ᠰᠠᠴᠤᠯᠢ ᠡᠷᠭᠦᠬᠦ ᠶᠣᠰᠣᠨ ᠪᠣᠯ ᠮᠣᠩᠭᠤᠯᠴᠤᠳ ᠤᠨ ᠲᠡᠭᠷᠢ᠂ ᠭᠠᠵᠠᠷ᠂ ᠲᠡᠭᠡᠳᠤᠰ ᠲᠠᠢ ᠪᠠᠨ ᠬᠠᠷᠢᠴᠠᠬᠤ ᠬᠠᠷᠢᠯᠴᠠᠭᠠᠨ ᠤ ᠤᠬᠠᠭᠠᠨ ᠪᠠᠶᠢᠵᠦ᠂ ᠰᠠᠴᠤᠯᠢ ᠨᠢ | ᠢᠯᠡ ᠲᠠᠯᠳᠠ ᠶᠢᠷᠳᠢᠨᠴᠦ ᠶᠢᠨ ᠬᠤᠯᠪᠣᠭᠠᠰᠦ ᠪᠣᠯᠳᠠᠭ᠃ ᠰᠠᠴᠤᠯᠢ ᠶᠢ ᠬᠦᠭᠡ ᠮᠦᠩᠭᠡ ᠲᠡᠭᠷᠢ ᠡᠴᠢᠭᠡ᠂ ᠬᠦᠷᠦᠰᠤᠳᠦ ᠠᠯᠳᠠᠨ ᠲᠡᠯᠡᠭᠡᠢ ᠡᠳᠤᠭᠡᠨ ᠡᠭᠡ᠂ ᠬᠦᠮᠦᠨ | ᠲᠦᠷᠤᠯᠬᠢᠳᠡᠨ ᠤ ᠤᠳᠤᠮ ᠤᠭᠰᠠᠭ᠎ᠠ ᠶᠢᠨ ᠦᠨᠳᠤᠷ ᠲᠡᠭᠡᠳᠤᠰ ᠲᠡᠭᠡᠨ ᠦᠴᠢᠨ ᠪᠠᠶᠢᠵᠦ ᠡᠷᠭᠦᠳᠡᠭ᠃ ᠲᠡᠭᠷᠢ ᠪᠣᠯ ᠮᠣᠩᠭᠤᠯᠴᠤᠳ ᠤᠨ ᠲᠡᠭᠡᠳᠦ ᠰᠢᠳᠤᠭᠡᠨ ᠶᠤᠮ᠃ | | ᠮᠣᠩᠭᠤᠯᠴᠤᠳ ᠤᠨ ᠰᠢᠳᠤᠳᠡᠭ ᠲᠡᠭᠷᠢ ᠳᠤ ᠮᠦᠩᠭᠡ ᠲᠡᠭᠷᠢ᠂ ᠬᠦᠭᠡ ᠶᠢᠰᠤᠨ ᠲᠡᠭᠷᠢ᠂ ᠶᠡᠷᠨ ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ ᠵᠢᠴᠢ ᠨᠠᠷᠠᠨ | ᠰᠠᠷᠠᠨ ᠣᠳᠣᠳ ᠵᠡᠷᠭᠡ ᠣᠷᠴᠢᠯᠠᠩ ᠤᠨ ᠣᠷᠣᠰᠢᠬᠤᠢ ᠪᠠᠭᠳᠠᠳᠠᠭ᠃ ᠮᠣᠩᠭᠤᠯᠴᠤᠳ ︽ᠲᠡᠭᠷᠢ ᠮᠡᠳᠡᠳᠦᠭᠡᠢ︾᠂ ︽ᠲᠡᠭᠷᠢ ᠮᠢᠨᠢ ᠦᠷᠤᠰᠢᠶᠡ︾ ᠭᠡᠳᠡᠭ ᠪᠠᠶᠢᠵᠦ᠂ | ︽ᠮᠣᠩᠭᠤᠯ ᠤᠨ ᠨᠢᠭᠤᠴᠠ ᠲᠣᠪᠴᠢᠶᠠᠨ︾ ᠳᠤ ᠶᠡᠭᠡ ᠡᠵᠡᠨ ᠴᠢᠩᠬᠢᠰ ᠬᠠᠭᠠᠨ ᠠᠭᠳᠠ ᠶᠢᠨ ᠵᠢᠯᠣᠭᠤ ᠪᠠᠨ ᠵᠠᠯᠠᠵᠦ᠂ ᠠᠭᠤᠤ ᠲᠦᠷᠦ ᠶᠢ ᠪᠠᠶᠢᠭᠤᠯᠬᠤ ᠳᠠᠭᠠᠨ ︽ | ᠮᠦᠩᠭᠡ ᠲᠡᠭᠷᠢ ᠶᠢᠨ ᠵᠠᠷᠯᠢᠭ ᠢᠶᠠᠷ︾ ᠭᠦᠢᠴᠡᠳᠭᠡᠵᠦ᠂ ︽ᠮᠦᠩᠭᠡ ᠲᠡᠭᠷᠢ ᠢᠪᠡᠭᠡᠬᠦ ᠪᠣᠯᠳᠤᠭᠠᠢ︾ ᠭᠡᠵᠦ ᠲᠠᠭᠠᠳᠬᠠᠨ᠂ ᠲᠡᠭᠷᠢ ᠪᠠ ᠮᠦᠩᠭᠡ ᠲᠡᠭᠷᠢ ᠶᠢ ᠣᠯᠠᠨ ᠴᠦ | ᠤᠳᠠᠭ᠎ᠠ ᠲᠠᠭᠤᠳᠠᠭᠰᠠᠨ ᠪᠠᠶᠢᠳᠠᠭ᠃ ᠶᠡᠭᠡ ᠮᠣᠩᠭᠤᠯ ᠤᠯᠤᠰ ᠤᠨ ᠲᠠᠯᠠᠢ ᠬᠠᠭᠠᠨ ᠤ ᠬᠠᠰᠪᠤᠤ ᠲᠠᠮᠠᠭᠠᠨ ᠲᠡᠭᠡᠷ᠎ᠡ ︽ᠮᠦᠩᠭᠡ ᠲᠡᠭᠷᠢ ᠶᠢᠨ ᠬᠦᠴᠦᠨ ᠳᠤᠷ ᠮᠣᠩᠭᠤᠯ | ᠤᠯᠤᠰ ᠤᠨ ᠲᠠᠯᠠᠢ ᠶᠡᠭᠡ ᠬᠠᠭᠠᠨ ᠤ ᠵᠠᠷᠯᠢᠭ ᠢ ᠢᠯᠡ ᠪᠣᠯᠭᠠᠨ ᠢᠷᠭᠡᠨ ᠳᠤᠷ ᠬᠦᠷᠭᠡᠪᠡᠰᠦ ᠪᠢᠰᠢᠷᠡᠳᠦᠭᠡᠢ ᠠᠶᠤᠳᠤᠭᠠᠢ︾ ᠭᠡᠵᠦ ᠬᠠᠭᠠᠨ ᠤ ᠵᠠᠷᠯᠢᠭ ᠢ ᠤᠯᠠᠮᠵᠢᠯᠠᠪᠠ᠃ | ᠢᠩᠬᠢᠵᠦ ᠡᠭᠡᠯ ᠵᠢᠷ ᠤᠨ ᠠᠷᠠᠳ ᠢᠷᠭᠡᠳ ᠠᠴᠠ ᠶᠡᠭᠡ ᠡᠵᠡᠨ ᠴᠢᠩᠬᠢᠰ ᠬᠠᠭᠠᠨ ᠬᠦᠷᠳᠡᠯ᠎ᠡ ᠶᠠᠮᠠᠷᠪᠠ ᠤᠶᠢᠯᠡ ᠶᠢ ᠬᠢᠬᠦ ᠳᠤ ᠮᠦᠩᠭᠡ ᠲᠡᠭᠷᠢ ᠶᠢᠨ ᠢᠪᠡᠭᠡᠯ ᠳᠤ | ᠲᠠᠭᠠᠳᠬᠠᠵᠦ᠂ ᠮᠦᠩᠭᠡ ᠲᠡᠭᠷᠢ ᠶᠢᠨ ᠡᠷᠭᠡᠨ ᠳᠤ ᠭᠦᠢᠴᠡᠳᠭᠡᠵᠦ᠂ ᠮᠦᠩᠭᠡ ᠲᠡᠭᠷᠢ ᠶᠢᠨ ᠬᠦᠴᠦᠨ ᠳᠤ ᠲᠠᠯᠠᠷᠬᠠᠳᠠᠭ᠃ | ᠮᠣᠩᠭᠤᠯᠴᠤᠳ ᠤᠨ ᠰᠢᠳᠤᠳᠡᠭ ᠡᠨᠡ ᠬᠦ ᠠᠤᠭ᠎ᠠ ᠬᠦᠴᠦᠳᠦ ᠮᠦᠩᠭᠡ ᠲᠡᠭᠷᠢ ᠪᠣᠯ ᠣᠷᠴᠢᠯᠠᠩ ᠤᠨ ᠨᠠᠷᠠ ᠲᠡᠯᠡᠭᠡᠢ ᠲᠡᠭᠡᠷ᠎ᠡ ᠲᠣᠰᠤᠭᠰᠠᠨ ᠭᠡᠷᠡᠯ ᠤᠨ ᠡᠷᠴᠢᠮ | ᠬᠦᠴᠦᠨ ᠤ ᠲᠡᠭᠡᠳᠦ ᠨᠢᠭᠡᠳᠦᠯ ᠪᠣᠯᠣᠨ᠎ᠠ᠃ ᠡᠨᠡ ᠨᠢ ᠪᠠᠶᠢᠭᠠᠯᠢ ᠲᠡᠯᠡᠭᠡᠢ᠂ ᠬᠦᠮᠦᠨ᠂ ᠠᠮᠢᠳᠠᠨ᠂ ᠤᠷᠭᠤᠮᠠᠯ ᠪᠦᠬᠦᠨ ᠢ ᠠᠯᠠᠭᠴᠢᠯᠠᠯ ᠦᠭᠡᠢ ᠢᠪᠡᠭᠡᠵᠦ᠂ ᠠᠮᠢ | ᠨᠠᠰᠦ ᠣᠯᠭᠤᠵᠦ ᠦᠭᠳᠡᠭ ᠠᠴᠠ ᠮᠣᠩᠭᠤᠯᠴᠤᠳ ᠮᠦᠩᠭᠡ ᠲᠡᠭᠷᠢ ᠶᠢ ᠲᠡᠭᠡᠳᠤᠯᠡᠨ ᠰᠢᠳᠤᠳᠡᠭ ᠮᠦᠷᠳᠡᠭᠡᠨ ᠦᠪᠡᠷ ᠤᠨ ᠵᠦᠩ ᠪᠢᠯᠢᠭ᠂ ᠰᠡᠷᠡᠯ ᠮᠡᠳᠡᠷᠡᠮᠵᠢ᠂ | ᠰᠡᠳᠬᠢᠯ ᠵᠢᠷᠦᠭᠡ ᠪᠠᠷ ᠢᠶᠠᠨ ᠲᠡᠭᠷᠢ ᠲᠠᠢ ᠬᠠᠷᠢᠴᠠᠳᠠᠭ᠃ ᠢᠩᠬᠢᠬᠦ ᠳᠡᠭᠡᠨ ᠬᠦᠮᠦᠰ ᠤᠨ ᠦᠭᠡ ᠭᠡᠯᠡ᠂ ᠤᠶᠢᠯᠡ ᠠᠵᠢᠯᠯᠠᠭ᠎ᠠ᠂ ᠰᠡᠳᠬᠢᠯ ᠰᠠᠨᠠᠭ᠎ᠠ ᠪᠦᠬᠦ ᠵᠦᠢᠯ | ᠶᠢᠷᠳᠢᠨᠴᠦ ᠶᠢᠨ ᠵᠢᠮ᠎ᠡ ᠶᠣᠰᠣ ᠲᠠᠢ ᠨᠢᠭᠡᠨ ᠵᠦᠭ᠂ ᠨᠢᠭᠡᠨ ᠴᠢᠭᠯᠡᠯ ᠳᠤ ᠬᠠᠨᠳᠤᠭᠰᠠᠨ ᠦᠶ᠎ᠡ ᠳᠤ ᠣᠷᠴᠢᠯᠠᠩ ᠤᠨ ᠡᠷᠴᠢᠮ ᠬᠦᠴᠦ ᠶᠢ ᠡᠶᠡᠷᠬᠦ ᠪᠠᠷ ᠬᠦᠯᠢᠶᠡᠨ | ᠠᠪᠴᠦ᠂ ᠪᠦᠬᠦ ᠵᠦᠢᠯ ᠨᠢ ᠤᠯᠠᠮ ᠲᠡᠭᠵᠢᠷᠡᠨ ᠪᠠᠳᠠᠷᠠᠬᠤ ᠶᠢ ᠮᠣᠩᠭᠤᠯᠴᠤᠳ ᠮᠦᠩᠭᠡ ᠲᠡᠭᠷᠢ ᠳᠤ ᠢᠪᠡᠭᠡᠭᠳᠡᠯᠡ ᠭᠡᠳᠡᠭ᠃ ᠡᠭᠦᠨ ᠤ ᠡᠰᠡᠷᠬᠦ ᠪᠠᠷ ᠶᠢᠷᠳᠢᠨᠴᠦ ᠶᠢᠨ | ᠵᠢᠮ᠎ᠡ ᠶᠣᠰᠣ ᠶᠢ ᠲᠡᠷᠰᠯᠡᠵᠦ᠂ ᠭᠡᠷᠡᠯ ᠤᠨ ᠡᠷᠴᠢᠮ ᠬᠦᠴᠦᠨ ᠤ ᠡᠰᠡᠷᠭᠦ᠂ ᠪᠠᠶᠢᠭᠠᠯᠢ ᠲᠡᠯᠡᠭᠡᠢ ᠶᠢᠨ ᠵᠢᠮ᠎ᠡ ᠶᠣᠰᠣ ᠶᠢ ᠰᠦᠷᠬᠦ ᠲᠣᠳᠣᠮ ᠪᠦᠬᠦ ᠵᠦᠢᠯ ᠨᠢ ᠪᠦᠳᠤᠯ | ᠦᠭᠡᠶᠢᠳᠡᠵᠦ ᠡᠴᠤᠰ ᠲᠡᠭᠡᠨ ᠮᠠᠭᠤ ᠦᠷ᠎ᠡ ᠳ᠋ᠦᠩ ᠳᠤ ᠬᠦᠷᠬᠦ ᠶᠢ ᠮᠦᠩᠭᠡ ᠲᠡᠭᠷᠢ ᠶᠢᠨ ᠭᠡᠰᠭᠡᠯ ᠭᠡᠳᠡᠭ᠃ ᠣᠷᠴᠢᠯᠠᠩ ᠤᠨ ᠭᠡᠷᠡᠯ ᠤᠨ ᠡᠷᠴᠢᠮ ᠬᠦᠴᠦ ᠲᠤᠰ | ᠲᠤᠰ ᠤᠨ ᠢᠯᠭᠠᠭ᠎ᠠ ᠲᠠᠢ ᠪᠠᠶᠢᠳᠠᠭ ᠠᠴᠠ ᠶᠡᠷᠡ ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ᠂ ᠬᠦᠭᠡ ᠶᠢᠰᠤᠨ ᠲᠡᠭᠷᠢ ᠭᠡᠵᠦ ᠢᠯᠭᠠᠨ ᠨᠡᠷᠡᠯᠡᠵᠦ᠂ | ᠲᠡᠭᠦᠨ ᠲᠠᠢ ᠦᠪᠡᠷ ᠦᠪᠡᠷ ᠤᠨ ᠬᠦᠰᠡᠯ ᠱᠠᠭᠠᠷᠳᠠᠯᠭ᠎ᠠ ᠪᠠᠷ ᠬᠠᠷᠢᠴᠠᠳᠠᠭ ᠠᠵᠢ᠃ ᠢᠩᠬᠢᠵᠦ ᠣᠷᠴᠢᠯᠠᠩ ᠤᠨ ᠭᠡᠷᠡᠯ ᠤᠨ ᠡᠷᠴᠢᠮ ᠬᠦᠴᠦ ᠶᠢ ᠲᠠᠨᠢᠵᠦ᠂ | ᠲᠡᠭᠡᠳᠤᠯᠡᠵᠦ᠂ ᠰᠢᠳᠤᠵᠦ᠂ ᠣᠷᠴᠢᠯᠠᠩ ᠤᠨ ᠡᠷᠴᠢᠮ ᠬᠦᠴᠦ ᠪᠠᠷ ᠤᠶᠤᠨ ᠰᠠᠨᠠᠭ᠎ᠠ ᠪᠠᠨ ᠲᠡᠵᠢᠭᠡᠨ ᠲᠡᠳᠬᠦᠬᠦ ᠬᠦᠨᠡᠰᠦ ᠲᠡᠵᠢᠭᠡᠯ ᠪᠣᠯᠭᠠᠨ᠂ ᠣᠷᠴᠢᠯᠠᠩ ᠤᠨ ᠵᠢᠮ᠎ᠡ | ᠶᠣᠰᠣᠨ ᠳᠤ ᠵᠣᠬᠢᠴᠠᠨ ᠠᠮᠢᠳᠤᠷᠠᠬᠤ ᠤᠬᠠᠭᠠᠨ ᠢ ᠮᠣᠩᠭᠤᠯᠴᠤᠳ ᠤᠨ ᠲᠡᠭᠷᠢ ᠶᠢᠨ ᠤᠬᠠᠭᠠᠨ ᠪᠣᠶᠣ ᠲᠡᠭᠷᠢ ᠰᠢᠳᠤᠯᠭᠡ ᠭᠡᠵᠦ᠂ ᠲᠡᠭᠷᠢ ᠶᠢᠨ ᠭᠡᠷᠡᠯ ᠤᠨ ᠡᠷᠴᠢᠮ | ᠬᠦᠴᠦ ᠪᠠᠷ ᠬᠦᠮᠦᠨ ᠠᠮᠢᠳᠠᠨ᠂ ᠲᠦᠮᠡᠨ ᠪᠤᠳᠠᠰ ᠠᠮᠢ ᠨᠠᠰᠦ ᠶᠢ ᠣᠯᠳᠠᠭ ᠪᠣᠯᠬᠤᠷ ᠲᠡᠭᠷᠢ ᠡᠴᠢᠭᠡ ᠭᠡᠵᠦ᠂ ᠠᠯᠢᠪᠠ ᠪᠦᠬᠦᠨ ᠭᠠᠵᠠᠷ ᠲᠡᠭᠡᠷ᠎ᠡ ᠠᠮᠢᠯᠠᠵᠦ | ᠪᠤᠶᠢᠵᠢᠳᠠᠭ ᠪᠣᠯᠬᠤᠷ ᠬᠦᠷᠤᠰᠤᠳᠦ ᠠᠯᠳᠠᠨ ᠲᠡᠯᠡᠭᠡᠢ ᠶᠢ ᠡᠳᠤᠭᠡᠨ ᠡᠭᠡ ᠭᠡᠳᠡᠭ ᠰᠠᠨ᠃ | ᠡᠭᠡ ᠲᠡᠯᠡᠭᠡᠢ ᠲᠡᠭᠡᠷ᠎ᠡ ᠠᠮᠢ ᠨᠠᠰᠦ ᠲᠣᠭᠳᠠᠨᠢᠵᠦ᠂ ᠠᠮᠢᠳᠠᠨ ᠤᠷᠭᠤᠮᠠᠯ ᠦᠰᠴᠦ ᠲᠦᠯᠵᠢᠳᠡᠭ ᠪᠣᠯᠬᠤᠷ ᠮᠣᠩᠭᠤᠯᠴᠤᠳ ᠠᠭᠤᠯᠠ ᠬᠠᠶᠢᠷᠬᠠᠳ᠂ ᠭᠤᠤᠯ | ᠮᠦᠷᠡᠨ᠂ ᠭᠤᠪᠢ ᠬᠠᠩᠭᠠᠢ᠂ ᠪᠠᠶᠢᠭᠠᠯᠢ ᠠᠬᠤᠢ ᠪᠠᠨ ᠬᠠᠶᠢᠷᠠᠯᠠᠵᠦ᠂ ᠬᠠᠮᠠᠭᠠᠯᠠᠵᠦ᠂ ᠨᠤᠳᠤᠭ ᠤᠰᠤᠨ ᠤ ᠡᠵᠡᠨ ᠰᠠᠪᠳᠠᠭ᠂ ᠣᠪᠣᠭ᠎ᠠ ᠱᠠᠩᠰᠢ ᠪᠠᠨ ᠲᠡᠭᠡᠳᠤᠯᠠᠨ | ᠰᠢᠳᠤᠵᠦ᠂ ᠲᠡᠷᠡ ᠪᠦᠬᠦᠨ ᠲᠠᠢ ᠡᠪᠯᠡᠨ ᠡᠪᠰᠡᠵᠦ᠂ ᠵᠦᠪ ᠤᠶᠢᠯᠠᠭᠠᠵᠦ᠂ ᠵᠦᠢᠳᠠᠢ ᠬᠠᠷᠢᠴᠠᠵᠦ ᠵᠤᠭᠢᠴᠠᠨ ᠤᠷᠤᠰᠢᠵᠤ ᠨᠡᠭᠦᠲᠡᠯᠯᠡᠨ ᠶᠠᠪᠤᠳᠠᠭ ᠠᠮᠢᠳᠤᠷᠠᠯ | ᠣᠷᠣᠰᠢᠬᠤᠢ ᠶᠢᠨ ᠤᠬᠠᠭᠠᠨ ᠢ ᠨᠡᠭᠦᠳᠡᠯ ᠰᠣᠶᠣᠯ ᠤᠨ ᠤᠬᠠᠭᠠᠨ ᠭᠡᠳᠡᠭ᠃ ᠰᠤᠷᠬᠠᠭᠳᠠᠨᠢ ᠪᠠᠬᠢ ᠴᠡᠴᠡᠨ ᠬᠠᠳᠤᠨ ︽ᠬᠦᠭᠡ ᠮᠣᠩᠭᠤᠯ ᠤᠨ ᠨᠡᠭᠦᠳᠡᠯ ᠰᠣᠶᠣᠯ ᠢᠶᠠᠷ | ᠪᠠᠳᠠᠷᠠᠭᠠᠬᠤ ᠶᠡᠭᠡ ᠵᠠᠰᠠᠭ ᠤᠨ ᠠᠯᠳᠠᠨ ᠲᠡᠭᠡᠳᠦ ᠭᠡᠷ᠎ᠡ︾ ᠳᠤ ︽ᠠᠯᠳᠠᠨ ᠲᠡᠭᠡᠳᠦ ᠭᠡᠷ᠎ᠡ ᠨᠢ ᠶᠡᠭᠡ ᠵᠠᠰᠠᠭ ᠤᠨ ᠡᠭᠡ ᠪᠣᠯᠵᠦ᠂ ᠠᠷᠠᠳ ᠲᠦᠮᠡᠨ ᠤ ᠬᠤᠷ᠎ᠠ | ᠰᠣᠶᠣᠯ ᠢ ᠴᠢᠩᠬᠢᠰ ᠬᠠᠭᠠᠨ ᠤᠯᠤᠰ ᠤᠨ ᠶᠡᠭᠡ ᠭᠡᠷ᠎ᠡ ᠪᠣᠯᠭᠠᠵᠦ ᠮᠦᠷᠯᠡᠨ ᠪᠠᠶᠢᠵᠦ᠂ ᠶᠢᠰᠤᠨ ᠮᠦᠷᠡᠨ᠂ ᠭᠤᠴᠢᠨ ᠭᠤᠷᠪᠠᠨ ᠭᠤᠪᠢ᠂ ᠬᠤᠷᠢ ᠶᠢᠰᠤᠨ ᠬᠠᠩᠭᠠᠢ ᠳᠤ | ᠲᠡᠯᠡᠭᠡᠶᠢᠴᠢᠯᠡᠭᠰᠡᠨ ᠲᠡᠤᠭᠡ ᠲᠠᠢ ᠪᠢᠯᠡ︾ ᠭᠡᠵᠦ ᠲᠡᠮᠳᠡᠭᠯᠡᠭᠰᠡᠨ ᠠᠴᠠ ᠦᠵᠡᠪᠡᠯ᠂ ᠶᠢᠰᠤᠨ ᠮᠦᠷᠡᠨ᠂ ᠬᠤᠷᠢ ᠶᠢᠰᠤᠨ ᠬᠠᠩᠭᠠᠢ᠂ ᠭᠤᠴᠢᠨ ᠭᠤᠷᠪᠠᠨ ᠭᠤᠪᠢ ᠵᠢᠴᠢ | ᠬᠠᠶᠢᠷᠬᠠᠳ ᠲᠣᠯᠣᠭᠠᠳ ᠣᠪᠣᠭ᠎ᠠ ᠶᠢ ᠪᠠᠭᠳᠠᠭᠠᠭᠰᠠᠨ ᠶᠡᠭᠡ ᠮᠣᠩᠭᠤᠯ ᠤᠨ ᠨᠤᠳᠤᠭ ᠲᠡᠪᠢᠰᠭᠡᠷ ᠢ ᠨᠡᠭᠦᠳᠡᠯ ᠰᠣᠶᠣᠯ ᠤᠨ ᠤᠬᠠᠭᠠᠨ ᠢᠶᠠᠷ ᠲᠡᠯᠡᠭᠡᠶᠢᠴᠢᠯᠡᠨ | ᠡᠷᠭᠡᠰᠢᠶᠡᠵᠦ᠂ ᠲᠡᠷᠡ ᠤᠬᠠᠭᠠᠨ ᠢᠶᠠᠨ ᠶᠡᠭᠡ ᠡᠵᠡᠨ ᠴᠢᠩᠬᠢᠰ ᠬᠠᠭᠠᠨ ᠶᠡᠭᠡ ᠵᠠᠰᠠᠭ ᠬᠠᠤᠯᠢ ᠪᠣᠯᠭᠠᠨ ᠭᠡᠷᠡᠭᠵᠢᠭᠦᠯᠵᠦ ᠪᠠᠶᠢᠵᠠᠢ᠃ ᠢᠩᠬᠢᠬᠦ ᠳᠡᠭᠡᠨ ᠮᠣᠩᠭᠤᠯᠴᠤᠳ | ᠲᠡᠭᠷᠢ ᠶᠢᠨ ᠭᠡᠷᠡᠯ᠂ ᠭᠠᠵᠠᠷ ᠤᠨ ᠰᠢᠨᠵᠢ ᠶᠢ ᠵᠦᠩ ᠪᠢᠯᠢᠭ ᠢᠶᠠᠷ ᠢᠶᠠᠨ ᠰᠢᠨᠵᠢᠵᠦ᠂ ᠲᠡᠭᠷᠢ ᠶᠢᠨ ᠭᠡᠷᠡᠯ᠂ ᠣᠷᠴᠢᠯᠠᠩ ᠤᠨ ᠵᠢᠮ᠎ᠡ᠂ ᠭᠠᠵᠠᠷ ᠤᠨ ᠶᠣᠰᠣᠨ ᠢ | ᠡᠪᠳᠡᠬᠦ ᠳᠤ ᠬᠦᠷᠪᠡᠯ ᠵᠣᠪᠠᠯᠠᠩ ᠲᠠᠭᠤᠳᠠᠳᠠᠭ ᠢ ᠤᠬᠠᠳᠠᠭ ᠪᠠᠶᠢᠭᠰᠠᠨ ᠠᠴᠠ ᠨᠡᠭᠦᠳᠡᠯ ᠰᠣᠶᠣᠯ ᠤᠨ ᠤᠬᠠᠭᠠᠨ ᠪᠣᠯ ᠬᠦᠮᠦᠨ ᠠᠮᠢᠳᠠᠨ᠂ ᠤᠷᠭᠤᠮᠠᠯ ᠪᠤᠳᠠᠰ᠂ ᠨᠠᠷᠠ | ᠰᠠᠷ᠎ᠠ᠂ ᠣᠷᠴᠢᠯᠠᠩ ᠲᠡᠯᠡᠭᠡᠢ ᠶᠢ ᠨᠢᠭᠡ ᠴᠣᠭᠴᠠ ᠪᠣᠯᠭᠠᠨ ᠨᠢᠭᠡᠳᠭᠡᠵᠦ᠂ ᠲᠡᠭᠦᠨ ᠤ ᠵᠢᠮ᠎ᠡ ᠶᠣᠰᠣᠨ ᠳᠤ ᠵᠤᠬᠢᠴᠠᠨ ᠣᠷᠣᠰᠢᠬᠤ ᠶᠢ ᠪᠠᠷᠢᠮᠳᠠᠯᠠᠭᠰᠠᠨ ᠠᠴᠠ ᠰᠠᠴᠤᠯᠢ | ᠡᠷᠭᠦᠬᠦ ᠶᠣᠰᠣᠨ ᠶᠠᠭ ᠡᠨᠡ ᠬᠦ ᠤᠬᠠᠭᠠᠨ ᠤ ᠲᠣᠳᠣᠷ᠎ᠠ ᠠᠴᠠ ᠤᠷᠭᠤᠨ ᠭᠠᠷᠴᠠᠢ᠃ | ᠡᠶᠢᠨ ᠬᠦ ᠮᠦᠩᠭᠡ ᠲᠡᠭᠷᠢ ᠶᠢᠨ ᠭᠡᠷᠡᠯ᠂ ᠬᠦᠮᠦᠨ ᠳᠤ ᠦᠨᠢ ᠮᠦᠩᠭᠡ ᠶᠢᠨ ᠠᠮᠢᠨ ᠴᠢᠨᠠᠷ ᠰᠦᠨᠡᠰᠦ ᠶᠢ ᠣᠯᠭᠤᠳᠠᠭ᠃ ᠲᠡᠷᠡ ᠭᠡᠭᠡᠨ ᠰᠦᠨᠡᠰᠦ ᠣᠩᠭᠤᠳ | ᠲᠡᠭᠷᠢ ᠪᠣᠯᠵᠦ᠂ ᠲᠡᠭᠷᠢ ᠶᠢᠨ ᠣᠷᠣᠨ ᠳᠠᠭᠠᠨ ᠣᠷᠣᠰᠢᠵᠦ᠂ ᠤᠳᠤᠮ ᠤᠭᠰᠠᠭ᠎ᠠ ᠶᠢᠨ ᠦᠷ᠎ᠡ ᠬᠤᠶᠢᠴᠢᠰ ᠲᠠᠢ ᠪᠠᠨ ᠬᠤᠯᠪᠣᠭ᠎ᠠ ᠲᠠᠢ ᠪᠠᠶᠢᠳᠠᠭ ᠭᠡᠵᠦ ᠦᠵᠡᠳᠡᠭ ᠠᠴᠠ | ᠲᠡᠳᠡᠭᠡᠷ ᠲᠡᠭᠡᠳᠦ ᠤᠶᠤᠨ ᠤᠬᠠᠭᠠᠨ ᠪᠣᠯᠬᠤ ᠣᠩᠭᠤᠳ ᠢ ᠲᠡᠭᠷᠢ ᠶᠢ ᠤᠯᠠᠭᠠᠴᠢ ᠶᠢᠨ ᠪᠡᠶ᠎ᠡ ᠳᠤ ᠪᠠᠭᠤᠯᠭᠠᠨ ᠢᠷᠡᠭᠦᠯᠬᠦ ᠪᠣᠶᠣ ᠡᠰᠡᠬᠦᠯ᠎ᠡ ᠲᠡᠭᠷᠢ ᠶᠢᠨ ᠣᠷᠣᠨ ᠳᠠᠬᠢ | ᠲᠡᠳᠡᠭᠡᠷ ᠲᠡᠭᠡᠳᠤᠰ ᠤᠨ ᠢᠶᠠᠨ ᠤᠶᠤᠨ ᠤᠬᠠᠭᠠᠨ ᠢ ᠬᠦᠨᠳᠤᠯᠠᠵᠦ᠂ ᠲᠡᠭᠡᠳᠤᠯᠡᠵᠦ᠂ ᠲᠠᠶᠢᠯᠵᠦ᠂ ᠲᠠᠬᠢᠵᠦ᠂ ᠪᠠᠶᠠᠰᠬᠠᠵᠦ᠂ ᠬᠠᠷᠠᠵᠦ ᠲᠠᠭᠠᠭᠠᠬᠤ ᠪᠣᠶᠣ ᠢᠪᠡᠭᠡᠯ | ᠦᠷᠤᠰᠢᠶᠡᠯ ᠢᠶᠠᠨ ᠬᠦᠷᠳᠡᠭᠡᠬᠦ ᠶᠢ ᠭᠤᠶᠤᠵᠦ ᠲᠠᠭᠠᠳᠬᠠᠨ᠂ ᠦᠪᠡᠷ ᠤᠨ ᠤᠷᠤᠭ ᠤᠳᠤᠮ ᠤᠨ ᠦᠨᠳᠤᠷ ᠲᠡᠭᠡᠳᠤᠰ ᠤᠨ ᠢᠶᠠᠨ ᠤᠬᠠᠭᠠᠨ᠂ ᠤᠶᠤᠨ᠂ ᠵᠦᠩ ᠢ ᠨᠢ | ᠤᠯᠠᠮᠵᠢᠯᠠᠨ ᠠᠪᠴᠦ ᠦᠷ᠎ᠡ ᠬᠤᠶᠢᠴᠢᠰ ᠲᠠᠭᠠᠨ ᠵᠠᠯᠭᠠᠮᠵᠢᠯᠠᠭᠤᠯᠵᠦ ᠭᠡᠭᠡᠷᠡᠵᠦ ᠠᠮᠢᠳᠤᠷᠠᠬᠤ ᠶᠢ ᠵᠣᠷᠢᠳᠠᠭ᠃ ᠶᠡᠭᠡ ᠡᠵᠡᠨ ᠴᠢᠩᠬᠢᠰ ᠬᠠᠭᠠᠨ᠂ ᠲᠣᠯᠣᠭᠠᠨ ᠲᠡᠭᠡᠳᠦ | ᠡᠴᠢᠭᠡ ᠶᠢᠨ ᠢᠶᠠᠨ ᠨᠠᠢᠮᠠᠨ ᠤᠶᠤᠨ᠂ ᠶᠢᠰᠤᠨ ᠤᠬᠠᠭᠠᠨ᠂ ᠠᠷᠪᠠᠨ ᠬᠤᠶᠠᠷ ᠵᠦᠩ ᠢᠶᠠᠷ ᠭᠡᠭᠡᠷᠡᠵᠦ᠂ ᠮᠠᠨ ᠤ ᠡᠪᠦᠭᠡ ᠲᠡᠭᠡᠳᠤᠰ ᠪᠣᠯᠬᠤ ᠶᠡᠷᠡᠨ ᠲᠠᠪᠤᠨ ᠲᠦᠮᠡᠨ | ᠠᠷᠠᠳ ᠢᠷᠭᠡᠳ ᠢᠶᠠᠨ ᠤᠳᠤᠷᠢᠳᠤᠨ ᠣᠷᠣᠰᠢᠬᠤᠢ ᠶᠢᠨ ᠲᠦᠪᠰᠢᠨ ᠰᠠᠶᠢᠬᠠᠨ ᠢ ᠪᠦᠳᠦᠭᠡᠭᠰᠡᠨ ᠶᠤᠮ᠃ ᠶᠡᠭᠡ ᠬᠠᠭᠠᠨ ᠢᠩᠬᠢᠵᠦ ᠦᠨᠳᠤᠷ ᠲᠡᠭᠡᠳᠤᠰ ᠤᠨ ᠢᠶᠠᠨ | ᠤᠶᠤᠨ ᠤᠬᠠᠭᠠᠨ ᠢ ᠦᠪᠯᠡᠵᠦ᠂ ᠤᠯᠤᠰ ᠢᠶᠠᠨ ᠵᠠᠰᠠᠳᠠᠭ ᠪᠣᠯ ᠡ᠊ᠩ ᠤᠨ ᠠᠷᠠᠳ ᠢᠷᠭᠡᠳ ᠦᠪᠡᠷ ᠤᠨ ᠲᠣᠯᠣᠭᠠᠨ ᠲᠡᠭᠡᠳᠦ ᠡᠴᠢᠭᠡ ᠶᠢᠨ ᠤᠶᠤᠨ ᠤᠬᠠᠭᠠᠨ᠂ | ᠵᠦᠩ ᠪᠢᠯᠢᠭ ᠢᠶᠠᠷ ᠭᠡᠭᠡᠷᠡᠵᠦ ᠭᠡᠷ ᠢᠶᠠᠨ ᠵᠠᠰᠠᠳᠠᠭ ᠪᠠᠶᠢᠪᠠ᠃ ᠢᠩᠬᠢᠵᠦ ᠦᠪᠡᠷ ᠤᠨ ᠤᠳᠤᠮ ᠤᠭᠰᠠᠭ᠎ᠠ ᠶᠢᠨ ᠦᠨᠳᠤᠷ ᠲᠡᠭᠡᠳᠤᠰ ᠲᠡᠭᠡᠨ ᠦᠪᠡᠷ ᠤᠨ ᠪᠦᠬᠦ | ᠢᠳᠡᠭᠡᠯ᠂ ᠰᠡᠳᠬᠢᠯ ᠬᠦᠰᠡᠯ ᠢᠶᠠᠨ ᠢᠯᠡᠳᠭᠡᠬᠦ ᠪᠣᠶᠣ ᠲᠡᠳᠡᠨ ᠲᠠᠢ ᠪᠠᠨ ᠬᠤᠯᠪᠣᠭᠳᠠᠬᠤ ᠳᠤ ᠮᠦᠨ ᠰᠠᠴᠤᠯᠢ ᠡᠷᠭᠦᠵᠦ ᠪᠣᠳᠣᠯ ᠢᠶᠠᠨ ᠦᠴᠢᠳᠡᠭ ᠪᠢᠯᠡ᠃ ᠡᠶᠢᠨ ᠬᠦ | ᠠᠮᠢ ᠠᠮᠢᠳᠤᠷᠠᠯ ᠢ ᠦᠭᠭᠦᠭᠴᠢ ᠮᠦᠩᠭᠡ ᠲᠡᠭᠷᠢ᠂ ᠠᠬᠤᠢ ᠣᠷᠣᠰᠢᠬᠤᠢ ᠶᠢ ᠪᠣᠢ ᠪᠣᠯᠭᠠᠭᠴᠢ ᠠᠯᠳᠠᠨ ᠲᠡᠯᠡᠭᠡᠢ ᠳᠤ ᠬᠦᠮᠦᠨ ᠤ ᠲᠡᠭᠡᠳᠦ ᠤᠶᠤᠨ ᠤᠬᠠᠭᠠᠨ ᠵᠦᠪ | ᠪᠠᠶᠢᠭᠰᠠᠨ ᠦᠶ᠎ᠡ ᠳᠤ ᠠᠮᠢᠳᠤᠷᠠᠯ ᠡᠷᠡᠭᠦᠯ ᠰᠠᠷᠠᠭᠤᠯ ᠵᠦᠪ ᠲᠣᠭᠳᠠᠯᠴᠠᠭ᠎ᠠ ᠶᠢ ᠪᠣᠢ ᠪᠣᠯᠭᠠᠵᠦ᠂ ᠬᠦᠭᠡ ᠮᠦᠩᠭᠡ ᠲᠡᠭᠷᠢ ᠳᠤ ᠢᠪᠡᠭᠡᠭᠳᠡᠵᠦ᠂ ᠬᠦᠷᠤᠰᠤᠳᠦ ᠠᠯᠳᠠᠨ | ᠲᠡᠯᠡᠭᠡᠢ ᠳᠤ ᠲᠡᠳᠬᠦᠭᠳᠡᠨ᠂ ᠬᠦᠮᠦᠨ ᠲᠦᠷᠤᠯᠬᠢᠳᠡᠨ ᠤ ᠡ᠊ᠩᠭᠡ ᠠᠮᠤᠭᠤᠯᠠᠩ ᠲᠣᠭᠳᠠᠨᠢᠳᠠᠭ ᠶᠤᠮ᠃ | ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠣᠯ ᠶᠠᠭ ᠡᠨᠡ ᠬᠦ ᠲᠡᠭᠷᠢ᠂ ᠭᠠᠵᠠᠷ᠂ ᠬᠦᠮᠦᠨ ᠭᠤᠷᠪᠠ ᠶᠢ ᠬᠤᠯᠪᠣᠵᠦ ᠪᠠᠶᠢᠭ᠎ᠠ ᠤᠶᠢᠯᠡ ᠪᠣᠯᠣᠨ᠎ᠠ᠃ | ᠮᠣᠩᠭᠤᠯ ᠤᠯᠠᠮᠵᠢᠯᠠᠯ ᠳᠤ ᠭᠡᠷ ᠤᠨ ᠡᠵᠡᠭᠳᠡᠢ ᠦᠷᠯᠤᠭᠡ ᠶᠢᠨ ᠴᠠᠢ ᠪᠠᠨ ᠴᠢᠨᠠᠭᠠᠳ ᠲᠡᠭᠡᠵᠢ ᠶᠢ ᠨᠢ ᠠᠪᠴᠦ ︽ᠲᠡᠭᠷᠢ᠂ ᠬᠠᠩᠭᠠᠢ᠂ ᠲᠡᠭᠡᠳᠤᠰ ᠮᠢᠨᠢ︕︾ ᠭᠡᠵᠦ | ᠡᠷᠭᠦᠳᠡᠭ ᠪᠠ ᠦᠨᠢᠶ᠎ᠡ ᠪᠠᠨ ᠰᠠᠭᠠᠮᠠᠭᠴᠠ ᠡᠪᠡᠰᠤᠨ ᠲᠣᠯᠣᠭᠠᠢ ᠶᠢ ᠨᠢ ᠠᠪᠤᠭᠠᠳ ᠰᠠᠭᠤᠯᠠᠭ᠎ᠠ ᠲᠠᠢ ᠰᠦ ᠳᠡᠭᠡᠨ ᠲᠦᠷᠦᠵᠦ ᠲᠡᠭᠷᠢ᠂ ᠭᠠᠵᠠᠷ᠂ ᠲᠡᠭᠡᠳᠤᠰ ᠲᠡᠭᠡᠨ | ᠡᠷᠭᠦᠳᠡᠭ ᠨᠢ ᠡ᠊ᠩ ᠤᠨ ᠠᠮᠢᠳᠤᠷᠠᠯ ᠤᠨ ᠭᠡᠪᠰᠢᠭᠰᠡᠨ ᠵᠠᠩᠰᠢᠯ ᠶᠤᠮ᠃ ᠡᠭᠦᠨ ᠠᠴᠠ ᠭᠠᠳᠠᠨ᠎ᠠ᠂ ᠠᠯᠢ ᠱᠠᠭᠠᠷᠳᠠᠯᠭ᠎ᠠ ᠲᠠᠢ ᠦᠶ᠎ᠡ ᠳᠡᠭᠡᠨ ᠶᠢᠰᠤᠨ ᠨᠢᠳᠦ ᠲᠠᠢ | ᠰᠠᠴᠤᠯᠢ ᠪᠠᠷ ᠰᠠᠴᠤᠯᠢ ᠡᠷᠭᠦᠵᠦ᠂ ᠰᠠᠨᠠᠭᠰᠠᠨ ᠬᠦᠰᠡᠯ ᠢᠶᠠᠨ ᠲᠠᠭᠠᠳᠬᠠᠬᠤ ᠲᠤᠰᠬᠠᠢ ᠤᠶᠢᠯᠡ ᠶᠢ ᠬᠢᠳᠡᠭ ᠪᠠ ᠪᠦᠭᠡ ᠪᠦᠭᠡᠯᠡᠬᠦ᠂ ᠲᠠᠬᠢᠯᠭ᠎ᠠ ᠲᠠᠶᠢᠯᠭ᠎ᠠ ᠬᠢᠬᠦ ᠳᠤ | ᠵᠠᠪᠠᠯ ᠤᠷᠢᠳ ᠢᠶᠠᠷ ᠰᠠᠴᠤᠯᠢ ᠡᠷᠭᠦᠳᠡᠭ᠃ ᠶᠠᠮᠠᠷ ᠴᠦ ᠦᠶ᠎ᠡ ᠳᠤ ᠪᠦᠷ ᠠᠳᠠᠯᠢᠬᠠᠨ ᠤᠷᠢᠳ ᠢᠶᠠᠷ ᠬᠦᠭᠡ ᠮᠦᠩᠭᠡ ᠲᠡᠭᠷᠢ᠂ ᠲᠠᠷᠠᠭᠠᠯᠠᠨ ᠬᠦᠷᠤᠰᠤᠳᠦ ᠠᠯᠳᠠᠨ | ᠲᠡᠯᠡᠭᠡᠢ᠂ ᠬᠤᠶᠢᠨ᠎ᠠ ᠠᠴᠠ ᠨᠢ ᠤᠳᠤᠮ ᠤᠨ ᠦᠨᠳᠤᠷ ᠲᠡᠭᠡᠳᠤᠰ ᠢᠶᠠᠨ ᠨᠡᠷᠡᠯᠡᠨ ᠲᠠᠭᠤᠳᠠᠵᠦ ᠬᠢᠵᠦ ᠪᠠᠶᠢᠭ᠎ᠠ ᠤᠶᠢᠯᠡ ᠪᠠᠨ ᠦᠭᠦᠯᠡᠵᠦ ᠮᠡᠳᠡᠭᠦᠯᠦᠨ᠂ | ᠬᠤᠶᠢᠨ᠎ᠠ ᠠᠴᠠ ᠨᠢ ᠬᠦᠰᠡᠨ ᠭᠤᠶᠤᠵᠦ ᠪᠠᠶᠢᠭ᠎ᠠ ᠪᠦᠬᠦᠨ ᠢᠶᠠᠨ ᠦᠴᠢᠳᠡᠭ ᠨᠢ ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠢᠯᠡ᠃ |