ᠮᠣᠩᠭᠤᠯ ᠪᠦᠰᠡ ᠶᠢᠨ ᠴᠡᠭᠡᠷ
ᠨᠡᠶᠢᠲᠡᠯᠡᠭᠰᠡᠨ ᠴᠠᠭ᠄
2024/11/15
    ᠪᠦᠰᠡ ᠪᠦᠰᠡᠯᠡᠬᠦ ᠳᠡᠭᠡᠨ ᠭᠠᠵᠠᠷ ᠰᠢᠷᠦ᠋ᠢᠳᠣᠭᠤᠯᠬᠤ᠂ ᠭᠢᠰᠬᠢᠬᠦ᠂ ᠨᠠᠷᠠᠨ ᠪᠣᠷᠣᠭᠤ ᠣᠷᠢᠶᠠᠬᠤ ᠶᠢ ᠴᠡᠭᠡᠷᠯᠡᠨ᠎ᠡ᠃     ᠪᠦᠰᠡ ᠳᠠᠪᠡᠯ ︵ᠲᠡᠷᠯᠢᠭ︶ ᠤᠨ ᠦᠩᠭᠡ ᠲᠠᠢ ᠦᠩᠭᠡ ᠬᠠᠷᠰᠢᠯᠳᠣᠬᠤ ᠶᠢ ᠴᠡᠭᠡᠷᠯᠡᠨ᠎ᠡ᠃     ᠲᠡᠷᠯᠢᠭ ᠢᠶᠠᠨ ᠲᠠᠶᠢᠯᠬᠤ ᠳᠠᠭᠠᠨ ᠪᠦᠰᠡ ᠪᠠᠨ ᠨᠠᠷᠠᠨ ᠪᠣᠷᠣᠭᠤ ᠡᠷᠭᠢᠭᠦᠯᠵᠦ ᠲᠠᠶᠢᠯᠬᠤ ᠶᠢ ᠴᠡᠭᠡᠷᠯᠡᠨ᠎ᠡ᠃     ᠡᠷᠡᠭᠳᠡᠢ ᠬᠦᠮᠦᠨ ᠪᠣᠰᠣᠳ ᠤᠨ ᠡᠬᠡᠨᠡᠷ ᠢᠶᠠᠷ ᠪᠦᠰᠡ ᠪᠦᠰᠡᠯᠡᠭᠦᠯᠬᠦ ᠶᠢ ᠶᠡᠬᠡᠳᠡ ᠴᠡᠭᠡᠷᠯᠡᠨ᠎ᠡ᠃     ᠪᠦᠰᠡ ᠪᠠᠨ ᠠᠯᠳᠠᠷᠭᠠᠵᠤ ᠴᠢᠷᠴᠣ ᠶᠠᠪᠣᠪᠠᠯ ︽ᠦᠯᠦᠨ ᠭᠡᠳᠡᠰᠣ ᠴᠢᠨᠢ ᠴᠣᠪᠣᠵᠣ ᠪᠠᠶᠢᠨ᠎ᠠ ᠦᠦ︖︾ ᠭᠡᠵᠦ ᠠᠮᠠ ᠪᠠᠨ ᠠᠰᠠᠭᠤᠯᠭᠠᠬᠤ ᠶᠢ ᠴᠡᠭᠡᠷᠯᠡᠨ᠎ᠡ᠃     ᠪᠦᠰᠡ ᠪᠠᠨ ᠠᠶᠢᠯ ᠳᠤ ᠲᠣᠷ᠎ᠠ ᠪᠠᠷ ᠲᠠᠶᠢᠯᠬᠤ ᠶᠢ ᠴᠡᠭᠡᠷᠯᠡᠨ᠎ᠡ᠃ ᠪᠦᠰᠡ ᠦᠭᠡᠢ ᠨᠦᠮᠦᠭᠡᠨ ᠶᠠᠪᠣᠬᠤ ᠶᠢ ᠴᠡᠭᠡᠷᠯᠡᠨ᠎ᠡ᠃     ᠪᠦᠰᠡ ᠪᠦᠰᠡᠯᠡᠬᠦ ᠦᠬᠡᠢ ᠶᠠᠪᠣᠪᠠᠯ ᠬᠡᠶᠢᠮᠣᠷᠢ ᠬᠡᠪᠲᠠᠨ᠎ᠡ ᠭᠡᠳᠡᠭ᠃ ᠪᠦᠰᠡ ᠠᠴᠠ ᠪᠣᠰᠣᠳ ᠡᠳ᠋ ᠢᠶᠠᠷ ᠪᠦᠰᠡ ᠶᠢ ᠣᠷᠣᠯᠠᠭᠤᠯᠬᠤ ᠶᠢ ᠨᠡᠩ ᠴᠡᠭᠡᠷᠯᠡᠨ᠎ᠡ᠃     ᠠᠷᠢᠬᠢ ᠳᠡᠷᠡᠰᠦ ᠡᠷᠭᠦᠨ ᠪᠠᠷᠢᠬᠤ᠂ ᠬᠦᠷᠳᠡᠬᠦ ᠳᠡᠭᠡᠨ ᠬᠠᠨᠴᠣᠢ ᠰᠢᠮᠠᠯᠠᠬᠤ᠂ ᠬᠤᠷᠮᠣᠢ ᠰᠢᠭᠤᠬᠤ᠂ ᠪᠦᠰᠡ ᠪᠠᠨ ᠲᠠᠷᠢ ᠲᠡᠭᠰᠢ ᠪᠦᠰᠡᠯᠡᠬᠦ ᠦᠬᠡᠢ᠂ ᠡᠩᠭᠡᠷ ᠵᠠᠭᠠᠮ᠎ᠠ ᠪᠠᠨ ᠰᠣᠯᠠ ᠵᠠᠳᠠᠭᠠᠢ ᠪᠠᠶᠢᠯᠭᠠᠬᠤ ᠶᠢ ᠴᠡᠭᠡᠷᠯᠡᠨ᠎ᠡ᠃
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ