ᠵᠢᠷᠬᠢᠬᠦ ᠵᠢᠷᠬᠢᠭᠡ | ᠪᠣᠭᠤ ᠵᠢᠷᠬᠢᠭᠡ ᠶᠢᠨ ᠨᠢᠭᠡᠨ ᠵᠦᠢᠯ᠃ ᠵᠢᠷᠬᠢᠬᠦ ᠵᠢᠷᠬᠢᠭᠡ ᠶᠢ ᠪᠠᠰᠠ ᠠᠷᠪᠠᠨ ᠬᠤᠶᠠᠷ ᠵᠢᠷᠬᠢᠭᠡ᠂ ᠳᠠᠭ᠎ᠠ ᠶᠢᠨ ᠵᠢᠷᠬᠢᠭᠡ ᠬᠡᠳᠡᠭ᠃ ᠨᠠᠭᠠᠳᠬᠤ ᠬᠤᠶᠠᠷ ᠡᠳᠡᠭᠡᠳ | ᠳᠣᠰ ᠪᠦᠷᠢ 12 ᠨᠣᠬᠠᠢ ᠠᠪᠳᠠᠭ᠃ ᠬᠦᠯᠭᠡ ᠶᠢ ᠬᠠᠳᠠᠭᠤ ᠴᠠᠭᠠᠰᠣ᠂ ᠳᠡᠭᠰᠢᠭᠡᠨ ᠪᠠᠩᠵᠠ ᠪᠣᠶᠣ ᠴᠠᠭᠠᠨ ᠪᠦᠰ ᠳᠡᠭᠡᠷ᠎ᠡ ᠵᠢᠷᠣᠳᠠᠭ᠃ ᠭᠤᠷᠪᠠᠨ ᠳᠡᠭᠰᠢ | ᠳᠦᠷᠪᠡᠯᠵᠢᠨ ᠤ ᠳᠦᠷᠪᠡᠨ ᠦᠨᠴᠦᠭ ᠢ ᠠᠰ ᠱᠣᠭᠤᠮ ᠢᠶᠠᠷ ᠬᠤᠯᠪᠣᠵᠣ᠂ ᠬᠠᠮᠤᠭ ᠳᠣᠳᠣᠷᠠᠬᠢ ᠳᠡᠭᠰᠢ ᠳᠦᠷᠪᠡᠯᠵᠢᠨ ᠤ ᠳᠦᠷᠪᠡᠨ ᠳᠠᠯ᠎ᠠ ᠶᠢᠨ ᠳᠣᠮᠳᠠ ᠴᠡᠭ ᠠᠴᠠ | ᠭᠠᠳᠠᠷ ᠳᠦᠷᠪᠡᠯᠵᠢᠨ ᠤ ᠳᠦᠷᠪᠡᠨ ᠳᠠᠯ᠎ᠠ ᠶᠢᠨ ᠳᠣᠮᠳᠠ ᠴᠡᠭ ᠢ ᠠᠰ ᠱᠣᠭᠤᠮ ᠢᠶᠠᠷ ᠬᠤᠯᠪᠣᠪᠠᠯ ᠬᠤᠷᠢᠨ ᠳᠦᠷᠪᠡᠨ ᠪᠠᠯᠴᠢᠷ ᠤᠨ ᠰᠠᠭᠤᠳᠠᠯ ᠲᠠᠢ ᠵᠢᠷᠬᠢᠭᠡ ᠶᠢᠨ | ᠬᠦᠯᠭᠡ ᠪᠣᠯᠳᠠᠭ᠃ | ᠭᠠᠳᠠᠷ ᠵᠢᠷᠤᠭ ᠲᠠᠬᠢ ᠵᠢᠷᠭᠢᠭᠡ ᠶᠢᠨ ᠵᠠᠮ ᠢ ᠭᠠᠳᠠᠷ ᠵᠠᠮ ᠬᠡᠵᠦ᠂ ᠳᠣᠮᠳᠠᠬᠢ ᠵᠢᠷᠤᠭ ᠲᠠᠬᠢ ᠵᠢᠷᠬᠢᠭᠡ ᠶᠢᠨ ᠵᠠᠮ ᠢ ᠳᠣᠮᠳᠠ ᠵᠠᠮ ᠬᠡᠵᠦ᠂ ᠬᠠᠮᠤᠭ ᠳᠣᠳᠣᠷᠠᠬᠢ | ᠵᠢᠷᠤᠭ ᠳᠠᠬᠢ ᠵᠢᠷᠬᠢᠭᠡ ᠶᠢᠨ ᠵᠠᠮ ᠢ ᠳᠣᠳᠣᠷ᠎ᠠ ᠵᠠᠮ ᠭᠡᠳᠡᠭ᠃ ᠵᠢᠷᠬᠢᠬᠦ ᠵᠢᠷᠬᠢᠭᠡ ᠶᠢ ᠨᠠᠭᠠᠳᠬᠤ ᠬᠤᠶᠠᠷ ᠬᠦᠮᠦᠨ ᠳᠣᠰ ᠳᠣᠰ 12 ᠨᠣᠬᠠᠢ ᠬᠤᠪᠢᠳᠠᠵᠣ᠂ ᠬᠦᠯᠭᠡ | ᠳᠡᠭᠡᠷᠡᠬᠢ ᠠᠰ ᠱᠣᠭᠤᠮ ᠳᠤ ᠵᠡᠷᠭᠡᠴᠡᠭᠰᠡᠨ ᠭᠤᠷᠪᠠᠨ ᠪᠠᠭᠤᠳᠠᠯ ᠢ ᠡᠵᠡᠯᠡᠵᠦ ᠠᠪᠬᠤ ᠪᠠᠷ ᠮᠦᠷᠦ᠋ᠢᠴᠡᠨ ᠳᠡᠮᠡᠴᠡᠳᠡᠭ᠃ ᠬᠡᠨ ᠬᠦᠮᠦᠨ ᠨᠢᠭᠡᠨ ᠠᠰ ᠱᠣᠭᠤᠮ | ᠳᠡᠭᠡᠷᠡᠬᠢ ᠭᠤᠷᠪᠠᠨ ᠪᠠᠭᠤᠳᠠᠯ ᠢ ᠣᠷᠢᠳᠠ ᠪᠠᠷ ᠡᠵᠡᠯᠡᠨ ᠨᠣᠬᠠᠢ ᠪᠠᠨ ᠳᠠᠯᠪᠢᠵᠦ ᠠᠮᠵᠢᠪᠠᠯ ᠵᠢᠷᠬᠢᠭᠰᠡᠨ ᠳᠤ ᠳᠣᠭᠠᠴᠠᠭᠳᠠᠵᠣ᠂ ᠨᠦᠬᠦᠭᠡ ᠡᠳᠡᠭᠡᠳ ᠤᠨ ᠢᠶᠠᠨ | ᠨᠣᠬᠠᠳ ᠠᠴᠠ ᠠᠯᠢ ᠠᠰᠢᠭᠳᠠᠢ ᠬᠡᠰᠡᠨ ᠨᠢᠭᠡ ᠶᠢ ᠠᠯᠠᠵᠣ ᠳᠠᠯᠪᠢᠨ᠎ᠠ᠂ ᠡᠭᠦᠨ ᠢ ᠨᠣᠬᠠᠢ ᠢᠳᠡᠬᠦ ᠬᠡᠳᠡᠭ᠃ ᠡᠰᠡᠷᠬᠦ ᠡᠳᠡᠭᠡᠳ ᠤᠨ ᠢᠶᠠᠨ ᠵᠢᠷᠬᠢᠬᠦ ᠬᠡᠵᠦ ᠪᠠᠶᠢᠭ᠎ᠠ | ᠨᠣᠬᠠᠢ ᠪᠣᠶᠣ ᠦᠪᠡᠷ ᠤᠨ ᠳᠠᠷᠠᠭᠠᠴᠢ ᠪᠠᠷ ᠨᠡᠬᠦᠬᠦ ᠳᠤ ᠠᠰᠢᠭᠳᠠᠢ ᠳᠠᠯ᠎ᠠ ᠪᠠᠨ ᠪᠣᠳᠣᠯᠬᠢᠯᠠᠵᠣ ᠠᠯᠢ ᠨᠢᠭᠡᠨ ᠨᠣᠬᠠᠢ ᠶᠢ ᠢᠳᠡᠨ᠎ᠡ᠃ ᠡᠰᠡᠷᠬᠦ ᠡᠳᠡᠭᠡᠳ ᠤᠨ ᠨᠢᠭᠡᠨᠳᠡ | ᠵᠢᠷᠬᠢᠭᠰᠡᠨ ᠨᠣᠬᠠᠢ ᠶᠢ ᠢᠳᠡᠵᠦ ᠪᠣᠯᠬᠤ ᠦᠬᠡᠢ᠃ ᠬᠤᠶᠠᠷ ᠡᠳᠡᠭᠡᠳ ᠬᠠᠷᠢᠯᠴᠠᠨ ᠨᠢᠭᠡ ᠨᠢᠭᠡᠨ ᠤ ᠪᠠᠨ ᠵᠢᠷᠬᠢᠬᠦ ᠶᠢ ᠬᠤᠷᠢᠭᠯᠠᠵᠣ ᠨᠣᠬᠠᠢ ᠳᠠᠯᠪᠢᠬᠤ ᠶᠢᠨ ᠬᠠᠮᠳᠣ | ᠳᠠᠷᠠᠭ᠎ᠠ ᠠᠯᠬᠤᠮ ᠨᠡᠬᠦᠬᠦ ᠨᠣᠬᠠᠢ ᠳᠤ ᠠᠰᠢᠭᠳᠠᠢ ᠪᠠᠶᠢᠯᠭᠠᠬᠤ ᠶᠢ ᠣᠨᠴᠠ ᠠᠩᠬᠠᠷᠳᠠᠭ᠃ | ᠵᠢᠷᠬᠢᠬᠦ ᠵᠢᠷᠬᠢᠭᠡ ᠶᠢ ᠨᠠᠭᠠᠳᠬᠤ ᠳᠤ ᠬᠡᠨ ᠨᠢ ᠳᠦᠷᠦᠭᠦᠯᠡᠵᠦ ᠶᠠᠪᠣᠭᠰᠠᠨ ᠴᠦ ᠪᠣᠯᠣᠨ᠎ᠠ᠃ ᠳᠦᠷᠦᠭᠦᠨ ᠳᠤ ᠳᠠᠯᠪᠢᠭᠰᠠᠨ ᠬᠦᠮᠦᠨ ᠢ ᠳᠠᠭᠠᠭᠤᠯᠣᠨ ᠳᠠᠯᠪᠢᠭᠴᠢ | ᠬᠡᠵᠦ᠂ ᠰᠡᠭᠦᠯ ᠳᠤ ᠨᠢ ᠳᠠᠯᠪᠢᠭᠰᠠᠨ ᠬᠦᠮᠦᠨ ᠢ ᠲᠠᠭᠠᠨ ᠳᠠᠯᠪᠢᠭᠴᠢ ᠭᠡᠳᠡᠭ᠃ ᠨᠣᠬᠠᠢ ᠪᠠᠨ ᠳᠠᠯᠪᠢᠬᠤ ᠳᠤ ᠠ ᠡ ᠠ ᠡ ᠬᠡᠬᠦ ᠪᠣᠶᠣ ᠡᠰᠡᠭᠦᠯ᠎ᠡ ᠡ ᠠ ᠡ ᠠ | ᠬᠡᠬᠦ ᠮᠡᠳᠦ ᠪᠠᠷ ᠬᠠᠷᠢᠯᠴᠠᠨ ᠡᠭᠡᠯᠵᠢᠯᠡᠨ ᠳᠠᠯᠪᠢᠳᠠᠭ᠃ ᠨᠣᠬᠠᠢ ᠳᠠᠯᠪᠢᠵᠤ ᠪᠠᠶᠢᠬᠤ ᠶᠠᠪᠣᠴᠠ ᠳᠤ ᠭᠡᠨ ᠣᠷᠢᠳᠠ ᠪᠠᠷ ᠵᠢᠷᠬᠢᠭᠰᠡᠨ ᠪᠣᠯ ᠨᠦᠬᠦᠭᠡ ᠡᠳᠡᠭᠡᠳ ᠤᠨ ᠢᠶᠠᠨ | ᠨᠣᠬᠠᠢ ᠠᠴᠠ ᠨᠢᠭᠡ ᠶᠢ ᠢᠳᠡᠵᠦ᠂ ᠨᠣᠬᠠᠢ ᠪᠠᠨ ᠢᠳᠡᠭᠦᠯᠦᠭᠰᠡᠨ ᠬᠦᠮᠦᠨ ᠵᠠᠯᠭᠠᠭᠠᠳ ᠳᠠᠯᠪᠢᠳᠠᠭ᠃ ᠡᠭᠦᠨ ᠳᠤ 3 ᠨᠣᠬᠠᠢ ᠨᠢᠭᠡ ᠯᠡ ᠵᠢᠷᠬᠢᠭᠡ ᠶᠢᠨ ᠣᠳᠠᠰᠣᠨ | ᠳᠡᠭᠡᠷ᠎ᠡ ᠬᠦᠨᠳᠡᠯᠡᠨ ᠪᠣᠶᠣ ᠭᠤᠯᠳᠣ ᠪᠠᠷ ᠰᠠᠭᠤᠭᠰᠠᠨ ᠢ ᠵᠢᠷᠬᠢᠭᠡ ᠪᠦᠳᠦᠭᠰᠡᠨ ᠬᠡᠳᠡᠭ᠃ ᠵᠢᠷᠬᠢᠬᠦ ᠵᠢᠷᠬᠢᠭᠡᠨ ᠳᠤ ᠬᠦᠨᠳᠡᠯᠡᠨ ᠢᠶᠠᠷ ᠢᠶᠠᠨ ᠠᠷᠪᠠᠨ ᠬᠤᠶᠠᠷ᠂ | ᠰᠢᠯᠣᠭᠤᠨ ᠢᠶᠠᠷ ᠢᠶᠠᠨ ᠨᠠᠢᠮᠠ ᠨᠡᠶᠢᠳᠡ ᠬᠤᠷᠢᠨ ᠵᠢᠷᠬᠢᠭᠡ ᠪᠠᠶᠢᠳᠠᠭ᠃ ᠬᠤᠶᠠᠷ ᠡᠳᠡᠭᠡᠳ ᠬᠤᠷᠢᠨ ᠳᠦᠷᠪᠡᠨ ᠰᠠᠭᠤᠳᠠᠯ ᠳᠤ ᠳᠣᠰ ᠳᠣᠰ 12 ᠨᠣᠬᠠᠢ ᠪᠠᠨ | ᠳᠠᠯᠪᠢᠵᠣ ᠪᠠᠷᠠᠭᠠᠳ ᠢᠳᠡᠭᠳᠡᠭᠰᠡᠨ ᠨᠣᠬᠠᠳ ᠢᠶᠠᠨ ᠠᠪᠴᠤ ᠬᠠᠶᠠᠪᠠᠯ ᠬᠦᠯᠭᠡ ᠶᠢᠨ ᠳᠡᠭᠡᠷ᠎ᠡ ᠰᠣᠯᠠ ᠪᠠᠭᠤᠳᠠᠯ ᠭᠠᠷᠳᠠᠭ᠃ | ᠵᠢᠷᠬᠢᠭᠡ ᠳᠠᠯᠪᠢᠵᠦ ᠪᠠᠶᠢᠬᠤ ᠶᠠᠪᠣᠴᠠ ᠳᠤ ᠬᠤᠶᠠᠷ ᠡᠳᠡᠭᠡᠳ ᠢᠶᠠᠷ ᠢᠶᠠᠨ ᠬᠡᠨ ᠨᠢ ᠴᠦ ᠵᠢᠷᠬᠢᠭᠰᠡᠨ ᠦᠬᠡᠢ ᠪᠦᠭᠡᠳ ᠨᠣᠬᠠᠢ ᠪᠠᠨ ᠢᠳᠡᠭᠦᠯᠦᠭᠰᠡᠨ ᠦᠬᠡᠢ᠂ | ᠬᠤᠷᠢᠨ ᠳᠦᠷᠪᠡᠨ ᠪᠠᠭᠤᠳᠠᠯ ᠪᠦᠷ ᠨᠣᠬᠠᠢ ᠳᠦᠭᠦᠷᠴᠣ ᠨᠡᠬᠦᠬᠦ ᠪᠠᠭᠤᠳᠠᠯ ᠦᠬᠡᠢ ᠪᠣᠯᠪᠠᠯ ᠬᠤᠶᠠᠭᠤᠯᠠ ᠪᠠᠨ ᠬᠠᠷᠢᠯᠴᠠᠨ ᠨᠢᠭᠡ ᠨᠢᠭᠡ ᠨᠣᠬᠠᠢ ᠠᠪᠴᠣ ᠬᠠᠶᠠᠳᠠᠭ᠃ | ᠡᠨᠡ ᠮᠡᠳᠦ ᠵᠢᠷᠬᠢᠭᠰᠡᠭᠡᠷ ᠬᠡᠨ ᠤ ᠬᠢᠨᠢ ᠨᠣᠬᠠᠢ ᠠᠷᠪᠢᠨ ᠦᠯᠡᠳᠡᠪᠡᠯ ᠳᠡᠷᠡ ᠨᠢ ᠱᠦᠬᠦᠵᠦ᠂ ᠨᠣᠬᠠᠢ ᠪᠠᠨ ᠪᠦᠬᠦᠨ ᠢ ᠢᠳᠡᠭᠦᠯᠦᠭᠰᠡᠨ ᠨᠢ ᠱᠦᠭᠦᠭᠳᠡᠳᠡᠭ᠃ ᠬᠤᠶᠠᠷ | ᠡᠳᠡᠭᠡᠳ ᠤᠨ ᠳᠤᠭ᠎ᠠ ᠠᠳᠠᠯᠢ ᠪᠦᠭᠡᠳ ᠬᠡᠨ ᠨᠢ ᠴᠦ ᠵᠢᠷᠬᠢᠵᠦ ᠳᠡᠶᠢᠯᠭᠦ ᠦᠬᠡᠢ ᠪᠣᠯ ᠬᠠᠶᠢᠨᠴᠠᠭᠰᠠᠨ ᠳᠤ ᠳᠣᠭᠠᠴᠠᠭᠳᠠᠨ᠎ᠠ᠃ ᠬᠦᠳᠡᠯᠦᠨ ᠵᠢᠷᠬᠢᠭᠡ᠄ ᠬᠦᠳᠡᠯᠦᠨ | ᠵᠢᠷᠬᠢᠭᠡ ᠨᠢᠭᠡ ᠬᠦᠳᠡᠯᠪᠡᠯ ᠨᠢᠭᠡ ᠵᠢᠷᠬᠢᠨ᠎ᠡ ᠬᠡᠰᠡᠨ ᠣᠳᠬ᠎ᠠ ᠲᠠᠢ᠃ ᠨᠢᠭᠡ ᠬᠦᠳᠡᠯᠪᠡᠯ ᠨᠢᠭᠡ ᠵᠢᠷᠬᠢᠳᠡᠭ ᠪᠣᠯᠬᠤᠷ ᠬᠦᠳᠡᠯᠦᠨ ᠵᠢᠷᠬᠢᠭᠡ ᠪᠦᠳᠦᠭᠰᠡᠨ ᠬᠦᠮᠦᠨ | ᠠᠮᠠᠷᠬᠠᠨ ᠳᠡᠶᠢᠯᠳᠡᠭ᠃ ᠵᠢᠷᠬᠢᠬᠦ ᠵᠢᠷᠬᠢᠭᠡ ᠳᠤ ᠬᠦᠳᠡᠯᠦᠨ ᠵᠢᠷᠬᠢᠭᠡ ᠪᠦᠳᠦᠬᠦ ᠣᠷᠣᠨ ᠠᠷᠪᠢᠨ ᠪᠠᠶᠢᠳᠠᠭ᠃ |