ᠰᠠᠴᠤᠯᠢ ᠡᠷᠭᠦᠬᠦ ᠶᠤᠰᠤᠨ ᠪᠣᠯ ᠮᠠᠨ ᠤ ᠮᠤᠩᠭᠤᠯᠴᠤᠳ ᠤᠨ ᠡᠷᠳᠡ ᠲᠡᠭᠡᠳᠥ ᠠᠴᠠ ᠪᠠᠨ ᠠᠪᠤᠭᠠᠳ ᠤᠳᠤ ᠪᠤᠯᠳᠡᠯ᠎ᠡ ᠤᠯᠠᠮᠵᠢᠯᠠᠭᠳᠠᠭᠰᠠᠨ ᠤᠷᠳᠤ ᠤᠳᠠᠭᠠᠨ | ᠲᠡᠤᠬᠡ ᠲᠠᠢ ᠥᠪ ᠰᠤᠶᠤᠯ ᠤᠨ ᠨᠢᠭᠡ ᠶᠤᠮ᠃ ᠮᠤᠩᠭᠤᠯᠴᠤᠳ ᠥᠶ᠎ᠡ ᠤᠯᠠᠷᠢᠨ ᠨᠡᠭᠦᠳᠡᠯᠯᠡᠨ ᠠᠮᠢᠳᠤᠷᠠᠵᠤ ᠲᠠᠪᠤᠨ ᠬᠤᠰᠢᠭᠤ ᠮᠠᠯ ᠤᠨ ᠢᠶᠠᠨ ᠠᠰᠢᠭ ᠰᠢᠮ᠎ᠡ ᠪᠠᠷ | ᠠᠮᠢᠳᠤᠷᠠᠯ ᠠᠬᠤᠢ ᠪᠠᠨ ᠲᠠᠩᠴᠡᠬᠦᠯᠵᠥ ᠬᠥᠮᠥᠨ᠂ ᠪᠠᠶᠢᠭᠠᠯᠢ᠂ ᠮᠠᠯ ᠠᠵᠤ ᠠᠬᠤᠢ ᠭᠤᠷᠪᠠ ᠶᠢᠨ ᠢᠳᠡᠭᠡᠰᠢᠨ ᠣᠷᠣᠰᠢᠬᠰᠠᠨ ᠣᠷᠭᠠᠨᠢᠬ ᠲᠤᠬᠳᠠᠯᠴᠠᠭ᠎ᠠ ᠶᠢ | ᠪᠥᠷᠢᠯᠳᠥᠭᠦᠯᠥᠨ ᠭᠡᠨ ᠠᠯᠢᠨ ᠠᠴᠠ ᠪᠠᠨ ᠰᠠᠯᠵᠤ ᠴᠢᠳᠠᠬᠤ ᠦᠭᠡᠢ ᠠᠮᠢ ᠠᠬᠤᠢ ᠶᠢᠨ ᠭᠡᠯᠬᠢᠶ᠎ᠡ ᠶᠢ ᠪᠤᠢ ᠪᠤᠯᠭᠠᠬᠰᠠᠭᠠᠷ ᠢᠷᠡᠭᠰᠡᠨ ᠶᠤᠮ᠃ | ᠡᠪᠥᠯ ᠥᠡᠭᠭᠡᠷᠡᠵᠥ ᠤᠷᠢᠬᠠᠨ ᠬᠠᠪᠤᠷ ᠪᠤᠯᠬᠤ ᠳᠤ ᠡᠪᠡᠰᠥ ᠨᠤᠭᠤᠭ᠎ᠠ ᠤᠷᠭᠤᠨ᠂ ᠲᠥᠯ ᠮᠠᠯ ᠬᠥᠷᠤᠪᠡᠵᠢᠨ ᠲᠤᠷᠨᠢᠵᠤ ᠨᠤᠭᠤᠭᠠᠨ ᠳᠤ ᠴᠠᠳᠳᠠᠭ᠃ ᠡᠭᠦᠨ ᠲᠠᠢ | ᠵᠡᠷᠭᠡᠴᠡᠨ ᠮᠠᠯᠴᠢᠨ ᠮᠤᠩᠭᠤᠯᠴᠤᠳ ᠰᠥ ᠴᠠᠭᠠᠨ ᠢᠳᠡᠭᠡᠨ ᠢᠶᠠᠨ ᠪᠤᠯᠪᠠᠰᠤᠷᠠᠭᠤᠯᠤᠨ ᠰᠠᠴᠣᠯᠢ ᠡᠷᠭᠦᠬᠦ ᠶᠤᠰᠤᠯᠠᠯ ᠢᠶᠠᠨ ᠶᠠᠪᠤᠬᠳᠠᠭᠤᠯᠳᠠᠭ ᠵᠠᠩ ᠵᠢᠷᠤᠮᠯᠠᠯ ᠲᠠᠢ᠃ | ᠰᠠᠴᠤᠯᠢ ᠡᠷᠭᠦᠬᠦ ᠶᠤᠰᠤᠨ ᠭᠡᠳᠡᠭ ᠪᠣᠯ ᠡᠷᠳᠡ ᠴᠠᠭ ᠠᠴᠠ ᠮᠠᠯ ᠠᠵᠤ ᠠᠬᠤᠢ ᠡᠷᠬᠢᠯᠡᠵᠥ ᠢᠷᠡᠭᠰᠡᠨ ᠨᠡᠶᠢᠳᠡ ᠮᠤᠩᠭᠤᠯᠴᠤᠳ ᠤᠨ ᠵᠠᠩ ᠥᠢᠯᠡ ᠶᠢᠨ ᠨᠢᠭᠡ᠃ | ᠰᠠᠴᠣᠯᠢ ᠡᠷᠭᠦᠬᠦ ᠶᠢᠨ ᠤᠳᠬ᠎ᠠ ᠰᠠᠨᠠᠭ᠎ᠠ ᠨᠢ ᠪᠤᠷᠬᠠᠨ ᠲᠡᠭᠷᠢ᠂ ᠡᠬᠡ ᠪᠠᠶᠢᠭᠠᠯᠢ ᠳᠤ ᠪᠠᠨ ᠰᠠᠭᠠᠯᠢ ᠰᠥᠨ ᠤ ᠪᠠᠨ ᠲᠡᠭᠡᠵᠢ ᠶᠢ ᠡᠷᠭᠦᠨ ᠪᠠᠷᠢᠵᠤ᠂ ᠬᠠᠶᠢᠷ᠎ᠠ ᠢᠪᠡᠭᠡᠯ | ᠬᠥᠰᠡᠨ ᠭᠤᠶᠤᠵᠤ ᠲᠠᠭᠠᠳᠬᠠᠨ ᠮᠥᠷᠭᠦᠭᠡᠳ ᠮᠠᠯ ᠰᠥᠷᠥᠭ ᠤᠨ ᠥᠨᠢᠷ ᠥᠰᠥᠯᠳᠡ᠂ ᠠᠮᠢᠳᠤᠷᠠᠯ ᠠᠬᠤᠢ ᠶᠢᠨ ᠪᠠᠶᠠᠨ ᠴᠢᠨᠡᠭᠡᠯᠢᠭ᠂ ᠠᠯᠢᠪᠠ ᠵᠥᠢᠯ ᠤᠨ ᠰᠠᠶᠢᠨ | ᠰᠠᠶᠢᠬᠠᠨ ᠪᠤᠯᠬᠤ ᠶᠢ ᠪᠡᠯᠭᠡᠳᠡᠭᠰᠡᠨ ᠰᠡᠳᠭᠢᠯᠭᠡ ᠶᠢᠨ ᠠᠵᠢᠯᠯᠠᠭ᠎ᠠ ᠪᠤᠯᠤᠨ᠎ᠠ᠃ | ᠭᠡᠭᠦᠥ ᠰᠠᠭᠠᠪᠠᠯ ᠭᠡᠭᠦᠥ ᠶᠢᠨ ᠰᠥᠨ ᠤ ᠰᠠᠴᠤᠯᠢ ᠡᠷᠭᠦᠨ᠎ᠡ᠃ ᠡᠨᠡ ᠨᠢ ᠥᠷᠠᠰ ᠭᠠᠷᠭᠠᠬᠤ ᠰᠠᠴᠣᠯᠢ ᠪᠤᠯᠤᠨ᠎ᠠ᠃ ᠰᠠᠭᠠᠯᠢ ᠶᠢᠨ ᠠᠷᠢᠬᠢ ᠪᠠᠨ ᠨᠡᠷᠡᠵᠥ | ᠭᠠᠷᠭᠠᠬᠰᠠᠨ ᠤ ᠲᠠᠷᠠᠭ᠎ᠠ ᠲᠡᠭᠡᠵᠢ ᠪᠠᠷ ᠨᠢ ᠰᠠᠴᠤᠯᠢ ᠡᠷᠭᠦᠳᠡᠭ᠃ ᠥᠷᠯᠥᠭᠡ ᠡᠷᠳᠡ ᠥᠨᠢᠶ᠎ᠡ ᠪᠠᠨ ᠰᠠᠭᠠᠮᠠᠬᠴᠠ ᠲᠡᠭᠡᠵᠢ ᠪᠠᠷ ᠨᠢ ᠰᠠᠴᠤᠯᠢ ᠡᠷᠭᠦᠳᠡᠭ᠃ ᠶᠠᠮᠠᠷ | ᠨᠢᠭᠡᠨ ᠴᠢᠬᠤᠯᠠ ᠤᠴᠢᠷ ᠶᠠᠪᠤᠳᠠᠯ ᠢᠶᠠᠷ ᠭᠠᠳᠠᠬᠰᠢ ᠭᠠᠷᠬᠤ ᠪᠤᠶᠤ ᠬᠤᠯᠠ ᠮᠤᠷᠳᠠᠬᠤ ᠥᠶᠡᠰ ᠲᠤ ᠴᠦ ᠰᠥᠨ ᠰᠠᠴᠣᠯᠢ ᠡᠷᠭᠦᠨ ᠰᠠᠶᠢᠨ ᠰᠠᠶᠢᠬᠠᠨ ᠢ ᠨᠢ | ᠪᠡᠯᠭᠡᠳᠡᠳᠡᠭ᠃ ᠰᠠᠴᠣᠯᠢ ᠡᠷᠭᠦᠬᠦ ᠳᠤ ᠵᠠᠪᠠᠯ ᠶᠢᠰᠥᠨ ᠨᠥᠭᠡ ᠪᠤᠶᠤ ᠤᠬᠤᠭᠤᠷᠢᠳᠤ ᠰᠠᠴᠣᠯᠢ ᠶᠢᠨ ᠬᠠᠯᠪᠠᠭ᠎ᠠ ︿ᠰᠢᠨᠠᠭ᠎ᠠ᠂ ᠴᠠᠪᠳᠤᠭᠤᠷ﹀ ᠶᠢ ᠭᠡᠷᠡᠭᠯᠡᠳᠡᠭ | ᠵᠠᠩᠰᠢᠯ ᠲᠠᠢ᠃ ᠰᠠᠴᠣᠯᠢ ᠡᠷᠭᠦᠬᠦ ᠡᠨᠡᠬᠦ ᠲᠤᠰᠬᠠᠢ ᠪᠠᠭᠠᠵᠢ ᠶᠢᠨ ᠪᠥᠳᠥᠴᠡ ᠨᠢ ᠡᠰᠢ ᠶᠢᠨ ᠬᠢᠨᠢ ᠪᠠᠷᠢᠭᠤᠯ ᠳᠤ ᠥᠯᠵᠡᠢ ᠤᠳᠠᠰᠤ ᠤᠷᠠᠯᠠᠨ ᠰᠡᠶᠢᠯᠥᠭᠰᠡᠨ᠂ | ᠵᠠᠷᠢᠮ ᠨᠢ ᠨᠠᠢᠮᠠᠨ ᠲᠠᠬᠢᠯ ᠲᠠᠢ ᠵᠡᠷᠭᠡ ᠲᠡᠯᠳᠡ ᠰᠤᠶᠤᠯ ᠤᠨ ᠠᠭᠤᠯᠭ᠎ᠠ ᠤᠴᠢᠷ ᠠᠭᠤᠯᠣᠬᠳᠠᠬᠰᠠᠨ ᠢᠯᠡ ᠭᠡᠷᠡᠭᠯᠡᠭᠡᠨ ᠤ ᠲᠤᠰᠬᠠᠢ ᠪᠠᠭᠠᠵᠢ ᠳᠤ ᠬᠠᠷᠢᠶᠠᠯᠠᠬᠳᠠᠨ᠎ᠠ᠃ | ᠰᠠᠴᠣᠯᠢ ᠡᠷᠭᠦᠬᠦ ᠲᠤᠰᠬᠠᠢ ᠪᠠᠭᠠᠵᠢ ᠶᠢ ᠤᠨᠳᠤᠤ ᠵᠥᠢᠯ ᠳᠤ ᠬᠡᠷᠡᠭᠯᠡᠳᠡᠭ ᠦᠭᠡᠢ ᠮᠥᠷᠳᠡᠭᠡᠨ ᠬᠠᠮᠢᠶ᠎ᠠ ᠨᠠᠮᠢᠶ᠎ᠠ ᠥᠬᠡᠢ ᠬᠠᠶᠠᠬᠤ ᠥᠬᠡᠢ᠂ ᠲᠠᠬᠡᠷ᠎ᠠ ᠭᠠᠵᠠᠷ ᠲᠤ | ᠲᠠᠯᠪᠢᠨ᠎ᠠ᠃ ᠰᠠᠴᠣᠯᠢ ᠡᠷᠭᠦᠬᠦ ᠶᠤᠰᠤᠨ ᠳᠤ ᠰᠥ ᠴᠠᠭᠠᠨ ᠢᠳᠡᠭᠡᠨ ᠤ ᠵᠥᠢᠯ ᠢᠶᠠᠨ ᠡᠷᠭᠦᠬᠦ ᠳᠤ ᠪᠠᠨ ᠨᠠᠷᠠᠨ ᠵᠥᠪ ᠢᠶᠠᠷ ᠲᠥᠷᠪᠡᠨ ᠵᠥᠭ ᠨᠠᠢᠮᠠᠨ ᠵᠤᠪᠬᠢᠰ ᠲᠤ | ᠰᠠᠴᠣᠯᠢ ᠡᠷᠭᠦᠵᠥ᠂ ᠲᠤᠳᠤᠭᠠᠳᠤ ᠰᠡᠳᠭᠢᠯᠭᠡ ᠪᠠᠨ ᠠᠷᠢᠭᠤᠨ ᠲᠤᠩᠭᠠᠯᠠᠭ ᠪᠠᠶᠢᠯᠭᠠᠨ ︽ᠤᠮ᠂ ᠠ᠂ ᠬᠥᠮ ᠪᠤᠶᠤ ᠥᠷᠥᠰᠢᠶᠡ︾ ᠭᠡᠬᠦ ᠥᠭᠡ ᠶᠢ ᠬᠠᠵᠠᠭᠤ | ᠬᠠᠪᠢ ᠶᠢᠨ ᠬᠥᠮᠥᠰ ᠲᠤ ᠪᠠᠨ ᠲᠤᠳᠤ ᠪᠤᠰᠤ ᠰᠤᠨᠤᠰᠳᠠᠬᠤ ᠬᠡᠮᠵᠢᠶᠡᠨ᠎ᠡ ᠡᠷᠭᠦᠬᠦ ᠪᠤᠯᠭᠠᠨ ᠳᠤ ᠤᠡᠭᠰᠢᠵᠤ ᠰᠢᠪᠡᠨᠡᠨ᠎ᠡ᠃ ᠶᠠᠮᠠᠷᠪᠠ ᠨᠢᠭᠡᠨ ᠠᠮᠢᠳᠤᠷᠠᠯ ᠠᠬᠤᠢ ᠶᠢᠨ | ᠭᠡᠷᠡᠭᠯᠡᠭᠡᠨ ᠤ ᠪᠤᠳᠠᠰ ᠪᠤᠶᠤ ᠪᠠᠭᠠᠵᠢ ᠶᠢ ᠭᠡᠷᠡᠭᠯᠡᠵᠥ ᠠᠰᠢᠬᠯᠠᠬᠤ ᠳᠤ ᠪᠥᠷ ᠬᠠᠤᠯᠢ ᠲᠥᠷᠢᠮ ᠪᠠ ᠶᠤᠰᠤ ᠰᠤᠷᠳᠠᠬᠤᠨ ᠵᠠᠩ ᠵᠢᠷᠤᠮᠯᠠᠯ ᠤᠨ ᠤᠨᠴᠠᠯᠢᠭ ᠲᠠᠢ ᠪᠠᠶᠢᠳᠠᠭ᠃ | | ᠰᠠᠴᠣᠯᠢ ᠡᠷᠭᠦᠬᠦ ᠲᠤᠰᠬᠠᠢ ᠪᠠᠭᠠᠵᠢ ᠳᠤ ᠴᠦ ᠡᠶᠢᠮᠥ ᠤᠨᠴᠠᠯᠢᠭ ᠲᠠᠢ ᠶᠤᠮ᠃ ᠡᠶᠢᠮᠥ ᠠᠴᠠ ᠪᠢᠳᠡ ᠲᠡᠭᠡᠳᠥᠰ ᠠᠴᠠ ᠪᠠᠨ ᠤᠯᠠᠮᠵᠢᠯᠠᠬᠳᠠᠵᠤ ᠢᠷᠡᠭᠰᠡᠨ ᠥᠪ | ᠰᠤᠶᠤᠯ ᠢᠶᠠᠨ ᠬᠠᠶᠢᠷᠠᠯᠠᠨ ᠬᠠᠮᠠᠭᠠᠯᠠᠵᠤ ᠲᠡᠯᠭᠡᠷᠡᠭᠦᠯᠥᠨ ᠬᠥᠭᠵᠢᠬᠦᠯᠭᠦ ᠳᠤ ᠥᠪᠡᠷ ᠤᠨ ᠪᠡᠶᠡᠴᠢ ᠲᠠᠯ᠎ᠠ ᠠᠴᠠ ᠪᠠᠨ ᠢᠷᠡᠵᠥ ᠤᠶᠢᠯᠠᠭᠠᠨ ᠡᠵᠡᠮᠰᠢᠪᠠᠯ ᠵᠣᠬᠢᠨ᠎ᠠ᠃ | | | ᠱᠢ᠊ · ᠰᠤᠳᠸᠠ | | |