ᠮᠤᠩᠭᠤᠯ ᠦᠨᠳᠦᠰᠦᠳᠠᠨ ᠮᠢᠨᠢ ᠡᠷᠳᠡ ᠲᠡᠬᠡᠳᠦ ᠶᠢᠨ ᠦᠶ᠎ᠠ ᠠᠴᠠ ᠪᠠᠨ ᠠᠪᠤᠭᠠᠳ ᠮᠠᠯ ᠮᠠᠯᠵᠢᠵᠤ᠂ ᠮᠠᠯ ᠢᠶᠠᠨ ᠦᠰᠬᠡᠨ᠂ ᠮᠠᠯ ᠢᠶᠠᠨ ᠠᠷᠠᠯᠵᠢᠵᠤ ᠬᠤᠳᠠᠯᠳᠤᠬᠤ | ᠪᠤᠶᠤ ᠮᠠᠯ ᠤᠨ ᠠᠰᠢᠭ ᠰᠢᠮ᠎ᠡ᠂ ᠠᠷᠠᠰᠦ ᠨᠤᠤᠰᠦ ᠪᠠᠨ ᠡᠳ᠋ᠰᠢᠯᠡᠬᠦᠯᠦᠨ ᠪᠤᠯᠪᠠᠰᠤᠷᠠᠭᠤᠯᠵᠤ᠂ ᠢᠳᠡᠵᠤ ᠡᠮᠦᠰᠬᠦ ᠪᠠ ᠮᠠᠯ ᠤᠨ ᠮᠢᠬ᠎ᠠ ᠰᠦ᠂ ᠴᠠᠭᠠᠨ ᠢᠳᠡᠬᠡᠨ ᠢᠶᠠᠷ | ᠭᠤᠤᠯ ᠬᠤᠭᠤᠯᠠ ᠤᠮᠳᠠ ᠪᠠᠨ ᠪᠤᠯᠭᠠᠵᠤ᠂ ᠠᠵᠤ ᠠᠮᠢᠳᠤᠷᠠᠵᠤ ᠢᠷᠡᠭᠰᠠᠨ ᠲᠡᠥᠬᠡ ᠲᠠᠢ ᠪᠢᠯᠡ᠃ ᠲᠠᠳᠠ ᠵᠢᠯ ᠤᠨ ᠲᠦᠷᠪᠡᠨ ᠤᠯᠠᠷᠢᠯ ᠢᠶᠠᠷ ᠨᠡᠬᠦᠵᠤ ᠪᠠᠭᠤᠨ | ᠤᠳᠤᠷᠯᠠᠵᠤ ᠮᠠᠯᠵᠢᠬᠤ ᠳᠠᠭᠠᠨ ᠨᠤᠳᠤᠭ ᠰᠢᠷᠦᠢ᠂ ᠤᠰᠤ ᠪᠠᠯᠴᠢᠬᠡᠷ ᠢᠶᠠᠨ ᠲᠤᠬᠢᠷᠠᠮᠵᠢᠳᠠᠢ ᠰᠤᠩᠭᠤᠨ᠂ ᠨᠢᠮᠪᠠᠢ ᠲᠤᠬᠢᠷᠠᠭᠤᠯᠳᠠᠭ᠄ | ᠨᠢᠬᠡ᠂ ᠵᠤᠰᠠᠯᠠᠩ ᠤᠨ ᠨᠤᠳᠤᠭ ᠢ ᠰᠤᠩᠭᠤᠬᠤ ᠳᠠᠭᠠᠨ ᠭᠤᠤᠯ ᠲᠠᠢ ᠨᠠᠭᠤᠷ ᠲᠠᠢ᠂ ᠲᠠᠯ᠎ᠠ ᠲᠠᠢ ᠪᠠᠯᠴᠢᠬᠡᠷ ᠲᠠᠢ ᠰᠠᠷᠠᠭᠤᠯ ᠠᠭᠤᠳᠠᠮ ᠲᠤᠬᠢᠯᠢᠭ ᠭᠠᠵᠠᠷ ᠢ | ᠰᠤᠩᠭᠤᠨ᠎ᠠ᠃ ᠵᠤᠨ ᠤ ᠤᠯᠠᠷᠢᠯ ᠪᠤᠯ ᠲᠦᠷᠦᠯ ᠪᠦᠷᠢ ᠶᠢᠨ ᠮᠠᠯ ᠢ ᠤᠰᠤᠨ ᠲᠠᠷᠭᠤ ᠠᠪᠤᠭᠤᠯᠬᠤ ᠴᠠᠭ ᠬᠤᠭᠤᠴᠠᠭ᠎ᠠ ᠪᠤᠯᠬᠤᠷ ᠵᠠᠪᠠᠯ ᠤᠰᠤ ᠶᠢ ᠬᠦᠢᠴᠠᠳ | ᠬᠠᠩᠭᠠᠬᠤ ᠬᠡᠷᠡᠭᠳᠡᠢ᠃ ᠵᠤᠨ ᠤ ᠤᠯᠠᠷᠢᠯ ᠳᠤ ᠤᠰᠤᠨ ᠲᠠᠷᠭᠤ ᠮᠠᠭᠤ ᠠᠪᠤᠬᠰᠠᠨ ᠮᠠᠯ ᠨᠠᠮᠤᠷ ᠤᠨ ᠤᠯᠠᠷᠢᠯ ᠳᠤ ᠲᠤᠰᠤᠨ ᠲᠠᠷᠭᠤ ᠬᠡᠳᠦᠢ ᠰᠠᠶᠢᠨ ᠠᠪᠤᠯ᠎ᠠ ᠬᠡᠳ | ᠡᠪᠤᠯ ᠬᠠᠪᠤᠷ ᠤᠨ ᠬᠦᠢᠳᠡᠨ ᠰᠢᠭᠤᠷᠭᠠᠨ ᠳᠤ ᠲᠠᠰᠪᠦᠷᠢ ᠦᠬᠡᠢ ᠪᠠᠶᠢᠵᠤ᠂ ᠬᠦᠯᠳᠡᠬᠦᠦ ᠠᠯᠢᠮ᠎ᠠ ᠶᠢ ᠤᠰᠤᠨ ᠳᠤ ᠬᠢᠭᠰᠡᠨ ᠲᠠᠢ ᠠᠳᠠᠯᠢ᠂ ᠤᠬᠤᠷᠬᠠᠨ ᠴᠠᠭ ᠤᠨ | ᠲᠤᠳᠤᠷ᠎ᠠ ᠮᠢᠬ᠎ᠠ ᠲᠠᠷᠭᠤ ᠨᠢ ᠪᠠᠭᠤᠷᠠᠵᠤ᠂ ᠬᠡᠬᠡᠯ ᠬᠡᠳᠡᠰᠦ ᠨᠢ ᠬᠠᠮᠰᠢᠢᠭᠠᠳ ᠶᠠᠪᠤᠴᠢᠬᠠᠨ᠎ᠠ᠃ ᠵᠤᠨ ᠤ ᠤᠯᠠᠷᠢᠯ ᠳᠤ ᠢᠯᠠᠭ᠎ᠠ ᠪᠠᠳᠠᠭᠠᠨ᠎ᠠ᠂ ᠬᠡᠳᠡᠬᠡᠨ᠎ᠡ ᠰᠢᠮᠠᠭᠤᠯ | ᠵᠡᠷᠭᠡ ᠬᠤᠷᠤᠬᠠᠢ ᠰᠢᠪᠠᠵᠢ ᠠᠷᠪᠢᠨ ᠪᠤᠯᠬᠤᠷ ᠡᠷᠬᠡᠪᠰᠢ ᠲᠡᠭᠰᠢᠯᠢᠭ ᠨᠤᠳᠤᠭ ᠢ ᠰᠤᠩᠭᠤᠵᠤ ᠬᠡᠷ ᠢᠶᠠᠨ ᠪᠠᠷᠢᠵᠤ ᠮᠠᠯ ᠢᠶᠠᠨ ᠬᠤᠳᠠᠯᠠᠨ᠎ᠠ᠃ ᠮᠠᠯ ᠢᠶᠠᠨ ᠬᠠᠷᠢᠭᠤᠯᠬᠤ | ᠳᠠᠭᠠᠨ ᠠᠭᠤᠳᠠᠮ ᠰᠠᠷᠠᠭᠤᠯ ᠲᠠᠯ᠎ᠠ ᠭᠠᠵᠠᠷ ᠢ ᠰᠤᠩᠭᠤᠨ᠎ᠠ᠃ ᠵᠤᠨ ᠤ ᠴᠠᠭ ᠤᠨ ᠪᠤᠭ ᠮᠠᠯ ᠢ ᠦᠷᠯᠦᠭᠡ ᠡᠷᠳᠡ ᠪᠡᠯᠴᠢᠭᠡᠷ ᠲᠤ ᠭᠠᠷᠭᠠᠬᠤ ᠳᠠᠭᠠᠨ ᠡᠷᠭᠡᠪᠰᠢ ᠨᠠᠷᠠ | ᠬᠠᠯᠠᠵᠤ ᠰᠢᠬᠦᠳᠠᠷᠢ ᠡᠭᠰᠢᠭᠰᠡᠨ ᠤ ᠰᠡᠬᠦᠯᠡᠷ ᠰᠠᠶ᠋ᠢ ᠭᠠᠷᠭᠠᠨ᠎ᠠ᠃ ᠡᠷᠳᠡ ᠶᠢᠨ ᠰᠢᠬᠦᠳᠠᠷᠢ ᠳᠤ ᠪᠡᠯᠴᠢᠬᠡᠷ ᠲᠤ ᠭᠠᠷᠭᠠᠪᠠᠯ ᠪᠤᠭ ᠮᠠᠯ ᠲᠤᠭᠤᠯ ᠡᠪᠡᠳᠴᠢᠨ ᠤᠯᠵᠤ | ᠮᠢᠬ᠎ᠠ ᠲᠠᠷᠭᠤ ᠮᠠᠭᠤᠳᠠᠨ᠎ᠠ᠃ | ᠬᠤᠶᠠᠷ᠂ ᠨᠠᠮᠤᠷᠵᠢᠶᠠᠨ ᠤ ᠨᠤᠳᠤᠭ ᠢ ᠲᠤᠬᠢᠷᠠᠭᠤᠯᠬᠤ ᠳᠠᠭᠠᠨ ᠬᠢᠷ᠎ᠠ᠂ ᠬᠠᠵᠠᠭᠤ ᠳ᠋ᠧᠩ ᠭᠠᠵᠠᠷ ᠢ ᠰᠤᠩᠭᠤᠵᠤ ᠪᠠᠭᠤᠴᠠ ᠪᠠᠨ ᠲᠤᠬᠢᠷᠠᠭᠤᠯᠬᠤ ᠪᠦᠬᠡᠳ | ᠮᠠᠯ ᠢᠶᠠᠨ ᠨᠠᠭᠤᠷ᠂ ᠰᠢᠷ᠎ᠠ ᠤᠰᠤᠨ ᠳᠤ ᠲᠤᠳᠠᠭᠤ ᠤᠷᠤᠭᠤᠯᠵᠤ᠂ ᠴᠡᠪᠠᠷ ᠲᠤᠩᠭᠠᠯᠠᠭ ᠭᠤᠤᠯ ᠤᠨ ᠤᠰᠤ ᠪᠠᠷ ᠬᠦᠢᠴᠠᠳ ᠤᠰᠤᠯᠠᠨ᠎ᠠ᠃ ᠨᠠᠢᠮᠠ᠂ ᠶᠢᠰᠦᠨ ᠰᠠᠷ᠎ᠠ | ᠶᠢᠨ ᠦᠶ᠎ᠡ ᠪᠠᠷ ᠲᠤᠰᠤᠨ ᠲᠠᠷᠭᠤ ᠶᠢ ᠬᠦᠢᠴᠠᠳ ᠠᠪᠤᠭᠤᠯᠬᠤ ᠶᠢᠨ ᠲᠦᠯᠦᠭᠡ᠂ ᠪᠤᠭ ᠮᠠᠯ ᠢ ᠬᠤᠶᠠᠷ ᠡᠳᠦᠷ ᠲᠤ ᠨᠢᠬᠡ ᠤᠳᠠᠭ᠎ᠠ ᠤᠰᠤᠯᠠᠨ᠎ᠠ᠃ ᠨᠠᠮᠤᠷ ᠤᠨ | ᠴᠠᠭ ᠤᠨ ᠶᠡᠭᠡ ᠰᠡᠬᠦᠯ ᠲᠠᠢ ᠬᠤᠨᠢ ᠪᠠ ᠬᠤᠷᠠᠭᠠᠨ ᠤ ᠰᠡᠬᠦᠯ ᠤᠨ ᠪᠠᠭᠠᠰᠦ ᠶᠢ ᠦᠷᠬᠦᠯᠵᠢ ᠠᠷᠢᠯᠭᠠᠵᠤ᠂ ᠦᠳᠦᠵᠤ ᠬᠤᠷᠤᠬᠠᠶᠢᠳᠠᠬᠤ ᠶᠢ ᠰᠡᠷᠬᠡᠶᠢᠯᠡᠨ᠎ᠡ᠃ ᠨᠠᠮᠤᠷ | ᠤᠨ ᠴᠠᠭ ᠤᠨ ᠮᠠᠯ ᠢ ᠤᠰᠤᠯᠠᠵᠤ ᠬᠤᠳᠠᠯᠠᠬᠤ ᠳᠠᠭᠠᠨ ᠮᠤᠷᠢ ᠪᠠᠷ ᠲᠠᠭᠤᠬᠤ ᠪᠤᠶᠤ ᠬᠦᠶᠦᠯᠬᠡᠨ ᠲᠤᠰᠤᠨ ᠬᠦᠯᠦᠰᠦ ᠭᠠᠷᠭᠠᠬᠤ ᠶᠢ ᠡᠷᠡᠰ ᠴᠡᠭᠡᠷᠯᠡᠨ᠎ᠡ᠃ ᠨᠠᠮᠤᠷ ᠤᠨ | ᠴᠠᠭ ᠤᠨ ᠮᠠᠯ ᠢ ᠪᠠᠯᠴᠢᠬᠡᠷᠯᠡᠬᠦᠯᠬᠦ ᠳᠡᠭᠡᠨ ᠡᠪᠡᠰᠦᠨ ᠰᠤᠷ ᠢ ᠬᠦᠬᠡᠬᠡᠵᠤ᠂ ᠦᠷ᠎ᠡ ᠲᠠᠢ ᠡᠪᠡᠰᠦ ᠶᠢ ᠢᠯᠡᠬᠦᠦ ᠢᠳᠡᠬᠦᠯᠦᠨ᠎ᠡ᠃ | ᠭᠤᠷᠪᠠ᠂ ᠡᠪᠦᠯᠵᠢᠶ᠎ᠡ ᠨᠤᠳᠤᠭ ᠢ ᠰᠤᠩᠭᠤᠬᠤ ᠳᠠᠭᠠᠨ ᠠᠭᠤᠯᠠ ᠶᠢᠨ ᠨᠦᠮᠦᠷᠢ ᠭᠠᠵᠠᠷ ᠢ ᠰᠤᠩᠭᠤᠵᠤ᠂ ᠡᠪᠤᠯ ᠤᠨ ᠴᠠᠰᠦ ᠰᠢᠭᠤᠷᠭᠠᠨ ᠢ ᠰᠡᠷᠬᠡᠶᠢᠯᠡᠬᠦ ᠶᠢᠨ | ᠲᠦᠯᠦᠭᠡ ᠠᠭᠤᠯᠠᠨ ᠤ ᠡᠩᠬᠡᠷ᠂ ᠤᠢ ᠰᠢᠭᠤᠢ ᠵᠤᠵᠠᠭᠠᠨ᠂ ᠢᠯᠠ ᠤᠰᠤ ᠲᠠᠢ᠂ ᠨᠠᠷᠠ ᠲᠤᠰᠬᠤ ᠡᠬᠡᠪᠦᠷ ᠲᠤᠯᠠᠭᠠᠨ ᠨᠤᠳᠤᠭ ᠢ ᠰᠤᠩᠭᠤᠨ ᠲᠤᠬᠢᠷᠠᠭᠤᠯᠤᠨ᠎ᠠ᠃ | ᠡᠪᠦᠯ ᠶᠡᠭᠡ ᠴᠠᠰᠦ ᠤᠷᠤᠵᠤ ᠰᠢᠭᠤᠷᠭᠠᠨ ᠲᠡᠭᠳᠡᠪᠡᠯ ᠠᠭᠤᠯᠠᠨ ᠤ ᠡᠩᠬᠡᠷ ᠡᠬᠡᠪᠴᠢ ᠶᠢ ᠲᠠᠭᠠᠭᠤᠯᠵᠤ ᠮᠠᠯ ᠢᠶᠠᠨ ᠬᠠᠷᠢᠭᠤᠯᠤᠨ᠎ᠠ᠃ ᠴᠠᠰᠦ ᠬᠦᠨ ᠤᠷᠤᠪᠠᠯ ᠠᠭᠤᠯᠠᠨ | ᠡᠩᠬᠡᠷ ᠤᠢ ᠰᠢᠭᠤᠢ ᠵᠤᠵᠠᠭᠠᠨ ᠭᠠᠵᠠᠷ ᠢ ᠰᠤᠩᠭᠤᠬᠰᠠᠨ ᠲᠤᠯᠠ ᠬᠤᠩᠬᠤᠷ ᠭᠠᠵᠠᠷ᠂ ᠭᠤᠤ ᠰᠤᠵᠠᠭ ᠲᠤ ᠬᠤᠷᠠᠵᠤ ᠴᠤᠬᠯᠠᠷᠠᠬᠰᠠᠨ ᠮᠤᠳᠤᠨ ᠤ ᠨᠠᠪᠴᠢ | ᠯᠠᠪᠳᠠᠭᠤᠯ ᠢ ᠮᠠᠯ ᠳᠠᠭᠠᠨ ᠢᠳᠡᠬᠦᠯᠵᠤ ᠵᠤᠳ ᠰᠢᠭᠤᠷᠭᠠᠨ ᠢ ᠠᠵᠢᠭ ᠦᠬᠡᠢ ᠬᠡᠳᠦᠯᠳᠡᠭ ᠪᠠᠶᠢᠨ᠎ᠠ᠃ ᠡᠪᠤᠯ ᠤᠨ ᠤᠯᠠᠷᠢᠯ ᠳᠤ ᠮᠠᠯ ᠢ ᠵᠠᠪᠠᠯ ᠬᠦᠢᠴᠠᠳ ᠤᠰᠤᠯᠬᠠᠤ | ᠬᠡᠷᠡᠭᠳᠡᠢ᠂ ᠦᠬᠡᠢ ᠪᠤᠯ ᠮᠠᠯ ᠤᠨ ᠬᠠᠯᠠᠭᠤᠨ ᠤ ᠬᠡᠮᠵᠢᠶ᠎ᠠ ᠪᠠᠭᠤᠷᠠᠵᠤ ᠮᠠᠯ ᠪᠡᠬᠡᠷᠡᠵᠤ ᠲᠠᠭᠠᠷᠠᠬᠤ ᠪᠦᠬᠡᠳ ᠮᠠᠯ ᠤᠨ ᠪᠠᠭᠠᠰᠦ ᠬᠤᠷᠭᠤᠰᠦᠯᠠᠵᠤ ᠡᠴᠠᠵᠤ ᠲᠤᠷᠠᠨ᠎ᠠ᠃ | ᠡᠪᠤᠯ ᠤᠨ ᠴᠠᠭ ᠤᠨ ᠮᠠᠯ ᠤᠨ ᠬᠡᠪᠳᠡᠷᠢ ᠶᠢ ᠰᠠᠶᠢᠨ ᠵᠤᠵᠠᠭᠠᠯᠠᠵᠤ᠂ ᠬᠠᠭᠤᠷᠠᠢ ᠬᠤᠶᠠᠭ ᠢ ᠵᠤᠵᠠᠭᠠᠯᠠᠨ ᠲᠠᠪᠢᠰᠴᠣ᠂ ᠲᠤᠤᠷ᠎ᠠ ᠠᠴᠠ ᠨᠢ ᠵᠢᠩᠬᠢᠨᠡᠬᠦ ᠶᠢ ᠰᠠᠶᠢᠳᠦᠷ | ᠰᠠᠷᠬᠡᠶᠢᠯᠡᠨᠡ᠃ | ᠲᠦᠷᠪᠡ᠂ ᠬᠠᠪᠤᠷᠵᠢᠶᠠᠨ ᠤ ᠨᠤᠳᠤᠭ ᠢ ᠰᠤᠩᠭᠤᠬᠤ ᠳᠠᠭᠠᠨ ᠠᠭᠤᠯᠠ ᠲᠠᠢ᠂ ᠤᠰᠤ ᠲᠠᠢ᠂ ᠲᠡᠭᠰᠢ ᠲᠠᠯ᠎ᠠ ᠭᠠᠵᠠᠷ ᠢ ᠰᠤᠩᠭᠤᠬᠤ ᠪᠦᠬᠡᠳ ᠲᠠᠭᠡᠷ᠎ᠡ ᠵᠢᠯ ᠤᠨ | ᠵᠤᠰᠠᠯᠠᠩ ᠤᠨ ᠨᠤᠳᠤᠭ ᠠᠴᠠ ᠤᠶᠢᠷᠠᠯᠴᠠᠭ᠎ᠠ ᠭᠠᠵᠠᠷ ᠢ ᠰᠤᠩᠭᠤᠨ᠎ᠠ᠃ ᠠᠭᠤᠯᠠ ᠲᠠᠢ ᠨᠦᠮᠦᠷᠢ ᠭᠠᠵᠠᠷ ᠢ ᠰᠤᠩᠭᠤᠬᠤ ᠨᠢ ᠬᠠᠪᠤᠷ ᠤᠨ ᠬᠠᠷ᠎ᠠ ᠰᠯᠬᠢ᠂ ᠵᠤᠳ | ᠰᠢᠭᠤᠷᠭᠠᠨ ᠲᠠᠢ ᠡᠳᠦᠷ ᠲᠤᠬᠢᠶᠠᠯᠳᠤᠪᠠᠯ ᠠᠭᠤᠯᠠᠨ ᠡᠩᠬᠡᠷ ᠮᠠᠯ ᠢᠶᠠᠨ ᠬᠠᠷᠢᠭᠤᠯᠤᠨ᠎ᠠ᠃ ᠲᠡᠭᠡᠷ᠎ᠡ ᠵᠢᠯ ᠤᠨ ᠵᠤᠰᠠᠯᠠᠩ ᠤᠨ ᠨᠤᠳᠤᠭ ᠠᠴᠠ ᠪᠠᠨ ᠤᠶᠢᠷᠠᠯᠴᠠᠭ᠎ᠠ | ᠪᠠᠭᠤᠬᠤ ᠨᠢ ᠵᠤᠨ ᠤ ᠤᠯᠠᠷᠢᠯ ᠤᠨ ᠮᠠᠯ ᠤᠨ ᠬᠢᠰᠬᠢᠯᠠᠵᠤ ᠤᠨᠠᠭᠠᠬᠰᠠᠨ᠂ ᠨᠤᠭᠤᠭᠠᠨ ᠢᠶᠠᠷ ᠢᠶᠠᠨ ᠬᠠᠳᠠᠭᠰᠠᠨ ᠮᠠᠯ ᠤᠨ ᠬᠢᠰᠬᠢᠯᠡᠬᠦᠷ ᠡᠪᠡᠰᠦ ᠶᠢ ᠮᠠᠯ ᠳᠠᠭᠠᠨ | ᠢᠳᠡᠬᠦᠯᠪᠠᠯ ᠰᠢᠮ᠎ᠡ ᠲᠡᠵᠢᠬᠡᠯ ᠰᠠᠶᠢᠨ ᠪᠠᠶᠢᠳᠠᠭ᠃ ᠬᠠᠪᠤᠷ ᠤᠨ ᠮᠠᠯ ᠢ ᠡᠷᠳᠡ ᠪᠠᠯᠴᠢᠭᠡᠷ ᠲᠤ ᠭᠠᠷᠭᠠᠵᠤ᠂ ᠤᠷᠤᠢ ᠬᠤᠳᠠᠯᠨᠠ᠂ ᠴᠠᠳᠳᠠᠯ᠎ᠠ ᠢᠳᠡᠰᠢᠯᠡᠬᠦᠯᠦᠨᠡ᠃ | ᠮᠤᠩᠭᠤᠯ ᠬᠦᠮᠦᠨ ᠲᠦᠷᠪᠡᠨ ᠤᠯᠠᠷᠢᠯ ᠢᠶᠠᠷ ᠤᠳᠤᠷᠯᠠᠨ ᠮᠠᠯᠵᠢᠵᠤ ᠶᠠᠪᠤᠬᠤ ᠳᠠᠭᠠᠨ ᠪᠠᠶᠢᠭᠠᠯᠢ ᠤᠷᠴᠢᠨ ᠲᠠᠢ ᠪᠠᠨ ᠵᠤᠬᠢᠴᠠᠯᠳᠤᠨ᠂ ᠪᠠᠶᠢᠭᠠᠯᠢ ᠪᠠᠨ ᠰᠢᠳᠦᠵᠤ᠂ | ᠪᠠᠶᠢᠭᠠᠯᠢ ᠪᠠᠨ ᠬᠠᠶᠢᠷᠠᠯᠠᠵᠤ᠂ ᠪᠠᠶᠢᠭᠠᠯᠢ ᠪᠠᠨ ᠲᠦᠰᠢᠭᠯᠡᠵᠦ ᠶᠠᠪᠤᠳᠠᠭ᠃ ᠮᠤᠩᠭᠤᠯ ᠬᠦᠮᠦᠨ ᠬᠠᠮᠢᠭ᠎ᠠ᠂ ᠶᠠᠮᠠᠷ ᠭᠠᠵᠠᠷ ᠨᠡᠬᠦᠵᠤ ᠶᠠᠪᠤᠯ᠎ᠠ ᠬᠡᠳ ᠠᠭᠤᠯᠠ | ᠬᠠᠶᠢᠷᠬᠠᠨ ᠤ ᠨᠠᠪᠳᠠᠭ ᠰᠠᠪᠳᠠᠭ ᠲᠠᠭᠠᠨ ᠰᠦᠰᠦᠭᠯᠡᠨ ᠮᠦᠷᠬᠦᠵᠤ᠂ ᠤᠪᠤᠭ᠎ᠠ ᠱᠠᠩᠰᠢᠨ ᠳᠠᠭᠠᠨ ᠴᠠᠭᠠᠨ ᠪᠠᠯᠡᠭ ᠡᠷᠬᠦᠵᠤ ᠮᠦᠷᠬᠦᠨ ᠲᠠᠭᠠᠳᠬᠠᠳᠠᠭ ᠪᠦᠬᠡᠳ ᠠᠭᠤᠯᠠ | ᠬᠠᠶᠢᠷᠬᠠᠨ ᠤ ᠮᠤᠳᠤ ᠴᠢᠯᠠᠭᠤ ᠶᠢ ᠲᠤᠷ᠎ᠠ ᠪᠠᠷ ᠢᠶᠠᠨ ᠬᠦᠳᠡᠯᠬᠡᠬᠦ ᠦᠬᠡᠢ ᠨᠠᠭᠤᠷ ᠭᠤᠤᠯ ᠤᠨ ᠤᠰᠤᠨ ᠳᠤ ᠮᠠᠭᠤ ᠰᠠᠶᠢᠨ ᠶᠠᠭᠤᠮ᠎ᠠ ᠪᠠᠨ ᠬᠠᠶᠠᠬᠤ ᠦᠬᠡᠢ᠂ | ᠬᠤᠪᠴᠠᠰᠦ ᠬᠤᠨᠠᠷ ᠢᠶᠠᠨ ᠤᠬᠢᠶᠠᠨ ᠪᠤᠵᠠᠷᠳᠠᠭᠤᠯᠬᠤ ᠦᠬᠡᠢ᠂ ᠬᠦᠷᠦᠰᠦ ᠰᠢᠷᠦᠢ ᠶᠢ ᠬᠦᠨᠳᠡᠬᠦ ᠦᠬᠡᠢ᠂ ᠠᠷᠢᠶᠠᠳᠠᠨ ᠵᠢᠬᠦᠷᠳᠡᠨ ᠢ ᠲᠤᠷ᠎ᠠ ᠪᠠᠷ ᠢᠶᠠᠨ ᠠᠯᠠᠵᠤ | ᠬᠤᠷᠤᠭᠠᠬᠤ ᠦᠬᠡᠢ᠂ ᠵᠢᠬᠦᠷᠳᠡᠨ ᠰᠢᠪᠠᠭᠤ ᠶᠢᠨ ᠦᠨᠳᠡᠭᠡ ᠵᠤᠯᠵᠠᠭ᠎ᠠ ᠶᠢ ᠬᠦᠳᠡᠯᠬᠡᠬᠦ ᠦᠬᠡᠢ᠂ ᠪᠠᠶ᠎ᠠ ᠶᠢᠨ ᠰᠡᠬᠦᠳᠡᠷ ᠢᠶᠠᠨ ᠴᠦ ᠲᠡᠭᠡᠷ᠎ᠡ ᠨᠢ ᠲᠤᠰᠬᠠᠬᠤ ᠦᠬᠡᠢ᠂ | ᠨᠠᠭᠠᠳᠦ ᠵᠠᠬ᠎ᠠ ᠳᠠᠭᠠᠨ ᠮᠤᠭᠠᠢ ᠮᠡᠯᠡᠬᠡᠢ᠂ ᠵᠢᠭᠠᠰᠦ ᠵᠢᠷᠭᠠᠬᠠᠢ ᠶᠢ ᠬᠦᠷᠳᠡᠯ᠎ᠡ ᠠᠯᠠᠳᠠᠭ ᠦᠬᠡᠢ ᠨᠢᠩᠵᠢᠨ ᠰᠠᠳᠬᠢᠯ ᠲᠠᠢ ᠦᠨᠳᠦᠰᠦᠳᠠᠨ ᠶᠤᠮ᠃ ᠡᠶᠢᠮᠤ ᠠᠴᠠ | ᠪᠠᠶᠢᠭᠠᠯᠢ ᠤᠷᠴᠢᠨ ᠨᠢ ᠬᠡᠵᠢᠶ᠎ᠠ ᠳᠡᠭᠡᠨ ᠡᠪᠳᠡᠭᠳᠡᠬᠦ ᠦᠬᠡᠢ᠂ ᠡᠪᠡᠰᠦ ᠪᠡᠯᠴᠢᠭᠡᠷ ᠨᠢ ᠬᠡᠵᠢᠶ᠎ᠠ ᠳᠡᠭᠡᠨ ᠲᠠᠴᠢᠷᠳᠠᠬᠤ ᠦᠬᠡᠢ᠂ ᠠᠭᠤᠯᠠ ᠬᠠᠶᠢᠷᠬᠠᠨ ᠨᠢ ᠬᠡᠵᠢᠶ᠎ᠠ ᠳᠡᠭᠡᠨ | ᠰᠦᠷᠯᠢᠭ᠂ ᠤᠢ ᠮᠤᠳᠤ ᠨᠢ ᠬᠡᠵᠢᠶ᠎ᠠ ᠳᠡᠭᠡᠨ ᠰᠠᠬᠤᠯᠢᠭ᠂ ᠨᠠᠭᠤᠷ ᠭᠤᠤᠯ ᠨᠢ ᠬᠡᠵᠢᠶ᠎ᠠ ᠳᠡᠭᠡᠨ ᠲᠤᠩᠭᠠᠯᠠᠭ᠂ ᠬᠤᠷ᠎ᠠ ᠪᠤᠷᠤᠭᠠᠨ ᠨᠢ ᠬᠡᠵᠢᠶ᠎ᠠ ᠳᠡᠭᠡᠨ ᠲᠡᠩᠴᠡᠬᠦᠷᠢ | ᠲᠠᠢ᠂ ᠪᠠᠶᠢᠭᠠᠯᠢ ᠤᠷᠴᠢᠯᠠᠩ ᠨᠢ ᠬᠡᠵᠢᠶ᠎ᠠ ᠳᠡᠭᠡᠨ ᠡᠷᠡᠬᠦᠯ ᠰᠠᠷᠠᠭᠤᠯ ᠢᠶᠠᠷ ᠪᠠᠶᠢᠳᠠᠭ ᠰᠠᠨ᠃ | ᠤᠳᠤᠷᠯᠠᠨ ᠮᠠᠯᠵᠢᠵᠤ᠂ ᠨᠡᠬᠦᠵᠤ ᠪᠠᠭᠤᠬᠤ ᠳᠠᠭᠠᠨ ᠪᠡᠯᠡᠳᠬᠡᠯ ᠠᠵᠢᠯ ᠢ ᠬᠦᠢᠴᠠᠳ ᠬᠢᠳᠡᠭ᠃ ᠵᠢᠱᠢᠶᠠᠯᠠᠪᠠᠯ᠂ ᠮᠤᠩᠭᠤᠯ ᠬᠡᠷ᠃ ᠮᠤᠳᠤᠨ ᠲᠡᠷᠭᠡ᠂ ᠲᠦᠯ | ᠮᠠᠯ ᠤᠨ ᠬᠦᠷᠦᠮᠠᠯ ᠪᠤᠷᠭᠠᠰᠦᠨ ᠪᠠ ᠰᠢᠪᠡᠭᠡ᠂ ᠮᠤᠷᠢᠨ ᠡᠮᠡᠬᠡᠯ ᠬᠠᠵᠠᠭᠠᠷ᠂ ᠨᠤᠬᠳᠦ᠂ ᠴᠢᠳᠦᠷ᠂ ᠠᠷᠭᠠᠮᠵᠢᠶ᠎ᠠ᠂ ᠤᠷᠭ᠎ᠠ ᠵᠡᠷᠭᠡ ᠪᠠᠨ ᠰᠢᠨᠡᠳᠬᠡᠨ ᠵᠠᠰᠠᠵᠤ ᠪᠡᠯᠡᠳᠬᠡᠬᠦ | ᠶᠢᠨ ᠬᠠᠮᠳᠤ ᠬᠡᠷ ᠵᠠᠭᠤᠷ᠎ᠠ ᠶᠢᠨ ᠵᠠᠷᠤᠵᠤ ᠪᠠᠷᠢᠬᠤ ᠠᠮᠢᠳᠤᠷᠠᠯ ᠤᠨ ᠬᠡᠷᠡᠭᠰᠡᠯ ᠪᠤᠯᠬᠤ ᠲᠤᠭᠤᠭ᠎ᠠ ᠰᠢᠨᠠᠭ᠎ᠠ᠂ ᠲᠤᠯᠭ᠎ᠠ ᠵᠤᠤᠬ᠎ᠠ᠂ ᠠᠶᠠᠭ᠎ᠠ ᠰᠠᠪᠬ᠎ᠠ᠂ ᠵᠡᠬᠦᠦ ᠤᠳᠠᠰᠦ | ᠂ ᠬᠠᠶᠢᠴᠢ ᠰᠢᠪᠦᠭᠡ᠂ ᠬᠡᠳᠠ ᠬᠢᠳᠤᠭ᠎ᠠ᠂ ᠬᠢᠷᠦᠭᠡ ᠰᠦᠭᠡ᠂ ᠴᠦᠴᠠ ᠤᠭᠤᠯᠢ᠂ ᠲᠡᠭᠡᠰᠦ ᠲᠦᠷᠦ᠂ ᠰᠠᠨᠳᠤᠤ ᠪᠤᠤᠳᠤᠤ᠂ ᠭᠠᠩ ᠰᠠᠪᠠ ᠵᠡᠷᠭᠡ ᠡᠳᠦᠷ ᠲᠤᠳᠤᠮ | ᠤᠨ ᠬᠡᠷᠡᠭᠰᠡᠯ ᠪᠠ ᠪᠤᠳᠠᠭ᠎ᠠ ᠴᠠᠶᠢᠯᠭᠠᠬᠤ ᠤᠭᠤᠷ ᠨᠦᠳᠦᠬᠦᠷ᠂ ᠤᠷᠭ᠎ᠠ ᠶᠢᠨ ᠵᠠᠯᠭᠠᠭᠤᠷ ᠮᠤᠳᠤ᠂ ᠵᠤᠵᠠᠭᠠᠨ ᠨᠢᠮᠬᠡᠨ ᠲᠠᠪᠠᠯ ᠬᠤᠪᠴᠠᠰᠦ᠂ ᠰᠢᠷᠳᠡᠭ ᠲᠠᠪᠢᠰᠭᠡᠷ᠂ | ᠬᠦᠨᠡᠰᠦᠨ ᠪᠤᠳᠠᠭ᠎ᠠ᠂ ᠲᠠᠪᠤᠰᠦ ᠴᠠᠢ ᠶᠢ ᠬᠦᠢᠴᠠᠳ ᠠᠪᠴᠤ ᠶᠠᠪᠤᠨ᠎ᠠ᠃ ᠬᠦᠨᠡᠰᠦᠨ ᠪᠤᠳᠠᠭᠠᠨ ᠳᠤ ᠭᠤᠤᠯ ᠨᠢ ᠮᠤᠩᠭᠤᠯ ᠠᠮᠤ᠂ ᠴᠤᠯᠭᠤᠢ ᠮᠤᠩᠭᠤᠯ ᠪᠤᠳᠠᠭ᠎ᠠ | ᠪᠠᠨ ᠤᠭᠤᠳᠠ ᠬᠡᠥᠳᠠᠢ ᠳᠤ ᠰᠠᠪᠠᠯᠠᠵᠤ᠂ ᠲᠡᠷᠭᠡᠨ ᠲᠡᠭᠡᠷ᠎ᠡ ᠪᠠᠨ ᠲᠡᠬᠡᠬᠡᠵᠤ ᠶᠠᠪᠤᠭᠠᠳ᠂ ᠬᠡᠵᠢᠶ᠎ᠠ ᠬᠦᠨᠠᠰᠦᠨ ᠠᠮᠤ ᠨᠢ ᠲᠤᠳᠠᠪᠠᠯ ᠲᠠᠷᠠ ᠲᠠᠷᠦᠢ ᠳᠤᠨᠢ ᠬᠠᠷ᠎ᠠ | ᠴᠤᠯᠭᠤᠢ ᠮᠤᠩᠭᠤᠯ ᠪᠤᠳᠠᠭ᠎ᠠ ᠪᠠᠨ ᠬᠡᠳᠦᠨ ᠱᠧᠩ ᠢᠶᠠᠷ ᠬᠦᠬᠡᠯᠬᠡᠵᠤ ᠬᠠᠭᠤᠷᠤᠭᠠᠳ ᠤᠭᠤᠷ ᠨᠦᠳᠦᠬᠦᠷ ᠢᠶᠠᠷ ᠴᠠᠶᠢᠯᠭᠠᠵᠤ ᠢᠳᠡᠳᠡᠭ᠃ ᠢᠩᠬᠢᠵᠤ ᠪᠠᠭ᠎ᠠ ᠪᠠᠭ᠎ᠠ | ᠪᠠᠷ ᠴᠠᠶᠢᠯᠭᠠᠬᠰᠠᠨ ᠬᠠᠭᠤᠷᠤᠬᠰᠠᠨ ᠪᠤᠳᠠᠭ᠎ᠠ ᠪᠤᠷᠤᠭᠠᠨ ᠵᠤᠳ ᠲᠠᠢ ᠤᠯᠠᠷᠢᠯ ᠳᠤ ᠴᠢᠬᠢᠭᠳᠦᠵᠤ ᠲᠠᠪᠳᠤᠬᠦ ᠦᠬᠡᠢ ᠰᠢᠨ᠎ᠡ ᠰᠤᠷᠭᠤᠭ ᠢᠶᠠᠷ ᠪᠠᠶᠢᠳᠠᠭ᠃ | ᠤᠭᠤᠷ ᠨᠦᠳᠦᠬᠦᠷ ᠬᠡᠳᠡᠭ ᠨᠢ᠂ ᠤᠭᠤᠷ ᠨᠢ ᠮᠤᠳᠤ ᠪᠠᠷ ᠬᠢᠨ᠎ᠡ᠃ ᠭᠤᠷᠪᠠᠨ ᠲᠦᠭᠡ ᠢᠯᠡᠬᠦᠦ ᠪᠦᠳᠦᠬᠦᠨ᠂ ᠬᠤᠶᠠᠷ ᠲᠤᠬᠤᠢ ᠢᠯᠡᠬᠦᠦ ᠤᠷᠳᠤ᠂ ᠬᠠᠶᠢᠯᠠᠰᠦ | ᠪᠠ ᠬᠤᠰᠤ ᠵᠡᠷᠭᠡ ᠶᠢᠨ ᠴᠢᠨᠠᠷ ᠰᠠᠶᠢᠳᠠᠢ ᠬᠠᠳᠠᠭᠤ ᠮᠤᠳᠤ ᠶᠢ ᠨᠢᠬᠡ ᠲᠤᠬᠤᠢ ᠲᠤᠯᠤᠭᠠᠨ ᠢᠮᠠᠬᠤ ᠰᠢᠬᠠᠮ ᠬᠦᠨ ᠬᠦᠨᠳᠡᠶᠢᠯᠡᠨ ᠤᠬᠤᠵᠤ ᠵᠠᠰᠠᠭᠠᠳ ᠬᠠᠭᠤᠷᠤᠬᠰᠠᠨ | ᠪᠤᠳᠠᠭ᠎ᠠ ᠪᠠᠨ ᠪᠠᠭ᠎ᠠ ᠪᠠᠭ᠎ᠠ ᠪᠠᠷ ᠬᠢᠵᠤ ᠨᠦᠳᠦᠬᠦᠷ ᠤᠨ ᠡᠰᠢ ᠪᠠᠷ ᠨᠦᠳᠦᠵᠤ ᠪᠤᠳᠠᠭ᠎ᠠ ᠪᠠᠨ ᠴᠠᠶᠢᠯᠭᠠᠳᠠᠭ ᠪᠠᠭᠠᠵᠢ᠂ ᠨᠦᠳᠦᠬᠦᠷ ᠬᠡᠳᠡᠭ ᠨᠢ ᠰᠠᠭᠤᠷᠢ ᠶᠢᠨ ᠲᠠᠯ᠎ᠠ ᠨᠢ | ᠵᠢᠷᠭᠤᠭᠠᠨ ᠢᠮᠠᠬᠤ᠂ ᠲᠡᠭᠰᠢ ᠲᠦᠷᠪᠠᠯᠵᠢᠨ᠂ ᠦᠨᠳᠦᠷ ᠤᠨ ᠬᠡᠮᠵᠢᠶ᠎ᠠ ᠨᠢ ᠵᠢᠷᠭᠤᠭᠠᠨ ᠢᠮᠠᠬᠤ ᠤᠷᠤᠢ ᠨᠢ ᠪᠦᠮᠪᠤᠷᠢᠬᠡᠨ ᠴᠢᠯᠠᠭᠤ ᠶᠢ ᠰᠠᠭᠤᠷᠢ ᠶᠢᠨ ᠲᠤᠮᠳᠠ | ᠬᠡᠰᠡᠭ ᠲᠤᠨᠢ ᠲᠤᠳᠠᠭᠤ ᠮᠤᠬᠤᠷ ᠨᠦᠬᠡ ᠴᠤᠭᠤᠯᠵᠤ᠂ ᠴᠢᠨᠠᠷ ᠰᠠᠶᠢᠳᠠᠢ ᠬᠠᠳᠠᠭᠤ ᠮᠤᠳᠤ ᠪᠠᠷ ᠡᠰᠢ ᠵᠤᠬᠢᠶᠠᠬᠰᠠᠨ ᠪᠠᠭᠠᠵᠢ ᠮᠥᠨ᠃ | ᠮᠤᠩᠭᠤᠯᠴᠤᠳ ᠤᠳᠤᠷᠯᠠᠨ ᠨᠡᠬᠦᠵᠤ ᠶᠠᠪᠤᠬᠤ ᠳᠠᠭᠠᠨ ᠤᠨᠤᠰᠢᠨ ᠮᠤᠷᠢ 2 — 3 ᠪᠠᠯᠠᠳᠬᠡᠵᠤ᠂ ᠬᠡᠷ ᠤᠨ ᠤᠶᠢᠷ᠎ᠠ ᠵᠠᠭᠤᠷ᠎ᠠ ᠠᠷᠭᠠᠮᠵᠢᠶ᠎ᠠ ᠪᠠ ᠴᠢᠳᠤᠷ ᠢᠶᠠᠷ | ᠠᠷᠠᠴᠢᠯᠠᠵᠤ ᠡᠷᠬᠢᠴᠠᠬᠦᠯᠦᠨᠡ᠃ 5 — 7 ᠮᠤᠳᠤᠨ ᠲᠡᠷᠭᠡ ᠪᠠᠯᠠᠳᠬᠡᠵᠤ ᠶᠠᠪᠤᠳᠠᠭ ᠪᠠ ᠬᠦᠨᠳᠦ ᠠᠪᠳᠠᠷ᠎ᠠ ᠪᠠᠷᠠᠭ᠎ᠠ ᠲᠡᠭᠡᠭᠡᠭᠰᠠᠨ ᠨᠢᠬᠡ ᠲᠡᠷᠭᠡ ᠪᠡᠯᠡᠳᠬᠡᠵᠤ | ᠲᠡᠭᠡᠭᠡᠭᠰᠠᠨ ᠪᠠᠷᠠᠭ᠎ᠠ ᠪᠠᠨ ᠪᠠᠭᠤᠯᠭᠠᠵᠤ ᠠᠪᠳᠠᠭ ᠦᠬᠡᠢ᠂ ᠬᠡᠷ ᠤᠨ ᠢᠶᠠᠨ ᠵᠡᠬᠦᠨ ᠲᠠᠯ᠎ᠠ ᠳᠤ ᠪᠠᠶᠢᠯᠭᠠᠳᠠᠭ᠃ ᠪᠤᠷᠤᠭᠠᠨ ᠴᠠᠰᠦ ᠤᠷᠤᠪᠠᠯ ᠲᠤᠭᠤᠷᠭᠠᠨ ᠢᠰᠡᠬᠡᠢ ᠪᠠᠷ | ᠪᠦᠳᠡᠬᠡᠵᠤ ᠲᠠᠯᠪᠢᠳᠠᠭ᠃ ᠨᠢᠬᠡ ᠤᠰᠤᠨ ᠲᠡᠷᠭᠡ ᠪᠡᠯᠡᠳᠬᠡᠵᠤ᠂ ᠪᠦᠳᠦᠬᠦᠨ ᠮᠤᠳᠤᠨ ᠭᠠᠩ ᠲᠡᠭᠡᠭᠡᠵᠤ᠂ ᠤᠰᠤᠨ ᠭᠠᠩ ᠳᠠᠭᠠᠨ ᠬᠡᠵᠢᠶᠠᠳᠠ ᠤᠰᠤ ᠲᠠᠢ | ᠪᠠᠶᠢᠯᠭᠠᠳᠠᠭ᠃ ᠬᠤᠨᠢᠨ ᠮᠠᠨᠠᠭ᠎ᠠ ᠶᠢᠨ ᠨᠢᠬᠡ ᠬᠠᠮ ᠲᠡᠷᠭᠡ ᠪᠡᠯᠡᠳᠬᠡᠵᠤ᠂ ᠬᠤᠨᠢᠨ ᠰᠦᠷᠦᠭ ᠤᠨ ᠬᠡᠪᠳᠡᠷᠢ ᠶᠢᠨ ᠬᠠᠵᠠᠭᠤᠳᠠ ᠪᠠᠶᠢᠯᠭᠠᠳᠠᠭ᠃ ᠪᠤᠰᠤᠳ ᠲᠡᠷᠭᠡ ᠶᠢ | ᠬᠡᠷ ᠤᠨ ᠪᠠᠷᠠᠭᠤᠨ ᠲᠠᠯ᠎ᠠ ᠳᠤ ᠰᠤᠬᠰᠤᠷᠠᠨ ᠨᠠᠶᠢᠷᠠᠭᠤᠯᠵᠤ ᠲᠠᠯᠪᠢᠳᠠᠭ᠃ ᠬᠡᠶᠢᠴᠢᠨ ᠵᠤᠴᠢᠨ ᠢᠷᠡᠪᠠᠯ ᠡᠨᠡ ᠲᠡᠷᠭᠡᠨ ᠠᠴᠠ ᠮᠤᠷᠢ ᠪᠠᠨ ᠤᠶᠠᠵᠤ ᠪᠤᠯᠬᠤ ᠪᠦᠬᠡᠳ | ᠤᠷᠭ᠎ᠠ ᠲᠠᠰᠢᠭᠤᠷ ᠢᠶᠠᠨ ᠲᠠᠯᠪᠢᠵᠤ ᠪᠤᠯᠤᠨ᠎ᠠ᠃ ᠤᠳᠤᠷᠯᠠᠨ ᠮᠠᠯᠵᠢᠵᠤ ᠶᠠᠪᠤᠬᠤ ᠳᠤ ᠤᠷᠭ᠎ᠠ ᠪᠤᠯ ᠲᠤᠳᠠᠭᠳᠠᠵᠤ ᠪᠤᠯᠤᠰᠢ ᠦᠬᠡᠢ ᠬᠡᠷᠡᠭᠰᠡᠯ ᠪᠠᠭᠠᠵᠢ ᠮᠥᠨ᠃ | ᠤᠷᠭ᠎ᠠ ᠶᠢ ᠬᠤᠰᠤ᠂ ᠪᠤᠷᠭᠠᠰᠦ᠂ ᠮᠦᠢᠯ ᠵᠡᠷᠭᠡ ᠪᠠᠬᠢᠯᠢᠭ᠌ ᠮᠤᠳᠤ ᠪᠠᠷ ᠬᠢᠨ᠎ᠠ᠃ ᠤᠷᠭᠠᠨ ᠮᠤᠳᠤ ᠬᠠᠳᠠᠬᠰᠠᠨ ᠤ ᠰᠡᠬᠦᠯᠡᠷ᠂ ᠨᠦᠢᠳᠠᠨ ᠭᠠᠵᠠᠷ ᠪᠤᠯᠠᠵᠤ | ᠴᠢᠬᠢᠭᠰᠢᠬᠡᠵᠤ ᠨᠤᠷᠤᠭᠠᠬᠰᠠᠨ ᠤ ᠰᠡᠬᠦᠯᠡᠷ᠂ ᠬᠠᠭᠤᠷᠠᠢ ᠡᠪᠠᠰᠦ ᠪᠤᠶᠤ ᠬᠤᠨᠢᠨ ᠦᠷᠳᠡᠩ ᠤᠨ ᠭᠠᠯ ᠤᠨ ᠨᠤᠷᠮ᠎ᠠ ᠳᠤ ᠬᠠᠯᠠᠭᠠᠵᠤ ᠤᠷᠭ᠎ᠠ ᠶᠢᠨ ᠵᠠᠯᠭᠠᠭᠤᠷ᠂ | ᠬᠢᠯᠪᠢᠬᠦᠷ ᠤᠨ ᠠᠵᠢᠷᠭᠠᠨ ᠮᠤᠳᠤᠨ ᠳᠤ ᠠᠯᠳᠠ ᠲᠠᠯᠢᠮ ᠤᠷᠳᠤ ᠶᠤᠵᠤᠭᠤᠷ᠂ ᠠᠯᠳᠠ ᠬᠢᠷᠢᠳᠠᠢ ᠤᠷᠳᠤ ᠴᠡᠬᠡᠵᠢ ᠶᠢᠨ ᠮᠤᠳᠤ ᠬᠡᠷᠡᠭᠯᠡᠳᠡᠭ᠃ ᠤᠷᠭᠠᠨ ᠤ ᠶᠤᠵᠤᠭᠤᠷ | ᠤᠨ ᠬᠡᠰᠡᠭ ᠲᠤ ᠬᠢᠷᠦᠭᠡ ᠪᠠᠷ ᠠᠮᠠ ᠭᠠᠷᠭᠠᠵᠤ ᠤᠬᠤᠵᠤ ᠠᠪᠤᠭᠠᠳ ᠴᠡᠬᠡᠵᠢᠨ ᠮᠤᠳᠤᠨ ᠤ ᠪᠦᠳᠦᠬᠦᠨ ᠤᠭ ᠲᠠᠯ᠎ᠠ ᠳᠤ ᠰᠡᠬᠦᠯ ᠭᠠᠷᠭᠠᠨ ᠴᠠᠪᠴᠢᠵᠤ ᠵᠠᠰᠠᠭᠠᠳ᠂ | ᠶᠤᠵᠤᠭᠤᠷ ᠤᠨ ᠦᠵᠦᠬᠦᠷ ᠤᠨ ᠬᠡᠰᠡᠭ ᠲᠤ ᠭᠠᠷᠭᠠᠭᠰᠠᠨ ᠠᠮᠠᠨ ᠳᠤ ᠰᠢᠷᠭᠤᠭᠤᠯᠵᠤ᠂ ᠠᠷᠭ᠎ᠠ ᠪᠢᠯᠢᠭ ᠢᠶᠠᠷ ᠠᠪᠴᠠᠯᠳᠤᠭᠤᠯᠤᠨ ᠲᠠᠭᠠᠷᠠᠭᠤᠯᠵᠤ ᠴᠠᠪᠠᠥ ᠪᠠᠷ | ᠴᠠᠪᠠᠤᠳᠠᠵᠤ ᠨᠠᠭᠠᠨ᠎ᠠ᠃ ᠡᠨᠡ ᠬᠡᠰᠡᠭ ᠭᠠᠵᠠᠷ ᠤᠨ ᠭᠠᠳᠠᠭᠤᠷ ᠪᠢᠳᠡᠬᠦᠦ ᠦᠪᠴᠢᠭᠰᠡᠨ ᠦᠬᠡᠷ ᠤᠨ ᠰᠡᠬᠦᠯ ᠤᠨ ᠠᠷᠠᠰᠦ ᠶᠢ ᠰᠠᠶᠢᠨ ᠲᠡᠪᠳᠦᠭᠡᠵᠤ ᠪᠠᠶᠢᠭᠠᠳ | ᠤᠬᠯᠠᠵᠤ ᠲᠠᠯᠪᠢᠨ᠎ᠠ᠃ ᠬᠠᠳᠠᠬᠰᠠᠨ ᠤ ᠰᠡᠬᠦᠯᠡᠷ ᠪᠤᠷᠤᠭᠠᠨ ᠤᠰᠤᠨ ᠳᠤ ᠴᠠᠪᠠᠥ ᠨᠢ ᠲᠠᠪᠳᠤᠵᠤ ᠰᠠᠯᠬᠤ ᠦᠬᠡᠢ᠃ ᠤᠷᠭᠠᠨ ᠤ ᠴᠡᠬᠡᠵᠢᠨ ᠪᠠᠶ᠎ᠠ ᠶᠢᠨ ᠨᠠᠷᠢᠨ | ᠦᠵᠦᠬᠦᠷ ᠲᠤ ᠬᠢᠳᠤᠭ᠎ᠠ ᠪᠠᠷ ᠲᠠᠩᠨᠠᠢ ᠠᠷᠤ ᠭᠠᠷᠭᠠᠨ ᠵᠤᠷᠭᠤᠵᠤ᠂ ᠤᠷᠭᠠᠨ ᠤ ᠦᠵᠦᠬᠦᠷ ᠤᠨ ᠴᠠᠶᠢᠷ ᠤᠨ ᠤᠭ ᠤᠨ ᠬᠡᠰᠡᠭ ᠲᠤ ᠮᠥᠨ ᠲᠠᠩᠨᠠᠢ ᠠᠷᠤ ᠳᠤ | ᠠᠪᠴᠠᠯᠳᠤᠭᠤᠯᠤᠨ ᠲᠠᠭᠠᠷᠠᠭᠤᠯᠵᠤ᠂ ᠨᠠᠷᠢᠨ ᠵᠦᠰᠦᠭᠰᠠᠨ ᠨᠢᠮᠬᠡᠨ ᠰᠤᠷ ᠬᠦᠯᠢᠶᠠᠷ ᠢᠶᠠᠷ ᠤᠷᠢᠶᠠᠨ ᠬᠦᠯᠢᠵᠤ ᠲᠠᠯᠪᠢᠨ᠎ᠠ᠃ ᠤᠷᠭᠠᠨ ᠤ ᠨᠠᠷᠢᠨ ᠴᠠᠶᠢᠷ ᠤᠨ ᠦᠵᠦᠬᠦᠷ | ᠲᠤ ᠨᠢᠭᠡ ᠪᠤᠷᠴᠠ ᠮᠤᠷᠢᠨ ᠰᠡᠬᠦᠯ ᠤᠨ ᠦᠨᠳᠦᠷ ᠬᠢᠯᠭᠠᠰᠦ ᠶᠢ ᠤᠷᠢᠶᠠᠨ ᠤᠶᠠᠵᠤ ᠰᠠᠴᠤᠭ ᠭᠠᠷᠭᠠᠨ᠎ᠠ᠃ ᠡᠬᠦᠨ ᠢ ᠤᠷᠭ᠎ᠠ ᠶᠢᠨ ᠦᠵᠦᠬᠦᠷ ᠤᠨ ︽ᠴᠢᠨᠳᠠᠭ᠎ᠠ︾ | ᠬᠡᠨ᠎ᠡ᠃ ᠡᠨᠡ ᠨᠢ ᠨᠢᠬᠡ ᠳᠤ ᠠᠳᠤᠭᠤᠨ ᠤ ᠬᠡᠢ ᠮᠤᠷᠢ ᠶᠢ ᠲᠡᠭᠳᠡᠭᠡᠵᠤ᠂ ᠬᠤᠶᠠᠷ ᠲᠤ ᠮᠤᠷᠢ ᠤᠷᠭᠠᠯᠠᠵᠤ ᠪᠠᠷᠢᠬᠤ ᠳᠤ ᠤᠷᠭᠠᠨ ᠤ ᠬᠤᠶᠢᠪᠢ᠂ ᠤᠷᠭᠠᠨ ᠤ | ᠦᠵᠦᠬᠦᠷ ᠢ ᠤᠷᠢᠶᠠᠵᠤ ᠡᠭᠡᠳᠡᠷᠡᠭᠡᠬᠦ ᠦᠬᠡᠢ᠂ ᠮᠤᠷᠢ ᠪᠠᠷᠢᠬᠤ ᠳᠤ ᠲᠦᠬᠦᠮ ᠪᠠᠶᠢᠳᠠᠭ᠃ ᠤᠷᠭᠠᠨ ᠤ ᠬᠤᠶᠢᠪᠢ ᠶᠢ ᠦᠬᠡᠷ ᠤᠨ ᠠᠷᠰᠦᠨ ᠰᠤᠷ ᠢ ᠨᠠᠷᠢᠨ ᠵᠦᠰᠦᠵᠤ | ᠬᠤᠶᠠᠷ ᠮᠦᠰᠦᠮ ᠢᠶᠠᠷ ᠲᠠᠮᠤᠵᠤ ᠬᠢᠬᠦ ᠪᠦᠬᠡᠳ ᠲᠠᠩ ᠰᠤᠷ ᠢᠶᠠᠷ ᠬᠢᠭᠰᠡᠨ ᠴᠦ ᠪᠤᠢ᠃ ᠦᠬᠡᠷ ᠤᠨ ᠰᠢᠷᠪᠤᠰᠦ ᠶᠢ ᠴᠠᠭ᠎ᠠ ᠶᠢᠨ ᠱᠤᠤ ᠳᠤ ᠱᠤᠤᠯᠠᠵᠤ | ᠪᠤᠯᠪᠠᠰᠤᠷᠠᠭᠤᠯᠤᠭᠠᠳ ᠭᠤᠷᠪᠠᠨ ᠮᠦᠰᠦᠮ ᠢᠶᠠᠷ ᠮᠤᠰᠬᠢᠵᠤ ᠬᠢᠭᠰᠡᠨ ᠰᠢᠷᠪᠦᠰᠦᠨ ᠬᠤᠶᠢᠪᠢ ᠴᠦ ᠪᠤᠢ᠃ ᠤᠷᠭ᠎ᠠ ᠶᠢ ᠮᠤᠷᠢᠨ ᠲᠡᠭᠡᠷ᠎ᠡ ᠠᠪᠴᠤ ᠶᠠᠪᠤᠬᠤ ᠳᠠᠭᠠᠨ | ᠴᠡᠬᠡᠵᠢᠨ ᠪᠠᠶ᠎ᠠ ᠶᠢᠨ ᠦᠵᠦᠬᠦᠷ ᠤᠷᠴᠢᠨ ᠠᠴᠠ ᠤᠶᠠᠵᠤ ᠲᠠᠯᠪᠢᠬᠰᠠᠨ ᠰᠤᠷ ᠭᠤᠬᠴᠤᠭ᠎ᠠ ᠠᠴᠠ ᠲᠤᠬᠤᠶᠢᠯᠠᠵᠤ ᠴᠢᠷᠴᠤ ᠶᠠᠪᠤᠳᠠᠭ᠃ ᠡᠨᠡ ᠭᠤᠬᠴᠤᠭ᠎ᠠ ᠶᠢ | ᠤᠷᠭᠠᠨ ᠤ ︽ᠲᠤᠬᠤᠪᠴᠢ︾ ᠬᠡᠨ᠎ᠡ᠃ ᠤᠷᠭ᠎ᠠ ᠶᠢ ᠬᠦᠰᠡᠷ ᠬᠠᠶᠠᠵᠤ᠂ ᠲᠡᠬᠡᠬᠦᠷ ᠨᠢ ᠠᠯᠬᠤᠵᠤ ᠬᠡᠰᠬᠢᠬᠦ ᠶᠢ ᠴᠡᠬᠡᠷᠯᠠᠨ᠎ᠠ᠃ ᠬᠡᠷ ᠤᠨ ᠪᠠᠷᠠᠭᠤᠨ ᠲᠠᠯ᠎ᠠ ᠳᠤ ᠪᠤᠯᠠᠵᠤ | ᠲᠠᠯᠪᠢᠬᠰᠠᠨ ᠤᠷᠭ᠎ᠠ ᠲᠠᠯᠪᠢᠬᠤ ᠰᠠᠯᠠᠭ᠎ᠠ ᠲᠠᠢ ᠮᠤᠳᠤᠨ ᠤ ᠰᠠᠯᠠᠭᠠᠨ ᠳᠤ ᠤᠨᠤᠭᠤᠯᠤᠨ ᠲᠦᠰᠢᠬᠦᠯᠵᠤ ᠲᠠᠯᠪᠢᠬᠤ ᠪᠤᠶᠤ ᠮᠤᠩᠭᠤᠯ ᠬᠡᠷ ᠤᠨ ᠬᠠᠭᠠᠯᠭ᠎ᠠ ᠶᠢᠨ ᠪᠠᠷᠠᠭᠤᠨ | ᠲᠠᠯ᠎ᠠ ᠶᠢᠨ ᠬᠠᠨ᠎ᠠ ᠤᠨᠢ ᠶᠢ ᠲᠦᠰᠢᠬᠦᠯᠦᠨ ᠲᠠᠯᠪᠢᠨ᠎ᠠ᠂ ᠪᠠᠰᠠ ᠬᠡᠷ ᠤᠨ ᠪᠠᠷᠠᠭᠤᠨ ᠲᠠᠯ᠎ᠠ ᠳᠤ ᠨᠠᠶᠢᠷᠠᠭᠤᠯᠤᠨ ᠰᠤᠬᠰᠤᠷᠴᠦ ᠲᠠᠯᠪᠢᠬᠰᠠᠨ ᠮᠤᠳᠤᠨ ᠲᠡᠷᠭᠡᠨ ᠲᠡᠭᠡᠷ᠎ᠡ | ᠲᠠᠯᠪᠢᠨ᠎ᠠ᠃ ᠮᠤᠩᠭᠤᠯ ᠬᠦᠮᠦᠨ ᠤ ᠤᠷᠭ᠎ᠠ ᠪᠤᠯ ᠤᠨᠴᠠᠭᠠᠢ ᠨᠢᠬᠡᠨ ᠵᠦᠢᠯ ᠤᠨ ᠵᠡᠪᠰᠡᠭ ᠮᠥᠨ᠃ ᠮᠤᠷᠢ ᠤᠷᠭᠠᠯᠠᠬᠤ ᠪᠠᠷ ᠪᠠᠷᠠᠬᠤ ᠦᠬᠡᠢ ᠪᠠᠰᠠ ᠬᠤᠨᠢ | ᠬᠤᠷᠠᠭ᠎ᠠ ᠶᠢ ᠤᠷᠭᠠᠯᠠᠵᠤ ᠪᠠᠷᠢᠳᠠᠭ᠃ ᠮᠠᠯ ᠢᠶᠠᠨ ᠬᠦᠬᠡᠬᠡᠵᠤ᠂ ᠬᠤᠷᠢᠶᠠᠵᠤ᠂ ᠬᠤᠳᠠᠯᠠᠬᠤ ᠳᠠᠭᠠᠨ ᠰᠤᠷ ᠬᠤᠶᠢᠪᠢ ᠪᠠᠷ ᠰᠢᠪᠬᠠᠷᠳᠠᠨ ᠭᠤᠶᠠᠳᠠᠵᠤ ᠠᠶᠤᠯᠭᠠᠳᠠᠭ᠃ | ᠦᠩᠬᠡᠷᠡᠭᠰᠠᠨ ᠦᠯᠢᠬᠡᠷ ᠲᠡᠥᠬᠡᠨ ᠳᠤ ᠲᠠᠶᠢᠨ ᠪᠠᠶᠢᠯᠳᠤᠭᠠᠨ ᠳᠤ ᠴᠦ ᠬᠡᠷᠡᠭᠯᠡᠵᠤ ᠪᠠᠶᠢᠪᠠ᠃ ᠵᠢᠱᠢᠶᠠᠯᠠᠪᠠᠯ᠂ ᠲᠠᠩ ᠤᠯᠤᠰ ᠤᠨ ᠲᠠᠪᠤᠨ ᠶᠤᠸᠠᠨ ᠤ ︽ᠱᠠᠩ ᠶᠤᠤ | ᠵᠤᠸᠠᠨ︾ ᠤ ᠦᠯᠢᠭᠡᠷ ᠲᠤ ᠭᠠᠷᠳᠠᠭ ᠬᠠᠨ ᠰᠦᠩ ᠸᠠᠩ᠂ ᠯᠢ ᠺᠦᠨ ᠤ ᠲᠠᠭᠠᠭᠤᠯᠤᠬᠰᠠᠨ ᠮᠤᠩᠭᠤᠯ ᠴᠡᠷᠢᠭ ᠤᠨ ᠠᠯᠳᠠᠨᠰᠦ᠋ᠬᠡ᠂ ᠦᠷᠬᠦᠦ᠂ ᠵᠦᠷᠬᠦᠦ ᠨᠠᠷ ᠤᠷᠭ᠎ᠠ | ᠪᠢᠯᠠᠭᠤ ᠬᠡᠷᠡᠭᠯᠡᠭᠰᠠᠨ ᠴᠡᠷᠢᠭ ᠢᠶᠠᠷ ᠪᠠᠷᠠᠭᠤᠨ ᠶᠠᠨ ᠤᠯᠤᠰ ᠤᠨ ᠨᠠᠷᠠᠳᠦ ᠵᠠᠩᠵᠦᠨ ᠴᠡᠷᠢᠭ ᠢ ᠴᠦᠮ ᠪᠠᠷᠢᠪᠴᠢᠯᠠᠬᠰᠠᠨ︔ ᠮᠠᠯ ᠠᠷᠢᠶᠠᠳᠠᠨ ᠢ ᠪᠠᠷᠢᠵᠤ ᠢᠳᠡᠭᠰᠠᠨ | ᠴᠠᠳᠬᠤᠯᠠᠩ ᠴᠢᠨ᠋ᠸ᠎ᠡ ᠶᠢ ᠮᠤᠷᠢ ᠪᠠᠷ ᠲᠠᠭᠤᠵᠤ ᠤᠷᠭᠠᠯᠠᠵᠤ ᠠᠪᠤᠭᠠᠳ ᠬᠡᠳᠡᠷᠬᠦ ᠪᠤᠴᠠᠨ ᠲᠤᠪᠳᠤᠯᠵᠤ ᠪᠤᠭᠤᠮᠢᠯᠠᠵᠤ ᠠᠯᠠᠳᠠᠭ ᠦᠯᠢᠭᠡᠷ ᠮᠠᠯᠵᠢᠬᠤ ᠤᠷᠤᠨ ᠳᠤ | ᠦᠷᠬᠦᠯᠵᠢ ᠭᠠᠷᠳᠠᠭ ᠪᠠᠶᠢᠬᠰᠠᠨ᠃ ᠴᠠᠳᠬᠤᠯᠠᠩ ᠴᠢᠨ᠋ᠸ᠎ᠡ ᠶᠢ ᠮᠤᠷᠢ ᠪᠠᠷ ᠲᠠᠭᠤᠬᠤ ᠳᠠᠭᠠᠨ ᠦᠪᠡᠷ ᠤᠨ ᠬᠦᠵᠦᠬᠦᠦ ᠪᠠᠨ ᠠᠯᠴᠢᠭᠤᠷ ᠢᠶᠠᠷ ᠴᠢᠩᠭ᠎ᠠ ᠤᠷᠢᠶᠠᠵᠤ | ᠤᠶᠠᠬᠤ ᠬᠡᠷᠡᠭᠳᠡᠢ᠃ ᠦᠬᠡᠢ ᠪᠤᠯ ᠬᠤᠯᠵᠢᠨ ᠴᠢᠨ᠋ᠸ᠎ᠡ ᠢᠳᠡᠭᠰᠠᠨ ᠮᠢᠬ᠎ᠠ ᠪᠠᠨ ᠪᠦᠬᠦᠨ ᠢ ᠪᠦᠬᠡᠯᠵᠢᠵᠤ ᠭᠠᠷᠭᠠᠭᠠᠳ ᠪᠠᠶ᠎ᠠ ᠬᠦᠩᠬᠡᠨ ᠢᠶᠠᠷ ᠲᠤᠳᠠᠭᠠᠨ ᠵᠢᠭᠤᠳᠠᠳᠠᠭ᠃ | ᠤᠳᠤᠷᠯᠠᠨ ᠨᠡᠬᠦᠳᠠᠯᠯᠠᠵᠤ ᠪᠠᠭᠤᠬᠤ ᠳᠠᠭᠠᠨ ᠵᠤᠨ ᠨᠠᠮᠤᠷ ᠤᠨ ᠤᠯᠠᠷᠢᠯ ᠳᠤ ᠨᠢᠬᠡ ᠪᠠᠭᠤᠴᠠᠨ ᠲᠡᠭᠡᠷ᠎ᠡ ᠭᠤᠷᠪᠠᠨ ᠭᠠᠷᠠᠭ ᠠᠴᠠ ᠢᠯᠡᠬᠦᠦ ᠰᠠᠭᠤᠳᠠᠭ ᠦᠬᠡᠢ᠃ | ᠨᠡᠬᠦᠵᠤ ᠶᠠᠪᠤᠬᠤ ᠳᠠᠭᠠᠨ ᠮᠠᠯᠳᠠᠬᠰᠠᠨ ᠨᠦᠬᠡ ᠪᠦᠬᠦᠨ ᠢᠶᠠᠨ ᠪᠦᠷ ᠪᠤᠯᠠᠵᠤ ᠲᠠᠯᠪᠢᠳᠠᠭ ᠤᠴᠢᠷ ᠠᠴᠠ ᠤᠷᠴᠢᠨ ᠠᠬᠤᠢ ᠡᠪᠳᠡᠭᠳᠡᠬᠦ ᠦᠬᠡᠢ᠂ ᠭᠤᠷᠪᠠᠨ ᠭᠠᠷᠠᠭ ᠤᠨ | ᠲᠠᠷᠠᠭ᠎ᠠ ᠲᠠᠬᠢᠨ ᠡᠨᠡ ᠨᠤᠳᠤᠭ ᠲᠡᠭᠡᠷ᠎ᠡ ᠢᠷᠡᠬᠦ ᠳᠤ ᠡᠷᠡᠬᠦᠯ ᠭᠠᠵᠠᠷ ᠠᠳᠠᠯᠢ ᠡᠪᠡᠰᠦ ᠨᠤᠭᠤᠭ᠎ᠠ ᠤᠷᠭᠤᠳᠠᠭ ᠪᠢᠯᠡ᠃ |