ᠠᠭᠤᠰᠬᠢ ᠪᠤᠯ ᠡᠯ᠎ᠠ ᠴᠤᠯᠤ ᠡᠷᠭᠡᠳᠡᠨ ᠤ ᠳᠤᠳᠤᠷ᠎ᠠ ᠦᠪᠡᠷ ᠢ ᠪᠠᠨ ᠬᠠᠮᠠᠭᠠᠯᠠᠬᠤ ᠴᠢᠳᠠᠪᠤᠷᠢ ᠪᠠᠷ ᠬᠠᠮᠤᠭ ᠤᠨ ᠳᠤᠷᠤᠢ ᠮᠦᠷᠳᠡᠭᠡᠨ ᠠᠯᠢ ᠢᠯᠡᠭᠦᠦ ᠬᠠᠯᠠ | ᠦᠵᠡᠳᠡᠭ ᠨᠢᠭᠡ ᠨᠢ ᠪᠤᠯᠤᠨ᠎ᠠ᠃ ᠳᠠᠮᠠᠬᠢ ᠳᠠᠳᠠᠬᠤ ᠪᠤᠯ ᠠᠭᠤᠰᠬᠢ ᠶᠢ ᠪᠤᠬᠢᠷᠳᠤᠭᠤᠯᠳᠠᠭ ᠬᠠᠮᠤᠭ ᠤᠨ ᠶᠡᠭᠡ ᠪᠤᠬᠢᠷᠳᠤᠯ ᠤᠨ ᠡᠬᠢ ᠪᠤᠯᠤᠨ᠎ᠠ᠂ ᠡᠩ ᠤᠨ ᠬᠦᠮᠦᠨ | ᠠᠭᠤᠰᠬᠢ ᠤᠯᠠᠭᠠᠨ ᠪᠠᠶᠢᠬᠤ ᠳᠤ᠂ ᠳᠠᠮᠠᠬᠢ ᠳᠠᠳᠠᠳᠠᠭ ᠬᠦᠮᠦᠨ ᠠᠭᠤᠰᠬᠢ ᠤᠳᠤᠭᠳᠠᠭᠠᠳ ᠬᠠᠷᠠᠯᠠᠴᠢᠬᠠᠬᠰᠠᠨ ᠪᠠᠶᠢᠳᠠᠭ᠃ ᠨᠢᠺᠤᠲ᠋ᠢᠨ᠂ ᠬᠦᠬᠦᠷ ᠤᠨ ᠳᠠᠪᠬᠤᠷ | ᠢᠰᠦᠯ ᠵᠡᠷᠭᠡ ᠬᠤᠤᠷ᠎ᠠ ᠲᠠᠢ ᠪᠤᠳᠠᠰ ᠪᠦᠷ ᠠᠭᠤᠰᠬᠢᠨ ᠳᠤ ᠤᠷᠤᠳᠠᠭ ᠪᠤᠯᠬᠤᠷ ᠠᠭᠤᠰᠬᠢ ᠮᠦᠨ ᠬᠠᠮᠤᠭ ᠤᠨ ᠪᠤᠵᠠᠷ ᠡᠷᠭᠡᠳᠡᠨ ᠪᠤᠯᠤᠨ᠎ᠠ᠃ ᠳᠠᠷᠠᠭ᠎ᠠ ᠨᠢ | ᠪᠤᠬᠢᠷᠳᠤᠯ ᠤᠨ ᠡᠬᠢ ᠠᠭᠠᠷ ᠤᠨ ᠪᠤᠬᠢᠷᠳᠤᠯ ᠪᠤᠯᠤᠨ᠎ᠠ᠃ ᠬᠦᠮᠦᠨ ᠢ ᠠᠮᠢᠰᠬᠤᠬᠤ ᠳᠤᠭᠠᠯᠠᠨ ᠠᠭᠠᠷ ᠳᠤᠳᠤᠷᠠᠬᠢ ᠬᠦᠪᠪᠦᠮᠡᠯ ᠮᠦᠬᠦᠯᠢᠭ᠂ ᠬᠤᠤᠷ᠎ᠠ ᠲᠠᠢ ᠬᠡᠢ | ᠪᠡᠶᠡᠳᠦ ᠬᠦᠮᠦᠨ ᠤ ᠪᠡᠶ᠎ᠡ ᠳᠤ ᠤᠷᠤᠵᠤ ᠪᠠᠶᠢᠳᠠᠭ᠃ | ᠠᠭᠤᠰᠬᠢᠨ ᠳᠡᠭᠡᠷᠡᠬᠢ ᠨᠠᠷᠢᠨ ᠰᠢᠷᠭᠡᠭ ᠲᠠᠢ ᠦᠰᠦ ᠵᠡᠷᠭᠡ ᠨᠢ ᠨᠢᠭᠡ ᠪᠦᠯᠦᠭ ᠪᠤᠬᠢᠷᠳᠤᠯ ᠪᠤᠳᠠᠰ ᠪᠠ ᠪᠠᠺᠲ᠋ᠧᠷᠢ ᠶᠢ ᠴᠡᠪᠡᠷᠯᠡᠨ ᠭᠠᠷᠭᠠᠵᠤ ᠪᠠᠶᠢᠳᠠᠭ ᠪᠤᠯᠪᠠᠴᠤ | ᠤᠷᠳᠤ ᠬᠤᠭᠤᠴᠠᠭ᠎ᠠ ᠪᠠᠷ ᠠᠭᠠᠷ ᠤᠨ ᠪᠤᠬᠢᠷᠳᠤᠯ ᠲᠠᠢ ᠤᠷᠴᠢᠨ ᠳᠤᠭᠤᠷᠢᠨ ᠳᠤ ᠠᠮᠢᠳᠤᠷᠠᠬᠤ ᠶᠤᠮ ᠪᠤᠯ ᠶᠠᠮᠠᠷ ᠬᠦᠴᠦᠷᠭᠡᠭ ᠠᠭᠤᠰᠬᠢ ᠴᠤ ᠳᠡᠰᠴᠦ ᠳᠡᠶᠢᠯᠬᠦ | ᠦᠭᠡᠢ ᠨᠢ ᠶᠠᠷᠢᠶᠠᠨ ᠦᠭᠡᠢ᠃ ᠡᠭᠦᠨ ᠠᠴᠠ ᠭᠠᠳᠠᠨ᠎ᠠ᠂ ᠬᠦᠮᠦᠰ ᠤᠨ ᠡᠮᠦᠰᠴᠦ ᠵᠡᠭᠦᠭᠦ ᠢᠳᠡᠵᠦ ᠤᠤᠭᠤᠬᠤ ᠶᠠᠪᠤᠵᠤ ᠰᠠᠭᠤᠬᠤ᠂ ᠳᠦᠷᠪᠡᠨ ᠤᠯᠠᠷᠢᠯ ᠤᠨ | ᠰᠤᠯᠢᠬᠳᠠᠯ ᠵᠡᠷᠭᠡ ᠨᠢ ᠪᠦᠷ ᠠᠭᠤᠰᠬᠢ ᠳᠤ ᠨᠦᠯᠦᠭᠡ ᠦᠵᠡᠭᠦᠯᠵᠦ ᠪᠠᠶᠢᠳᠠᠭ᠃ ᠬᠡᠷᠪᠡ ᠬᠢᠴᠢᠶᠡᠬᠦ ᠦᠭᠡᠢ ᠪᠤᠯ ᠰᠠᠯᠪᠤᠷᠢ ᠮᠦᠭᠡᠷᠰᠦᠨ ᠬᠤᠭᠤᠯᠠᠢ ᠶᠢᠨ ᠦᠷᠪᠢᠰᠦᠯ᠂ | ᠠᠭᠰᠠᠭ᠎ᠠ᠂ ᠠᠭᠤᠰᠭᠢᠨ ᠤ ᠰᠦᠷᠢᠶ᠎ᠡ ᠵᠡᠷᠭᠡ ᠶᠢ ᠡᠭᠦᠰᠭᠡᠬᠦ ᠪᠠᠷ ᠪᠠᠷᠠᠬᠤ ᠦᠭᠡᠢ ᠬᠦᠨᠳᠦ ᠨᠢ ᠠᠭᠤᠰᠭᠢᠨ ᠤ ᠦᠮᠡᠨ ᠪᠤᠯᠵᠤ ᠴᠤ ᠮᠡᠳᠡᠨ᠎ᠠ᠃ ᠠᠭᠤᠰᠭᠢᠨ ᠳᠤ | ᠬᠤᠤᠷᠠᠳᠤ ᠪᠤᠳᠠᠰ ᠬᠤᠷᠠᠭᠰᠠᠨ ᠢᠯᠡᠷᠡᠯ᠄ 1. ᠠᠷᠠᠰᠤᠨ ᠤ ᠦᠩᠭᠡ ᠵᠢᠪᠡᠷᠡᠵᠦ᠂ ᠦᠩᠭᠡ ᠠᠯᠳᠠᠨ᠎ᠠ᠃ ᠬᠢᠳᠠᠳ ᠡᠮᠨᠡᠯᠭᠡ ᠳᠤ ᠠᠭᠤᠰᠭᠢ ᠪᠦᠬᠦ ᠪᠡᠶ᠎ᠡ ᠶᠢᠨ | ᠠᠷᠠᠰᠤ ᠶᠢ ᠬᠠᠮᠢᠶᠠᠷᠳᠠᠭ ᠭᠡᠵᠦ ᠦᠵᠡᠳᠡᠭ᠃ ᠠᠭᠤᠰᠬᠢ ᠰᠠᠶᠢᠨ ᠪᠠᠶᠢᠪᠠᠯ ᠰᠠᠶ᠋ᠢ ᠠᠷᠠᠰᠤ ᠵᠦᠭᠡᠯᠡᠨ ᠪᠤᠯᠪᠠᠷᠠᠢ᠂ ᠴᠠᠭᠠᠨ ᠪᠠᠶᠢᠬᠤ ᠶᠢ ᠪᠠᠳᠤᠯᠠᠵᠤ ᠴᠢᠳᠠᠨ᠎ᠠ᠃ | ᠠᠭᠤᠰᠭᠢᠨ ᠳᠤ ᠤᠷᠤᠭᠰᠠᠨ ᠬᠤᠤᠷᠠᠳᠤ ᠪᠤᠳᠠᠰ ᠠᠷᠪᠢᠤᠨᠬᠤ ᠦᠶ᠎ᠠ ᠳᠤ᠂ ᠬᠤᠤᠷᠠᠳᠤ ᠪᠤᠳᠠᠰ ᠠᠭᠤᠰᠭᠢᠨ ᠤ ᠦᠢᠯᠡᠳᠦᠯᠴᠡᠯ ᠢᠶᠠᠷ ᠠᠷᠠᠰᠤᠨ ᠳᠤ ᠬᠤᠷᠠᠵᠤ᠂ ᠠᠷᠠᠰᠤ | ᠦᠩᠭᠡ ᠪᠠᠨ ᠠᠯᠳᠠᠳᠠᠭ᠃ 2. ᠬᠤᠷᠭᠤᠰᠯᠠᠬᠤ᠃ ᠬᠢᠳᠠᠳ ᠡᠮᠨᠡᠯᠭᠡ ᠳᠤ ᠠᠭᠤᠰᠬᠢ ᠪᠤᠯᠤᠨ ᠪᠦᠲᠦᠭᠦᠨ ᠭᠡᠳᠡᠰᠦ ᠨᠢ ᠨᠢᠭᠡ ᠰᠢᠰᠲ᠋ᠧᠮ ᠳᠤ ᠪᠠᠶᠢᠵᠤ᠂ ᠳᠡᠭᠡᠷ᠎ᠡ | ᠳᠠᠯ᠎ᠠ ᠶᠢᠨ ᠠᠭᠤᠰᠬᠢᠨ ᠳᠤ ᠬᠤᠤᠷᠠᠳᠤ ᠪᠤᠳᠠᠰ ᠲᠠᠢ ᠪᠤᠯᠬᠤ ᠦᠶ᠎ᠠ ᠳᠤ ᠳᠤᠤᠷᠠᠳᠤ ᠳᠠᠯ᠎ᠠ ᠶᠢᠨ ᠪᠦᠲᠦᠭᠦᠨ ᠭᠡᠳᠡᠰᠦᠨ ᠳᠤ ᠴᠤ ᠬᠡᠪ ᠤᠨ ᠪᠤᠰᠤ ᠪᠦᠭᠡᠨᠡᠷᠡᠯ ᠭᠠᠷᠴᠤ | ᠬᠤᠷᠭᠤᠰᠤᠯᠠᠳᠠᠭ ᠭᠡᠵᠦ ᠦᠵᠡᠳᠡᠭ ᠪᠠᠶᠢᠨ᠎ᠠ᠃ 3. ᠵᠤᠪᠠᠨᠢᠵᠤ ᠤᠶᠠᠷᠠᠬᠤ᠂ ᠠᠮᠠᠷᠬᠠᠨ ᠭᠤᠨᠢᠬᠤ ᠪᠠᠶᠢᠳᠠᠯ ᠭᠠᠷᠤᠨ᠎ᠠ᠃ ᠠᠭᠤᠰᠭᠢᠨ ᠳᠤ ᠬᠤᠤᠷᠠᠳᠤ ᠪᠤᠳᠠᠰ | ᠬᠤᠷᠠᠵᠤ᠂ ᠠᠭᠤᠰᠬᠢᠨ ᠤ ᠬᠡᠢ ᠴᠢᠰᠤᠨ ᠤ ᠡᠷᠭᠢᠯᠳᠡ ᠶᠢ ᠨᠦᠯᠦᠭᠡᠯᠡᠨ ᠠᠭᠤᠰᠬᠢ ᠬᠡᠪ ᠤᠨ ᠳᠡᠨᠢᠭᠦᠨ ᠪᠠᠶᠢᠳᠠᠯ ᠢᠶᠠᠨ ᠠᠯᠳᠠᠵᠤ ᠠᠶᠤᠤᠯᠢᠬᠠᠢ ᠪᠢᠳᠡᠭᠦᠷᠡᠵᠦ᠂ ᠬᠦᠮᠦᠨ | ᠨᠡᠷ᠎ᠡ ᠦᠭᠡᠢ ᠳᠠᠷᠤᠮᠳᠠ ᠳᠤ ᠤᠷᠤᠭᠰᠠᠨ ᠰᠢᠬ ᠪᠤᠯᠵᠤ ᠵᠤᠪᠠᠨᠢᠬᠤ ᠤᠶᠠᠷᠠᠬᠤ ᠢᠯᠡᠷᠡᠯ ᠭᠠᠷᠳᠠᠭ᠃ | ᠠᠭᠤᠰᠭᠢᠨ ᠳᠤ ᠬᠤᠷᠠᠭᠰᠠᠨ ᠬᠤᠭ ᠨᠤᠪᠰᠢ ᠶᠢ ᠴᠡᠪᠡᠷᠯᠡᠬᠦ ᠠᠷᠭ᠎ᠠ ᠳᠡᠮ᠄ | 1. ᠯᠤᠤᠪᠠᠩ ᠪᠤᠯ ᠠᠭᠤᠰᠬᠢᠨ ᠳᠤ ᠬᠤᠷᠠᠭᠰᠠᠨ ᠬᠤᠤᠷᠠᠳᠤ ᠪᠤᠳᠠᠰ ᠢ ᠴᠡᠪᠠᠷᠯᠡᠬᠦ ᠰᠠᠶᠢᠨ ᠢᠳᠡᠭᠡᠨ ᠪᠤᠯᠤᠨ᠎ᠠ᠃ ᠪᠦᠲᠦᠭᠦᠨ ᠭᠡᠳᠡᠰᠦ ᠪᠤᠯᠤᠨ ᠠᠭᠤᠰᠬᠢ ᠨᠢ | ᠨᠢᠬᠳᠠ ᠬᠠᠷᠢᠴᠠᠭ᠎ᠠ ᠲᠠᠢ ᠪᠠᠶᠢᠵᠤ᠂ ᠠᠭᠤᠰᠭᠢᠨ ᠤ ᠬᠤᠤᠷᠠᠳᠤ ᠪᠤᠳᠠᠰ ᠢ ᠭᠠᠳᠠᠭᠰᠢᠯᠠᠭᠤᠯᠬᠤ ᠭᠡᠮᠵᠢᠶ᠎ᠠ ᠨᠢ ᠪᠦᠲᠦᠭᠦᠨ ᠭᠡᠳᠡᠰᠦᠨ ᠤ ᠰᠠᠭᠠᠳ ᠦᠭᠡᠢ ᠨᠡᠪᠳᠡᠷᠡᠵᠦ | ᠪᠠᠶᠢᠬᠤ ᠡᠰᠡᠬᠦ ᠪᠠᠷ ᠳᠤᠭᠳᠠᠭᠠᠭᠳᠠᠳᠠᠭ ᠭᠡᠵᠦ ᠬᠢᠳᠠᠳ ᠡᠮᠨᠡᠯᠭᠡ ᠶᠢᠨ ᠬᠢᠨ ᠦᠵᠡᠳᠡᠭ᠃ ᠯᠤᠤᠪᠠᠩ ᠨᠢ ᠪᠦᠲᠦᠭᠦᠨ ᠭᠡᠳᠡᠰᠦ ᠶᠢ ᠬᠠᠪᠰᠤᠷᠴᠤ ᠬᠤᠨᠤᠭᠰᠠᠨ | ᠬᠤᠷᠭᠤᠰᠤ ᠶᠢ ᠭᠠᠳᠠᠭᠰᠢᠯᠠᠭᠤᠯᠳᠠᠭ᠃ ᠯᠤᠤᠪᠠᠩ ᠢ ᠳᠦᠭᠦᠬᠡᠢ ᠪᠠᠷ ᠪᠤᠶᠤ ᠪᠤᠯᠭᠤᠭᠠᠳ ᠢᠳᠡᠵᠦ ᠪᠦᠷ ᠪᠤᠯᠤᠨ᠎ᠠ᠃ | 2. ᠬᠡᠯᠡᠭᠡᠢ ᠰᠠᠷᠠᠨ᠎ᠠ ᠨᠢ ᠠᠭᠤᠰᠭᠢᠨ ᠤ ᠬᠤᠤᠷᠠᠳᠤ ᠪᠤᠳᠠᠰ ᠢ ᠡᠰᠡᠷᠭᠦᠴᠡᠬᠦ ᠴᠢᠳᠠᠪᠤᠷᠢ ᠶᠢ ᠰᠠᠶᠢᠵᠢᠷᠠᠭᠤᠯᠳᠠᠭ᠃ ᠠᠭᠤᠰᠬᠢ ᠶᠡᠷᠦ ᠨᠢ ᠬᠠᠭᠰᠠᠭᠰᠠᠨ ᠬᠠᠭᠤᠷᠠᠢ | ᠪᠠᠶᠢᠳᠠᠯ ᠳᠤ ᠳᠤᠷ᠎ᠠ ᠦᠭᠡᠢ ᠪᠠᠶᠢᠳᠠᠭ᠂ ᠬᠠᠭᠤᠷᠠᠢ ᠤᠷᠴᠢᠨ ᠳᠤᠭᠤᠷᠢᠨ ᠳᠤ ᠬᠤᠤᠷᠠᠳᠤ ᠪᠤᠳᠠᠰ ᠠᠭᠤᠰᠭᠢᠨ ᠳᠤ ᠠᠮᠠᠷᠬᠠᠨ ᠬᠤᠷᠠᠳᠠᠭ᠃ ᠮᠦᠭᠦ᠂ ᠬᠡᠯᠡᠭᠡᠢ | ᠰᠠᠷᠠᠨ᠎ᠠ ᠨᠢ ᠠᠭᠤᠰᠬᠢ ᠶᠢ ᠳᠡᠵᠢᠭᠡᠵᠦ ᠴᠢᠬᠢᠭ ᠢ ᠳᠦᠯᠵᠢᠭᠦᠯᠬᠦ ᠦᠢᠯᠡᠳᠦᠯ ᠢᠶᠠᠷ ᠰᠠᠶᠢᠨ ᠪᠠᠶᠢᠵᠤ᠂ ᠠᠭᠤᠰᠬᠢ ᠶᠢ ᠬᠠᠪᠰᠤᠷᠤᠨ ᠬᠤᠤᠷᠠᠳᠤ ᠪᠤᠳᠠᠰ ᠲᠤ ᠴᠤᠬᠢᠯᠳᠠ | ᠦᠭᠳᠡᠭ᠃ ᠬᠡᠯᠡᠭᠡᠢ ᠰᠠᠷᠠᠨ᠎ᠠ ᠶᠢ ᠪᠤᠯᠭᠤᠵᠤ ᠢᠳᠡᠬᠦ ᠳᠡᠭᠡᠨ ᠡᠳ᠋ᠰᠢᠭᠦᠯᠬᠦ ᠶᠠᠪᠤᠴᠠ ᠨᠢ ᠭᠡᠳᠦ ᠤᠳᠠᠬᠤ ᠦᠭᠡᠢ ᠪᠤᠯ ᠰᠠᠶᠢᠨ᠂ ᠭᠡᠳᠦ ᠤᠳᠠᠪᠠᠯ ᠬᠡᠯᠡᠭᠡᠢ ᠰᠠᠷᠠᠨ᠎ᠠ ᠶᠢᠨ | ᠰᠢᠭᠦᠰᠦ ᠨᠢ ᠪᠠᠭᠠᠰᠴᠤ ᠬᠤᠤᠷ᠎ᠠ ᠶᠢ ᠰᠡᠷᠭᠡᠶᠢᠯᠡᠬᠦ ᠦᠢᠯᠡᠳᠦᠯ ᠨᠢ ᠶᠡᠭᠡᠪᠡᠷ ᠪᠠᠭᠤᠷᠠᠳᠠᠭ᠃ | 3. ᠠᠯᠮᠤᠷᠠᠳ ᠢᠯᠡᠭᠦᠦ ᠢᠳᠡᠨ᠎ᠠ᠃ ᠠᠮᠧᠷᠢᠺᠠ ᠶᠢᠨ ᠤᠯᠤᠰ ᠤᠨ ᠡᠷᠡᠭᠦᠯ ᠬᠠᠮᠠᠭᠠᠯᠠᠯ ᠤᠨ ᠰᠤᠳᠤᠯᠭᠠᠨ ᠤ ᠬᠦᠷᠢᠶᠡᠯᠡᠩ ᠤᠨ ᠬᠢᠨ᠂ ᠦᠷᠭᠦᠯᠵᠢ ᠠᠯᠮᠤᠷᠠᠳ | ᠢᠳᠡᠳᠡᠭ ᠬᠦᠮᠦᠨ ᠤ ᠬᠠᠨᠢᠶᠠᠬᠤ᠂ ᠴᠡᠷ ᠭᠠᠷᠬᠤ ᠨᠤᠷᠮ᠎ᠠ ᠨᠢ ᠠᠯᠮᠤᠷᠠᠳ ᠢᠳᠡᠳᠡᠭ ᠦᠭᠡᠢ ᠬᠦᠮᠦᠨ ᠤ ᠬᠢ ᠠᠴᠠ 33% ᠳᠤᠤᠷ᠎ᠠ ᠪᠠᠶᠢᠳᠠᠭ ᠢ ᠰᠤᠳᠤᠯᠭᠠᠨ ᠢᠶᠠᠷ | ᠢᠯᠡᠷᠡᠭᠦᠯᠦᠭᠰᠡᠨ ᠪᠠᠶᠢᠨ᠎ᠠ᠃ ᠡᠨᠡ ᠨᠢ ᠠᠯᠮᠤᠷᠠᠳ ᠤᠨ ᠬᠠᠯᠢᠰᠦᠨ ᠳᠠᠬᠢ ᠵᠢᠮᠢᠰᠦᠨ ᠴᠠᠪᠠᠤ ᠪᠠ ᠢᠰᠦᠯᠳᠦᠬᠦ ᠶᠢ ᠡᠰᠡᠷᠭᠦᠴᠡᠬᠦ ᠪᠤᠳᠠᠰ ᠨᠢ ᠠᠭᠤᠰᠬᠢᠨ ᠤ ᠦᠷᠪᠢᠰᠬᠦ | ᠪᠠᠶᠢᠳᠠᠯ ᠭᠠᠷᠬᠤ ᠶᠢ ᠪᠠᠭᠠᠰᠬᠠᠳᠠᠭ ᠠᠴᠠ ᠪᠤᠯᠵᠠᠢ᠃ | 4. ᠠᠭᠤᠰᠭᠢᠨ ᠤ ᠬᠤᠤᠷᠠᠳᠤ ᠪᠤᠳᠠᠰ ᠢ ᠭᠠᠳᠠᠭᠰᠢᠯᠠᠭᠤᠯᠬᠤ ᠪᠡᠯᠴᠢᠷ ᠢ ᠨᠤᠬᠤᠯᠠᠨ᠎ᠠ᠃ ᠠᠭᠤᠰᠬᠢ ᠶᠢ ᠳᠠᠮᠢᠷᠵᠢᠭᠤᠯᠳᠠᠭ ᠪᠡᠯᠴᠢᠷ ᠪᠤᠯ ᠾᠧ ᠭᠦ᠋ ᠪᠡᠯᠴᠢᠷ ︵合 | 谷穴︶ ᠪᠤᠯᠤᠨ᠎ᠠ᠂ ᠠᠯᠠᠭᠠᠨ ᠤ ᠠᠷᠤ ᠳᠠᠯ᠎ᠠ ᠳᠤ᠂ ᠡᠷᠡᠭᠡᠢ ᠳᠤᠯᠤᠪᠤᠷ ᠬᠤᠶᠠᠷ ᠬᠤᠷᠤᠭᠤᠨ ᠶᠠᠰᠤᠨ ᠤ ᠠᠭᠤᠯᠵᠠᠷ ᠲᠤ ᠪᠠᠶᠢᠨ᠎ᠠ᠂ ᠡᠷᠡᠭᠡᠢ ᠳᠤᠯᠤᠪᠤᠷ ᠬᠤᠶᠠᠷ | ᠬᠤᠷᠤᠭᠤ ᠪᠠᠷ ᠢᠶᠠᠨ ᠴᠢᠮᠬᠢᠭᠡᠳ ᠬᠦᠴᠦᠳᠠᠢ ᠨᠤᠬᠤᠯᠠᠨ᠎ᠠ᠃ | 5. ᠬᠦᠯᠦᠰᠦ ᠳᠠᠭᠤᠯᠭᠠᠵᠤ ᠬᠤᠤᠷ᠎ᠠ ᠳᠠᠶᠢᠯᠤᠨ᠎ᠠ᠃ ᠠᠭᠤᠰᠬᠢ ᠨᠢ ᠠᠷᠠᠰᠤ ᠶᠢ ᠬᠠᠮᠢᠶᠠᠷᠳᠠᠭ᠂ ᠳᠡᠶᠢᠮᠦ ᠠᠴᠠ ᠰᠠᠶᠢᠨ ᠬᠦᠯᠦᠷᠡᠵᠦ᠂ ᠬᠦᠯᠦᠰᠦ ᠪᠠᠷ ᠪᠡᠶ᠎ᠡ | ᠳᠤᠳᠤᠷᠠᠬᠢ ᠬᠤᠤᠷᠠᠳᠤ ᠪᠤᠳᠠᠰ ᠢ ᠳᠠᠭᠤᠯᠭᠠᠪᠠᠯ᠂ ᠠᠭᠤᠰᠬᠢ ᠶᠢ ᠠᠮᠤᠷᠯᠢᠭᠤᠯᠳᠠᠭ᠃ ᠬᠦᠯᠦᠰᠦ ᠭᠠᠷᠭᠠᠬᠤ ᠳᠤ ᠳᠠᠮᠢᠷ ᠤᠨ ᠬᠦᠳᠡᠯᠭᠡᠭᠡᠨ ᠬᠢᠬᠦ ᠠᠴᠠ ᠭᠠᠳᠠᠨ᠎ᠠ᠂ | ᠬᠠᠯᠠᠭᠤᠨ ᠤᠷᠤᠨ ᠳᠤ ᠰᠠᠭᠤᠵᠤ ᠪᠤᠯᠤᠨ᠎ᠠ᠂ ᠪᠡᠶ᠎ᠡ ᠤᠬᠢᠶᠠᠬᠤ ᠤᠰᠤᠨ ᠳᠠᠭᠠᠨ ᠪᠠᠭ᠎ᠠ ᠰᠠᠭ᠎ᠠ ᠳᠦᠭᠦᠬᠡᠢ ᠭᠠ ᠪᠠ ᠵᠢᠷᠤᠭᠪᠠ ᠶᠢᠨ ᠳᠤᠰᠤ ᠬᠢᠪᠡᠯ ᠬᠦᠯᠦᠰᠦ | ᠭᠠᠷᠬᠤ ᠶᠢ ᠰᠠᠶᠢᠵᠢᠷᠠᠭᠤᠯᠵᠤ᠂ ᠪᠡᠶ᠎ᠡ ᠶᠢᠨ ᠭᠦᠨ ᠳᠤ ᠨᠢᠭᠤᠭᠳᠠᠵᠤ ᠪᠠᠶᠢᠭ᠎ᠠ ᠬᠤᠤᠷᠠᠳᠤ ᠪᠤᠳᠠᠰ ᠢ ᠭᠠᠳᠠᠭᠰᠢᠯᠠᠭᠤᠯᠵᠤ ᠳᠡᠶᠢᠯᠦᠨ᠎ᠠ᠃ | 6. ᠭᠦᠨ ᠠᠮᠢᠰᠬᠤᠨ᠎ᠠ᠃ ᠡᠩ ᠤᠨ ᠠᠮᠢᠰᠬᠤᠬᠤ ᠳᠤ᠂ ᠶᠡᠷᠦᠳᠡᠭᠡᠨ ᠪᠠᠭ᠎ᠠ ᠰᠠᠭ᠎ᠠ ᠬᠠᠶᠠᠬᠳᠠᠮᠠᠯ ᠬᠡᠢ ᠠᠭᠤᠰᠭᠢᠨ ᠳᠤ ᠦᠯᠡᠳᠡᠳᠡᠭ᠂ ᠡᠳᠡᠭᠡᠷ ᠬᠠᠶᠠᠬᠳᠠᠮᠠᠯ | ᠬᠡᠢ ᠶᠢ ᠰᠢᠨ᠎ᠠ ᠪᠠᠷ ᠠᠮᠢᠰᠬᠤᠵᠤ ᠤᠷᠤᠭᠤᠯᠬᠤ ᠬᠦᠴᠢᠯᠳᠦ᠋ᠷᠦᠭᠴᠢ ᠡᠯᠪᠡᠭ ᠰᠢᠨ᠎ᠠ ᠠᠭᠠᠷ ᠲᠠᠢ ᠠᠳᠠᠯᠢᠳᠬᠠᠪᠠᠯ ᠮᠦᠨ ᠨᠢᠭᠡ ᠵᠦᠢᠯ ᠤᠨ ᠬᠤᠤᠷᠠᠳᠤ ᠪᠤᠳᠠᠰ | ᠪᠤᠯᠤᠨ᠎ᠠ᠃ ᠳᠡᠶᠢᠮᠦ ᠠᠴᠠ ᠭᠦᠨ ᠠᠮᠢᠰᠬᠤᠬᠤ ᠨᠢ ᠪᠡᠶ᠎ᠡ ᠳᠤ ᠦᠯᠡᠳᠡᠭᠰᠡᠨ ᠬᠠᠶᠠᠬᠳᠠᠮᠠᠯ ᠬᠡᠢ ᠶᠢ ᠬᠦᠢᠴᠡᠳ ᠴᠡᠪᠡᠷᠯᠡᠵᠦ ᠳᠡᠶᠢᠯᠦᠨ᠎ᠠ᠃ | 7. ᠪᠤᠬᠢᠷ ᠮᠠᠨᠠᠨ ᠲᠠᠢ ᠡᠳᠦᠷ ᠴᠢᠳᠠᠬᠤ ᠶᠢᠨ ᠳᠤᠳᠤᠷ᠎ᠠ ᠭᠠᠳᠠᠭ᠎ᠠ ᠭᠠᠷᠬᠤ ᠦᠭᠡᠢ ᠪᠤᠯ ᠰᠠᠶᠢᠨ᠃ ᠬᠡᠷᠪᠡ ᠭᠠᠷᠬᠤ ᠳᠡᠭᠡᠷ᠎ᠡ ᠳᠤᠯᠪᠠᠯ᠂ ᠠᠮᠠ ᠬᠠᠮᠠᠷ ᠢᠶᠠᠨ | ᠪᠦᠭᠯᠡᠵᠦ᠂ ᠦᠷᠯᠦᠭᠡ ᠤᠷᠤᠢ ᠶᠢᠨ ᠤᠳᠤᠭ᠎ᠠ ᠳᠤᠭᠤᠰᠤ ᠶᠡᠭᠡ ᠴᠠᠭ ᠠᠴᠠ ᠵᠠᠶᠢᠯᠠᠰᠬᠢᠪᠠᠯ ᠵᠤᠬᠢᠨ᠎ᠠ᠃ | 8. ᠤᠰᠤ ᠢᠯᠡᠭᠦᠦ ᠤᠤᠭᠤᠵᠤ᠂ ᠳᠠᠮᠠᠬᠢ ᠳᠠᠳᠠᠬᠤ ᠦᠭᠡᠢ᠃ ᠬᠡᠷᠪᠡ ᠳᠠᠮᠠᠬᠢ ᠳᠠᠳᠠᠳᠠᠭ ᠤᠷᠴᠢᠨ ᠳᠤ ᠤᠷᠳᠤ ᠬᠤᠭᠤᠴᠠᠭ᠎ᠠ ᠪᠠᠷ ᠪᠠᠶᠢᠳᠠᠭ ᠪᠤᠯ ᠡᠷᠭᠡᠪᠰᠢ | ᠢᠯᠡᠭᠦᠭᠡᠨ ᠤᠰᠤ ᠤᠤᠭᠤᠬᠤ ᠭᠡᠷᠡᠭᠳᠡᠢ᠂ ᠳᠡᠪᠡᠪᠡᠯ ᠪᠡᠶ᠎ᠡ ᠳᠠᠬᠢ ᠬᠤᠤᠷᠠᠳᠤ ᠪᠤᠳᠠᠰ ᠤᠨ ᠭᠠᠳᠠᠬᠰᠢᠯᠠᠭᠤᠯᠤᠯᠳᠠ ᠶᠢ ᠳᠦᠷᠭᠡᠳᠭᠡᠳᠡᠭ᠃ ᠳᠤᠭ᠎ᠠ ᠪᠠᠷᠢᠮᠳᠠ ᠠᠴᠠ | ᠦᠵᠡᠪᠡᠯ᠂ ᠨᠠᠢᠮᠠᠨ ᠬᠤᠪᠢ ᠶᠢᠨ ᠠᠭᠤᠰᠬᠢᠨ ᠦᠮᠡᠨ ᠨᠢ ᠳᠠᠮᠠᠬᠢ ᠠᠴᠠ ᠪᠤᠯᠵᠠᠢ᠂ ᠳᠡᠶᠢᠮᠦ ᠠᠴᠠ ᠳᠠᠮᠠᠬᠢ ᠳᠠᠳᠠᠬᠤ ᠪᠠᠨ ᠪᠤᠯᠢᠭᠠᠴᠢ ᠭᠡᠵᠦ ᠰᠠᠨᠠᠭᠤᠯᠤᠶ᠎ᠠ᠃ | 9. ᠦᠷᠯᠦᠭᠡ ᠶᠢᠨ 7 — 9 ᠴᠠᠭ ᠪᠤᠯ ᠠᠭᠤᠰᠭᠢᠨ ᠳᠠᠮᠢᠷ ᠬᠠᠮᠤᠭ ᠤᠨ ᠴᠢᠩᠭ᠎ᠠ ᠪᠠᠶᠢᠳᠠᠭ ᠬᠤᠭᠤᠴᠠᠭ᠎ᠠ ᠪᠤᠯᠤᠨ᠎ᠠ᠃ ᠡᠶᠢᠮᠦ ᠠᠴᠠ ᠡᠨᠡᠬᠦ | ᠬᠤᠭᠤᠴᠠᠭᠠᠨ ᠳᠤ ᠳᠠᠮᠢᠷ ᠤᠨ ᠬᠦᠳᠡᠯᠭᠡᠭᠡᠨ ᠬᠢᠬᠦ ᠪᠠᠷ ᠳᠠᠮᠵᠢᠭᠤᠯᠤᠨ ᠬᠤᠤᠷ᠎ᠠ ᠶᠢ ᠭᠠᠳᠠᠭᠰᠢᠯᠠᠭᠤᠯᠪᠠᠯ ᠬᠠᠮᠤᠭ ᠤᠨ ᠰᠠᠶᠢᠨ᠃ ᠠᠭᠤᠰᠭᠢᠨ ᠳᠠᠮᠢᠷ ᠴᠢᠩᠭ᠎ᠠ | ᠬᠤᠭᠤᠴᠠᠭᠠᠨ ᠳᠤ ᠬᠦᠶᠦᠬᠦ ᠠᠯᠬᠤᠬᠤ ᠵᠡᠷᠭᠡ ᠬᠦᠴᠢᠯᠳᠦ᠋ᠷᠦᠭᠴᠢᠳᠤ ᠬᠦᠳᠡᠯᠭᠡᠭᠡᠨ ᠬᠢᠪᠡᠯ ᠠᠭᠤᠰᠭᠢᠨ ᠤ ᠬᠤᠤᠷ᠎ᠠ ᠶᠢ ᠭᠠᠳᠠᠭᠰᠢᠯᠠᠭᠤᠯᠬᠤ ᠴᠢᠳᠠᠪᠤᠷᠢ ᠶᠢ | ᠳᠡᠭᠡᠭᠰᠢᠯᠡᠭᠦᠯᠳᠡᠭ᠃ |