ᠳᠦᠯ ᠤᠨ ᠤᠭᠤᠳᠠ ᠮᠢᠯᠢᠶᠠᠬᠤ ᠶᠤᠰᠤᠨ
ᠨᠡᠶᠢᠲᠡᠯᠡᠭᠰᠡᠨ ᠴᠠᠭ᠄
2024/11/14
    ᠳᠦᠯ ᠤᠨ ᠤᠭᠤᠳᠠ ᠭᠡᠵᠤ ᠬᠠᠪᠤᠷ ᠳᠦᠯ ᠳᠤᠰᠬᠤ ᠦᠶᠡᠰ ᠲᠤ ᠬᠤᠷᠠᠭ᠎ᠠ ᠢᠰᠢᠭᠡ ᠪᠠᠨ ᠬᠢᠳᠡᠭ ᠤᠭᠤᠳᠠ ᠶᠢ ᠬᠡᠯᠡᠳᠡᠭ᠃ ᠬᠠᠪᠤᠷ ᠬᠤᠨᠢ ᠬᠤᠷᠠᠭᠠᠯᠠᠵᠤ ᠡᠬᠢᠯᠡᠬᠦ ᠳᠤ ᠬᠤᠨᠢᠴᠢᠨ ᠬᠤᠷᠠᠭᠠᠨ ᠤ ᠪᠠᠨ ᠤᠭᠤᠳᠠ ᠶᠢ ᠠᠪᠴᠤ ᠶᠠᠪᠤᠳᠠᠭ ᠶᠤᠮ᠃ ᠤᠯᠠᠨ ᠬᠤᠨᠢ ᠲᠠᠢ ᠠᠶᠢᠯ ᠬᠤᠶᠠᠷ ᠤᠭᠤᠳᠠ ᠬᠡᠷᠡᠭᠯᠡᠳᠡᠭ᠃ ᠢᠰᠡᠭᠡᠢ ᠪᠠᠷ ᠬᠢᠭᠰᠡᠨ ᠪᠤᠯᠬᠤᠷ ᠤᠭᠤᠳᠠ ᠨᠢ ᠬᠦᠩᠭᠡᠨ ᠵᠦᠭᠡᠯᠡᠨ ᠪᠠᠶᠢᠳᠠᠭ ᠮᠦᠷᠳᠡᠭᠡᠨ ᠨᠢᠯᠬ᠎ᠠ ᠬᠤᠷᠠᠭ᠎ᠠ ᠢᠰᠢᠭᠡ ᠬᠢᠬᠦ ᠳᠤ ᠬᠠᠮᠤᠭ ᠤᠨ ᠵᠤᠬᠢᠮᠵᠢ ᠲᠠᠢ ᠶᠤᠮ᠃ ᠤᠭᠤᠳᠠ ᠳᠠᠭᠠᠨ ᠳᠡᠮᠡᠭᠡᠨ ᠤᠩᠭᠠᠰᠤ ᠪᠠᠷ ᠳᠡᠮᠤᠨ ᠤᠶᠤᠡᠡᠰᠡᠨ ᠤᠭᠤᠰᠤᠷ ᠬᠠᠳᠠᠳᠠᠭ᠃ ᠤᠭᠤᠳᠠ ᠨᠢ ᠨᠤᠷᠤᠪᠡᠯ ᠬᠠᠳᠠᠭᠠᠳᠠᠭ᠃ ᠮᠠᠯᠴᠢᠳ ᠬᠠᠪᠤᠷ ᠳᠦᠷᠤᠬᠦᠤ ᠤᠳᠠᠭ᠎ᠠ ᠤᠭᠤᠳᠠ ᠡᠬᠦᠷᠬᠦ ᠡᠳᠤᠷ ᠤᠭᠤᠳᠠ ᠳᠠᠭᠠᠨ ᠰᠢᠬᠢᠷ ᠪᠤᠤᠪᠤ᠂ ᠦᠷᠤᠮ᠎ᠠ᠂ ᠬᠤᠷᠤᠳ᠂ ᠰᠢᠷ᠎ᠠ ᠳᠤᠰᠤ ᠵᠡᠷᠭᠡ ᠶᠢ ᠬᠢᠵᠤ ᠶᠠᠪᠤᠭᠤᠯᠳᠠᠭ ᠨᠢ ᠤᠤᠭᠠᠨ ᠳᠦᠯ ᠢᠶᠠᠨ ᠳᠤᠰᠴᠤ᠂ ︽ᠤᠭᠤᠳᠠ ᠪᠠᠨ ᠮᠢᠯᠢᠶᠠᠵᠤ︾ ᠪᠠᠶᠢᠭ᠎ᠠ ᠶᠠᠪᠤᠳᠠᠯ ᠪᠤᠯᠤᠨ᠎ᠠ᠃ 
6381378042894487614038366.jpg
    ᠳᠦᠯ ᠤᠨ ᠬᠦᠭ ᠤᠨ ᠦᠶᠡᠰ ᠲᠤ ᠦᠳᠡ ᠶᠢᠨ ᠭᠤᠤᠯ ᠢᠶᠠᠷ ᠬᠤᠨᠢ ᠪᠠᠨ ᠳᠤᠰᠴᠤ ᠬᠤᠷᠠᠭ᠎ᠠ ᠶᠢ ᠨᠢ ᠠᠪᠴᠢᠷᠠᠳᠠᠭ᠃ ᠬᠤᠨᠢ ᠳᠤᠰᠬᠤ ᠳᠤ ᠭᠡᠤᠭᠡᠳ ᠪᠠᠭᠠᠴᠤᠳ ᠤᠴᠢᠨ᠎ᠠ᠃ ᠬᠡᠷᠪᠡ ᠬᠤᠶᠠᠷ ᠠᠴᠠ ᠳᠡᠭᠡᠭᠰᠢ ᠢᠬᠢᠷᠡᠯᠡᠭᠰᠡᠨ ᠳᠦᠯ ᠭᠠᠷᠪᠠᠯ ᠭᠡᠳᠤᠨ ᠭᠡᠤᠭᠡᠳ ᠢ ᠤᠷᠤᠯᠳᠤᠭᠤᠯᠤᠨ ᠬᠦᠶᠤᠯᠭᠡᠵᠤ ᠢᠬᠢᠷ᠎ᠡ ᠳᠦᠯ ᠢ ᠳᠤᠰᠤᠭᠤᠯᠤᠨ᠂ ᠲᠡᠷᠢᠬᠦᠨ᠂ ᠳᠡᠳ᠋ ᠢ ᠨᠢ ᠱᠠᠩᠨᠠᠳᠠᠭ᠃ ᠮᠠᠯ ᠳᠦᠯᠯᠡᠵᠤ ᠪᠠᠶᠢᠭ᠎ᠠ ᠦᠶᠡᠰ ᠲᠤ ᠭᠡᠤᠭᠡᠳ ᠱᠠᠭ᠎ᠠ ᠨᠠᠭᠠᠳᠬᠤ ᠶᠢ ᠶᠡᠭᠡ ᠴᠡᠭᠡᠷᠯᠡᠳᠡᠭ᠃ ᠱᠠᠭ᠎ᠠ ᠨᠠᠭᠠᠳᠪᠠᠯ ᠮᠠᠶᠢᠭ ᠳᠦᠯ ᠭᠠᠷᠤᠨ᠎ᠠ ᠭᠡᠵᠤ ᠬᠡᠯᠡᠳᠡᠭ ᠶᠤᠮ᠃ ᠮᠠᠯ ᠳᠦᠯᠯᠠᠵᠤ ᠪᠠᠶᠢᠭ᠎ᠠ ᠢᠳᠡ ᠦᠶᠡᠰ ᠳᠦᠯ ᠢᠶᠠᠨ ᠳᠤᠭᠠᠯᠠᠬᠤ ᠶᠢ ᠴᠡᠭᠡᠷᠯᠡᠨ᠎ᠡ᠃ ᠬᠤᠷᠠᠭ᠎ᠠ ᠢᠰᠢᠭᠡ ᠴᠢᠮᠬᠢᠬᠦ ᠪᠤᠶᠤ ᠢᠮᠨᠡᠬᠦ ᠦᠶᠡᠰ ᠰᠠᠶ᠋ᠢ ᠳᠤᠭᠠᠯᠠᠯᠳᠠ ᠬᠢᠳᠡᠭ᠃    
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ