠪᠠᠨ ᠳᠣᠳᠤᠭᠰᠢ ᠨᠤᠭᠤᠯᠳᠠᠭ᠃ ᠳᠡᠪᠡᠯ ᠲᠡᠷᠯᠢᠭ ᠤᠨ ᠬᠠᠨᠴᠤᠢ ᠶᠢ ᠳᠤᠳᠤᠭᠰᠢ ᠨᠤᠭᠤᠯᠪᠠᠯ ᠪᠠᠰᠠ | ᠵᠣᠳᠤᠯᠳᠤᠬᠤ ᠳᠦᠷᠢ ᠭᠠᠷᠭᠠᠵᠦ ᠪᠠᠶᠢᠨ᠎ᠠ ᠭᠡᠳᠡᠭ᠃ ᠮᠣᠩᠭᠤᠯᠴᠤᠳ ᠠᠶᠢᠯ ᠳᠤ ᠣᠷᠤᠬᠤ ᠦᠶ᠎ᠡ ᠳᠤ ᠲᠤᠪᠴᠢ ᠪᠠᠨ ᠪᠦᠷᠢᠨ ᠲᠤᠪᠴᠢᠯᠠᠵᠦ᠂ ᠬᠤᠷᠮᠤᠢ ᠪᠠᠨ | ᠰᠢᠭᠤᠵᠦ ᠪᠠᠶᠢᠭᠰᠠᠨ ᠪᠣᠯ ᠪᠠᠭᠤᠯᠭᠠᠵᠦ᠂ ᠬᠡᠳᠡ ᠬᠢᠳᠤᠭ᠎ᠠ ᠪᠠᠨ ᠪᠦᠰᠡᠨ ᠳᠡᠭᠡᠨ ᠬᠠᠪᠴᠢᠭᠤᠯᠵᠦ ᠪᠠᠶᠢᠭᠰᠠᠨ ᠪᠣᠯ ᠪᠠᠭᠤᠯᠭᠠᠭᠠᠳ ᠳᠡᠷᠢ ᠲᠡᠭᠰᠢ ᠲᠦᠪᠯᠡᠭᠦᠨ | ᠵᠢᠪᠬᠤᠭᠠᠳᠠᠢ ᠤᠷᠤᠳᠠᠭ᠃ ᠲᠣᠪᠴᠢ ᠰᠢᠯᠪᠢ ᠦᠭᠡᠢ ᠬᠤᠪᠴᠠᠰᠦ ᠶᠢ ᠪᠣᠰᠤᠳ ᠲᠤ ᠪᠡᠯᠡᠭ ᠪᠣᠯᠭᠠᠨ ᠦᠭᠬᠦ ᠶᠢ ᠴᠡᠭᠡᠷᠯᠡᠳᠡᠭ᠂ ᠦᠭᠪᠡᠯ ᠪᠣᠰᠤᠳ ᠳᠤ ︽ᠡᠩᠭᠡᠷ | ᠡᠯᠢᠭᠡ ᠦᠭᠡᠢ ᠬᠦᠮᠦᠨ ᠪᠠᠶᠢᠨ᠎ᠠ︾ ᠭᠡᠵᠦ ᠪᠣᠷᠤᠭᠤᠰᠢᠶᠠᠭᠳᠠᠳᠠᠭ᠃ ᠪᠡᠯᠪᠡᠰᠦᠷᠡᠯ ᠭᠠᠰᠢᠭᠤᠳᠠᠯ ᠤᠨ ᠬᠤᠭᠤᠴᠠᠭᠠᠨ ᠳᠤ ᠲᠣᠪᠴᠢ ᠦᠭᠡᠢ ᠳᠡᠪᠡᠯ ᠲᠡᠷᠯᠢᠭ ᠡᠮᠦᠰᠬᠦ | ᠪᠣᠶᠤ ᠨᠦᠭᠴᠢᠭᠰᠡᠳ ᠲᠤ ᠡᠮᠦᠰᠦᠭᠦᠯᠬᠦ ᠳᠡᠪᠡᠯ ᠲᠡᠷᠯᠢᠭ ᠲᠤ ᠲᠤᠪᠴᠢ ᠰᠢᠯᠪᠢ ᠦᠭᠡᠢ ᠪᠠᠶᠢᠳᠠᠭ᠃ ᠡᠷᠡᠭᠳᠠᠶᠢᠴᠤᠳ ᠪᠣᠷᠬᠠᠨ ᠲᠡᠩᠷᠢ ᠳᠤ ᠰᠦᠭᠦᠳᠴᠦ ᠮᠦᠷᠭᠦᠬᠦ | ᠪᠣᠶᠤ ᠠᠪᠦ ᠡᠵᠢ᠂ ᠠᠬᠠᠮᠠᠳ ᠨᠠᠰᠤᠳᠠᠨ ᠳᠤ ᠰᠦᠭᠦᠳᠴᠦ ᠮᠦᠷᠭᠦᠬᠦ ᠦᠶ᠎ᠡ ᠳᠤ ᠡᠮᠦᠨ᠎ᠡ ᠬᠤᠷᠮᠤᠢ ᠪᠠᠨ ᠳᠡᠪᠢᠰᠴᠦ ᠮᠦᠷᠭᠦᠳᠡᠭ᠃ ᠠᠶᠢᠯ ᠳᠤ ᠣᠷᠤᠵᠦ | ᠬᠤᠷᠮᠦᠢ ᠨᠢ ᠰᠠᠭᠤᠬᠤ ᠦᠶ᠎ᠡ ᠳᠤ ᠬᠤᠷᠮᠤᠢ ᠪᠠᠷ ᠢᠶᠠᠨ ᠡᠪᠦᠳᠦᠭ ᠢᠶᠠᠨ ᠬᠠᠯᠬᠠᠯᠠᠵᠦ ᠵᠠᠪᠢᠯᠠᠵᠦ ᠰᠠᠭᠤᠳᠠᠭ᠃ ᠪᠣᠰᠴᠦ ᠭᠠᠷᠬᠤ ᠦᠶ᠎ᠡ ᠳᠡᠭᠡᠨ ᠬᠤᠷᠮᠤᠢ ᠪᠠᠨ | ᠠᠶᠢᠯ ᠤᠨ ᠠᠶᠠᠭ᠎ᠠ ᠰᠢᠷᠡᠭᠡ ᠲᠣᠭᠤᠭ᠎ᠠ ᠰᠢᠨᠠᠭᠠᠨ ᠳᠡᠭᠡᠭᠦᠷ ᠭᠠᠷᠭᠠᠬᠤ ᠶᠢ ᠤᠨᠴᠠ ᠬᠢᠴᠢᠶᠡᠳᠡᠭ᠃ ᠳᠡᠪᠡᠯ ᠲᠡᠷᠯᠢᠭ ᠤᠨ ᠡᠮᠵᠢᠶᠡᠷᠢ ᠬᠦᠪᠦᠭᠡ᠂ ᠲᠣᠪᠴᠢ ᠰᠢᠯᠪᠢ ᠶᠢ | ᠳᠡᠪᠡᠯ ᠲᠡᠷᠯᠢᠭ ᠤᠨ ᠭᠠᠳᠠᠷ ᠲᠠᠢ ᠵᠠᠪᠠᠯ ᠦᠩᠭᠡ ᠬᠠᠷᠰᠢᠭᠤᠯᠤᠨ ᠬᠢᠳᠡᠭ ᠪᠦᠭᠡᠳ ᠪᠦᠰᠡᠨ ᠤ ᠦᠩᠭᠡ ᠲᠠᠢ ᠠᠯᠢ ᠪᠤᠯᠬᠤ ᠪᠠᠷ ᠦᠩᠭᠡ ᠲᠠᠭᠠᠷᠠᠭᠤᠯᠳᠠᠭ᠃ ᠳᠡᠪᠡᠯ | ᠲᠡᠷᠯᠢᠭ ᠢ ᠦᠩᠭᠡ ᠬᠠᠷᠰᠢᠭᠤᠯᠤᠨ ᠴᠢᠮᠡᠵᠦ ᠪᠠᠬᠢᠯᠡᠬᠦ ᠶᠢ ᠵᠠᠷᠢᠮ ᠨᠤᠳᠤᠭ ᠳᠤ ︽ᠳᠡᠪᠡᠯ ᠲᠡᠷᠯᠢᠭ ᠭᠡᠭᠡᠷᠡᠭᠦᠯᠦᠨ᠎ᠡ︾ ᠭᠡᠵᠦ᠂ ᠵᠠᠷᠢᠮ ᠨᠤᠳᠤᠭ ᠳᠤ ︽ᠳᠡᠪᠡᠯ ᠲᠡᠷᠯᠢᠭ | ᠲᠣᠳᠤᠷᠠᠭᠤᠯᠤᠨᠠ︾ ᠭᠡᠳᠡᠭ᠃ ᠡᠨᠡ ᠨᠢ ᠵᠦᠪᠬᠡᠨ ᠳᠡᠪᠡᠯ ᠲᠡᠷᠯᠢᠭ ᠤᠨ ᠬᠦᠪᠦᠭᠡ᠂ ᠵᠠᠬ᠎ᠠ᠂ ᠬᠤᠷᠮᠤᠢ ᠶᠢ ᠪᠠᠬᠢᠯᠡᠬᠦ ᠶᠢᠨ ᠲᠡᠳᠦᠢ ᠪᠢᠰᠢ᠂ ᠨᠡᠩ ᠴᠢᠬᠤᠯᠠ ᠨᠢ | ᠳᠡᠪᠡᠯ ᠲᠡᠷᠯᠢᠭ ᠤᠨ ᠡᠳ᠋ ᠬᠦᠷᠦᠩᠭᠡ᠂ ᠬᠡᠪ ᠶᠤᠤᠵᠠ᠂ ᠡᠮᠦᠰᠦᠭᠰᠡᠨ ᠡᠵᠡᠨ ᠤ ᠬᠢᠨᠢ ᠳᠦᠷᠬᠦ ᠪᠠᠶᠢᠳᠠᠯ᠂᠂ ᠬᠡᠪ ᠨᠠᠮᠪᠠ ᠶᠢ ᠤᠯᠠᠮ ᠳᠤᠪᠤᠶᠢᠯᠭᠠᠬᠤ ᠶᠢᠨ ᠲᠦᠯᠦᠭᠡ | ᠶᠤᠮ᠃ ᠮᠣᠩᠭᠤᠯᠴᠤᠳ ᠬᠠᠷ᠎ᠠ ᠦᠩᠭᠡ ᠶᠢ ᠮᠠᠭᠤ ᠦᠩᠭᠡ᠂ ᠴᠠᠭᠠᠨ ᠦᠩᠭᠡ ᠶᠢ ᠰᠠᠶᠢᠨ ᠦᠩᠭᠡ ᠭᠡᠳᠡᠭ ᠤᠴᠢᠷ ᠬᠠᠷ᠎ᠠ ᠦᠩᠭᠡ ᠶᠢᠨ ᠪᠦᠰ ᠪᠠᠷᠠᠭ᠎ᠠ ᠪᠠᠷ ᠳᠡᠪᠡᠯ | ᠬᠤᠪᠴᠠᠰᠦ ᠬᠢᠬᠦ ᠶᠢ ᠲᠠᠭᠠᠰᠢᠶᠠᠳᠠᠭ ᠦᠭᠡᠢ᠃ ᠬᠠᠯᠬ᠎ᠠ ᠨᠤᠳᠤᠭ ᠳᠤ ᠰᠢᠨ᠎ᠡ ᠬᠦᠷᠭᠡᠨ ᠬᠡᠤᠬᠡᠨ ᠣᠷᠤ ᠬᠠᠮᠳᠤᠳᠬᠠᠵᠦ ᠳᠡᠷᠡ ᠨᠢᠭᠡᠳᠭᠡᠬᠦ ᠶᠢ ︽ᠡᠩᠭᠡᠷ ᠵᠦᠷᠢᠭᠦᠯᠬᠦ︾ | ᠭᠡᠳᠡᠭ᠃ ᠡᠨᠡ ᠨᠢ ᠳᠡᠭᠡᠷ᠎ᠡ ᠦᠶ᠎ᠡ ᠳᠤ ᠮᠣᠩᠭᠤᠯᠴᠤᠳ ᠲᠤ ᠲᠤᠰᠬᠠᠢ ᠨᠦᠮᠦᠷᠬᠦ ᠬᠦᠨᠵᠢᠯᠡ ᠪᠠᠶᠢᠭᠰᠠᠨ ᠢ ᠬᠠᠷᠠᠭᠤᠯᠵᠦ ᠪᠣᠢ᠃ ᠡᠨᠡ ᠲᠣᠬᠠᠢ ᠡᠷᠳᠡᠮᠳᠡᠨ | ᠯᠤᠪᠰᠠᠩᠴᠦ᠋ᠢᠳᠠᠨ᠄ ︽ᠪᠠᠶᠠᠯᠢᠭ ᠭᠡᠷᠦᠨ ᠬᠦᠮᠦᠨ ᠬᠤᠨᠤᠭ ᠤᠨ ᠳᠡᠪᠡᠯ ᠬᠡᠮᠡᠵᠦ ᠠᠰᠳᠠᠭᠠᠨ ᠬᠢᠵᠦ ᠦᠳᠡᠰᠢ ᠶᠢᠨ ᠴᠠᠭ ᠨᠦᠮᠦᠷᠴᠦ ᠤᠨᠳᠠᠮᠦᠢ᠃ ᠡᠶᠢᠮᠦ ᠨᠦᠮᠦᠷᠬᠦ | ᠳᠡᠪᠡᠯ ᠪᠣᠯᠪᠠᠰᠦ ᠶᠡᠷᠦ ᠶᠢᠨ ᠬᠤᠪᠴᠠᠰᠦ ᠠᠴᠠ ᠦᠭᠡᠷ᠎ᠡ ᠮᠠᠶ᠋ᠢᠭ ᠲᠠᠢ᠃ ᠳᠡᠪᠡᠯ ᠤᠨ ᠪᠡᠶ᠎ᠡ ᠤᠷᠳᠤ ᠪᠦᠭᠡᠳ ᠬᠤᠶᠠᠷ ᠬᠠᠨᠴᠦᠢ ᠲᠠᠢ᠂ ᠦᠰᠦ ᠲᠠᠢ ᠳᠡᠪᠡᠯ ᠪᠣᠶᠤ | ᠬᠦᠪᠦᠩ ᠲᠠᠢ ᠡᠶᠢᠮᠦ ᠪᠠᠷ ᠬᠢᠮᠦᠢ᠃ ᠡᠨᠡ ᠶᠠᠩᠵᠦ ᠪᠠᠷ ᠬᠤᠨᠤᠬᠤ ᠪᠦᠷᠭᠡ ᠭᠡᠷ ᠤᠨ ᠠᠭᠠᠯᠢ ᠪᠣᠢ︾ ᠭᠡᠵᠦ ︽ᠮᠣᠩᠭᠤᠯ ᠤᠨ ᠵᠠᠩ ᠠᠭᠠᠯᠢ ᠶᠢᠨ ᠦᠢᠯᠡᠪᠦᠷᠢ︾ | ᠳᠠᠭᠠᠨ ᠲᠣᠳᠤᠷᠬᠠᠢ ᠲᠡᠮᠳᠡᠭᠯᠡᠵᠦ ᠪᠠᠶᠢᠳᠠᠭ᠃ ᠬᠡᠷᠪᠡ ᠡᠮᠦᠰᠦᠭᠰᠡᠨ ᠳᠡᠪᠡᠯ ᠲᠡᠷᠯᠢᠭ ᠢᠶᠠᠨ ᠬᠤᠴᠢᠵᠦ ᠤᠨᠳᠠᠬᠤ ᠴᠢᠬᠤᠯᠠ ᠲᠠᠢ ᠪᠣᠯ ᠵᠠᠭᠠᠮ᠎ᠠ ᠶᠢ ᠨᠢ ᠴᠡᠭᠡᠵᠢᠨ | ᠪᠡᠶ᠎ᠡ ᠠᠴᠠ ᠳᠣᠷᠤᠭᠰᠢ ᠪᠠᠭᠤᠯᠭᠠᠵᠦ ᠪᠣᠯᠬᠤ ᠦᠭᠡᠢ᠃ ᠦᠭᠡᠯᠵᠢᠨ ᠪᠣᠶᠤ ᠯᠤᠤ ᠰᠠᠷ᠎ᠠ ᠶᠢᠨ ᠬᠤᠷᠢᠨ ᠳᠣᠯᠤᠭᠠᠨ ᠳᠤ ᠬᠤᠪᠴᠠᠰᠦ ᠬᠤᠨᠠᠷ ᠢᠶᠠᠨ ᠭᠠᠳᠠᠭ᠎ᠠ | ᠬᠤᠨᠤᠭᠤᠯᠬᠤ ᠶᠢ ᠴᠡᠭᠡᠷᠯᠡᠳᠡᠭ᠂ ᠬᠤᠨᠤᠭᠤᠯᠪᠠᠯ ᠴᠢᠳᠭᠦᠷ ᠡᠵᠡᠯᠡᠨ᠎ᠡ ᠭᠡᠳᠡᠭ᠃ | |