ᠮᠠᠯ ᠭᠠᠷᠭᠠᠬᠤ ᠶᠢ ︽ᠮᠢᠬ᠎ᠠ ᠭᠠᠷᠭᠠᠬᠤ︾ ᠭᠡᠵᠤ ᠬᠡᠯᠡᠬᠦ ᠶᠢ ᠴᠡᠭᠡᠷᠯᠡᠨ᠎ᠡ᠃ ᠮᠠᠯ ᠮᠠᠯ ᠭᠠᠷᠭᠠᠬᠤ ᠶᠢ ︽ᠮᠢᠬ᠎ᠠ ᠭᠠᠷᠭᠠᠬᠤ︾ ᠭᠡᠵᠤ ᠬᠡᠯᠡᠬᠦ ᠶᠢ ᠴᠡᠭᠡᠷᠯᠡᠨ᠎ᠡ᠃ | ᠮᠠᠯ ᠲᠠᠢ᠃ ᠤᠯᠠᠭᠠᠨ ᠢᠳᠡᠭᠡᠨ ᠢ ᠴᠢᠨᠠᠬᠤ ᠳᠤ᠂ ᠶᠠᠰᠤ ᠶᠢ ᠨᠢ ᠬᠤᠭᠤ ᠪᠠᠯᠪᠠ ᠴᠤᠬᠢᠬᠤ ᠶᠢ ᠴᠡᠭᠡᠷᠯᠡᠨ᠎ᠡ᠃ ᠵᠠᠪᠠᠯ ᠦᠶ᠎ᠡ ᠦᠶ᠎ᠡ ᠪᠠᠷ ᠨᠢ ᠲᠤᠶᠠᠴᠢᠨ ᠨᠤᠭᠤᠴᠠᠬᠤ | ᠭᠡᠷᠡᠭᠳᠠᠢ᠃ ᠲᠦᠬᠦᠬᠡᠢ ᠮᠢᠬ᠎ᠠ ᠱᠤᠯᠤᠬᠤ ᠳᠠᠭᠠᠨ ᠵᠠᠪᠠᠯ ᠶᠠᠰᠤᠨ ᠲᠡᠭᠡᠷ᠎ᠡ ᠨᠢ ᠮᠦᠯᠵᠢᠬᠦᠷ ᠮᠢᠬ᠎ᠠ ᠦᠯᠡᠳᠡᠭᠡᠬᠦ ᠶᠤᠰᠤ ᠲᠠᠢ᠃ ᠬᠦᠯᠡᠶᠢᠳᠡᠯ᠎ᠡ ᠱᠤᠯᠤᠬᠤ ᠶᠢ | ᠴᠡᠭᠡᠷᠯᠡᠨ᠎ᠡ᠃ ᠡᠶᠢᠮᠤ ᠠᠴᠠ ︽ᠮᠦᠭᠡᠷ ᠲᠠᠢ ᠪᠤᠯ ᠲᠡᠷᠭᠡ ᠰᠠᠶᠢᠬᠠᠨ᠂ ᠮᠦᠯᠵᠢᠬᠦᠷ ᠲᠠᠢ ᠪᠤᠯ ᠶᠠᠰᠤ ᠰᠠᠶᠢᠬᠠᠨ︾ ᠭᠡᠵᠤ ᠮᠤᠩᠭᠤᠯᠴᠤᠳ ᠬᠡᠯᠡᠳᠡᠭ᠃ ᠴᠢᠨᠠᠭᠰᠠᠨ | ᠶᠠᠰᠤ ᠶᠢ ᠮᠦᠯᠵᠢᠬᠦ ᠳᠤ ᠠᠳᠡ ᠲᠡᠨᠳᠡ ᠨᠢ ᠠᠷᠠᠮᠠᠭ ᠲᠠᠷᠠᠮᠠᠭ ᠮᠢᠬ᠎ᠠ ᠦᠯᠡᠳᠡᠭᠡᠬᠦ ᠶᠢ ᠴᠡᠭᠡᠷᠯᠡᠨ᠎ᠡ᠃ ᠵᠠᠪᠠᠯ ᠬᠦᠯᠡᠶᠢᠳᠡᠯ᠎ᠡ ᠰᠠᠶᠢᠬᠠᠨ ᠮᠦᠯᠵᠢᠬᠦ ᠶᠤᠰᠤ ᠲᠠᠢ᠃ ︽ | ᠶᠠᠰᠤ ᠶᠢ ᠨᠢ ᠰᠠᠶᠢᠬᠠᠨ ᠮᠦᠯᠵᠢᠪᠡᠯ ᠮᠠᠯ ᠲᠦᠷᠭᠡᠨ ᠲᠦᠷᠦᠯ ᠤᠯᠳᠠᠭ ᠭᠡᠨ᠎ᠡ︾᠃ ᠰᠢᠬᠦᠰᠤ᠂ ᠡᠪᠴᠢᠬᠦᠦ ᠵᠡᠷᠭᠡ ᠶᠢ ᠴᠢᠨᠠᠬᠤ ᠳᠤ ᠭᠡᠳᠡᠰᠤ ᠲᠤᠳᠤᠷ ᠲᠠᠢ ᠨᠢ | ᠨᠡᠶᠢᠯᠡᠬᠦᠯᠦᠨ ᠴᠢᠨᠠᠬᠤ ᠶᠢ ᠴᠡᠭᠡᠷᠯᠡᠨ᠎ᠡ᠂ ᠰᠢᠬᠦᠰᠦ ᠲᠠᠪᠬᠠᠯᠠᠬᠤ ᠳᠤ ᠭᠡᠳᠡᠰᠤ ᠲᠤᠳᠤᠷ ᠢ ᠬᠠᠮᠳᠤ ᠲᠠᠯᠪᠢᠬᠤ ᠶᠢ ᠴᠡᠭᠡᠷᠯᠡᠨ᠎ᠡ᠃ ᠰᠢᠬᠦᠰᠤ ᠲᠡᠭᠡᠷ᠎ᠡ ᠲᠤᠯᠤᠭᠠᠢ | ᠲᠠᠯᠪᠢᠬᠤ ᠳᠠᠭᠠᠨ ᠪᠦᠳᠤᠨ ᠲᠠᠯᠪᠢᠬᠤ ᠶᠢ ᠴᠡᠭᠡᠷᠯᠡᠨ᠎ᠡ᠃ ᠮᠠᠩᠨᠠᠢ ᠳᠤᠨᠢ ᠬᠡᠷᠴᠢᠯᠡᠭᠡᠰᠤ ᠭᠠᠷᠭᠠᠭᠠᠳ ᠰᠠᠶ᠋ᠢ ᠲᠠᠯᠪᠢᠬᠤ ᠶᠤᠰᠤᠲᠠᠢ᠃ ᠵᠤᠴᠢᠨ ᠬᠦᠮᠦᠨ ᠳᠤ᠂ ᠪᠦᠬᠦᠯᠢ | ᠬᠤᠳᠤᠭᠤᠳᠤ ᠲᠠᠯᠪᠢᠬᠤ ᠶᠢ ᠴᠡᠭᠡᠷᠯᠡᠨ᠎ᠡ᠃ ᠬᠤᠳᠤᠭᠤᠳᠤ ᠶᠢ ᠠᠮᠠᠨ ᠭᠡᠰᠢᠭ ᠤᠨ ᠪᠡᠯᠭᠡᠳᠡᠯ ᠭᠡᠳᠡᠭ ᠲᠤᠯᠠ᠂ ᠠᠮᠠᠨ ᠬᠡᠰᠢᠭ ᠢᠶᠠᠨ ᠠᠯᠳᠠᠬᠤ ᠠᠴᠠ ᠬᠡᠴᠢᠶᠡᠭᠰᠠᠨ | ᠤᠳᠬ᠎ᠠ ᠲᠠᠢ᠂ ᠬᠡᠷᠪᠡ ᠪᠦᠳᠦᠨ ᠬᠤᠳᠤᠭᠤᠳᠤ ᠲᠠᠪᠠᠭ᠋ᠠᠯᠠᠬᠤ ᠳᠤ ᠬᠦᠷᠪᠡᠯ᠂ ᠵᠤᠴᠢᠨ ᠬᠦᠮᠦᠨ ᠪᠦᠬᠦᠯᠢ ᠪᠠᠷ ᠨᠢ ᠭᠠᠨᠵᠤᠭᠠᠯᠠᠨ ᠮᠤᠷᠳᠠᠳᠠᠭ ᠶᠤᠰᠤ ᠲᠠᠢ᠃ ᠪᠤᠭᠤᠨᠢ | ᠬᠠᠪᠢᠷᠭ᠎ᠠ᠂ ᠪᠤᠭᠳᠤᠰᠤ ᠴᠢᠮᠤᠭᠡ ᠪᠦᠳᠦᠷᠭᠡᠢ᠂ ᠭᠤᠳᠤᠩ ᠰᠡᠬᠦᠯ᠂ ᠪᠠᠶᠠᠨ ᠲᠦᠷᠦᠬᠦᠦ ᠶᠢ ᠵᠤᠴᠢᠨ ᠳᠤ ᠲᠠᠪᠠᠭ᠋ᠠᠯᠠᠨ ᠪᠠᠷᠢᠬᠤ ᠶᠢ ᠴᠡᠭᠡᠷᠯᠡᠨ᠎ᠡ᠃ ︽ᠪᠤᠯᠤᠮᠵᠢ ᠦᠭᠡᠢ | ᠬᠦᠮᠦᠨ ᠳᠤ᠂ ᠪᠤᠭᠳᠤᠰᠤ ᠴᠢᠮᠦᠭᠡ︾ ᠭᠡᠳᠡᠭ᠃ ᠱᠠᠭ᠎ᠠ ᠶᠠᠰᠤ ᠶᠢ ᠬᠠᠮᠢᠶ᠎ᠠ ᠦᠭᠡᠢ ᠬᠠᠶᠠᠬᠤ ᠶᠢ ᠴᠡᠭᠡᠷᠯᠡᠨ᠎ᠡ᠃ ᠦᠷ᠎ᠡ ᠲᠦᠯ ᠤᠯᠠᠨ ᠡᠷᠬᠦᠭᠰᠠᠨ ᠡᠬᠡ ᠮᠠᠯ ᠢ | ᠭᠠᠷᠭᠠᠬᠤ ᠶᠢ ᠴᠡᠭᠡᠷᠯᠡᠨ᠎ᠡ᠃ ᠰᠡᠳᠡᠷᠯᠡᠭᠰᠠᠨ ᠮᠠᠯ ᠢᠶᠠᠷ ᠱᠦᠯᠦ ᠭᠠᠷᠭᠠᠬᠤ ᠶᠢ ᠤᠨᠴᠠ ᠴᠡᠭᠡᠷᠯᠡᠨ᠎ᠡ᠃ | |