ᠲᠦᠮᠡᠨ ᠬᠦᠮᠦᠨ ᠤ ᠨᠦᠬᠡ ᠶᠢᠨ ᠪᠠᠭᠤᠷᠢ
ᠨᠡᠶᠢᠲᠡᠯᠡᠭᠰᠡᠨ ᠴᠠᠭ᠄
2024/11/13
    ︽ᠲᠦᠮᠡᠨ ᠬᠦᠮᠦᠨ ᠤ ᠨᠦᠬᠡ︾ ᠶᠢᠨ ᠪᠠᠭᠤᠷᠢ ᠨᠢ ᠬᠠᠭᠤᠴᠢᠨ ᠪᠠᠷᠭᠤ ᠬᠤᠰᠢᠭᠤᠨ ᠤ ᠨᠤᠳᠤᠭ ᠤᠨ ᠵᠡᠬᠦᠨ ᠡᠮᠦᠨ᠎ᠡ ᠬᠡᠰᠡᠭ ᠲᠤ᠂ ᠠᠮᠪᠠᠨ ᠤᠪᠤᠭᠠᠨ ᠠᠴᠠ ᠪᠠᠷᠠᠭᠤᠨᠰᠢ᠂ ᠡᠮᠦᠨᠡᠰᠢ ᠬᠠᠶᠢᠯᠠᠷ ᠭᠤᠤᠯ ᠲᠠᠢ ᠨᠢᠭᠤᠷᠯᠠᠨ ᠬᠠᠭᠠᠰ ᠲᠤᠭᠤᠷᠢᠭ ᠬᠡᠯᠪᠡᠷᠢᠳᠡᠢ ᠡᠷᠬᠢ ᠶᠢᠨ ᠬᠠᠳᠠᠨ ᠤ ᠲᠤᠤᠷ᠎ᠠ ᠪᠠᠶᠢᠨ᠎ᠠ᠃ ᠪᠠᠭᠤᠷᠢ ᠨᠢ 301 ᠤᠯᠤᠰ ᠤᠨ ᠵᠠᠮ ᠪᠠ 201 ᠵᠠᠮ ᠤᠨ ᠠᠭᠤᠯᠵᠠᠭᠤᠷ ᠠᠴᠠ 500 ᠮᠧᠳ᠋ᠷ ᠵᠠᠶᠢᠳᠠᠢ ᠪᠠᠶᠢᠵᠤ᠂ ᠬᠠᠶᠢᠯᠠᠷ ᠤᠨ ᠬᠤᠶᠢᠳᠤ ᠠᠭᠤᠯᠠᠨ ᠳᠠᠬᠢ ᠶᠠᠫᠤᠨ ᠤ ᠨᠦᠬᠡᠨ ᠵᠠᠮ ᠤᠨ ᠪᠠᠬᠢᠯᠡᠯᠳᠡ ᠠᠴᠠ 3 ᠺᠢᠯᠤᠮᠧᠳ᠋ᠷ ᠵᠠᠶᠢᠳᠠᠢ ᠪᠠᠶᠢᠷᠢᠯᠠᠵᠤ ᠪᠠᠶᠢᠨ᠎ᠠ᠃ 1932 ᠤᠨ ᠳᠤ ᠶᠠᠫᠤᠨ ᠡᠵᠡᠷᠬᠡᠭ ᠲᠦᠷᠢᠮᠡᠬᠡᠶᠢᠳᠡᠨ ᠬᠦᠯᠦᠨ ᠪᠤᠶᠢᠷ ᠲᠤ ᠲᠦᠷᠢᠮᠡᠬᠡᠶᠢᠯᠡᠨ ᠤᠷᠤᠵᠤ ᠢᠷᠡᠭᠡᠳ᠂ 1934 ᠤᠨ ᠠᠴᠠ 1939 ᠤᠨ ᠪᠤᠯᠳᠠᠯ᠎ᠠ ᠶᠠᠫᠤᠨ ᠤ ᠭᠤᠸᠠᠨᠳᠦ᠋ᠩᠵᠢᠶᠦ᠋ᠨ ᠾᠧᠪᠸᠢ᠂ ᠱᠠᠨᠳᠦ᠋ᠩ᠂ ᠯᠢᠶᠤᠤᠨᠢᠩ ᠵᠡᠷᠬᠡ ᠭᠠᠵᠠᠷ ᠠᠴᠠ ᠤᠯᠠᠨ ᠲᠤᠮᠳᠠᠳᠤ ᠶᠢᠨ ᠲᠠᠷᠢᠶᠠᠴᠢᠨ ᠢ ᠤᠯᠵᠠᠯᠠᠨ ᠠᠪᠴᠢᠷᠠᠵᠤ ᠬᠠᠷ᠎ᠠ ᠠᠵᠢᠯ ᠬᠢᠯᠬᠡᠨ᠂ ᠠᠮᠪᠠᠨ ᠤᠪᠤᠭᠠᠨ ᠤ ᠠᠭᠤᠯᠠᠨ ᠳᠤ ᠴᠡᠷᠢᠭ ᠤᠨ ᠪᠠᠬᠢᠯᠡᠯᠳᠡ ᠪᠠᠶᠢᠭᠤᠯᠪᠠ᠃ ᠲᠤᠮᠳᠠᠳᠤ ᠶᠢᠨ ᠬᠦᠳᠡᠯᠮᠦᠷᠢ ᠬᠦᠴᠦᠨ ᠶᠠᠫᠤᠨ ᠤ ᠵᠡᠪᠰᠡᠭᠳᠦ ᠬᠦᠴᠦᠨ ᠤ ᠬᠢᠨᠡᠯᠳᠠ ᠶᠢᠨ ᠲᠤᠤᠷ᠎ᠠ ᠬᠦᠨᠳᠦ ᠨᠦᠰᠡᠷ ᠬᠦᠴᠦᠨ ᠤ ᠠᠵᠢᠯ ᠬᠢᠪᠠ᠃ ᠡᠨᠡ ᠬᠤᠭᠤᠴᠠᠭᠠᠨ ᠳᠤ ᠴᠤᠬᠢᠭᠳᠠᠨ ᠠᠯᠠᠭᠳᠠᠭᠰᠠᠨ ᠪᠠ ᠡᠪᠡᠳᠴᠢᠨ ᠢᠶᠠᠷ ᠦᠬᠦᠭᠰᠡᠨ ᠬᠦᠮᠦᠨ ᠢ ᠪᠦᠷ ᠨᠦᠬᠡᠨ ᠳᠤ ᠬᠠᠶᠠᠪᠠ᠃ ᠨᠦᠬᠡᠨ ᠵᠠᠮ ᠤᠨ ᠪᠠᠬᠢᠯᠡᠯᠳᠡ ᠪᠠᠨ ᠪᠠᠷᠢᠵᠦ ᠪᠠᠷᠠᠭᠰᠠᠨ ᠤ ᠲᠠᠷᠠᠭ᠎ᠠ᠂ ᠶᠠᠫᠤᠨᠴᠤᠳ ᠠᠮᠢᠳᠤ ᠦᠯᠡᠳᠡᠭᠰᠡᠨ ᠠᠵᠢᠯᠴᠢᠳ ᠨᠦᠬᠡᠨ ᠵᠠᠮ ᠤᠨ ᠪᠠᠷᠢᠯᠭ᠎ᠠ ᠶᠢᠨ ᠨᠢᠭᠤᠴᠠ ᠶᠢ ᠯᠡᠪᠡᠷᠡᠬᠦᠯᠬᠦ ᠠᠴᠠ ᠰᠡᠷᠬᠡᠶᠢᠯᠡᠨ᠂ ᠠᠵᠢᠯᠴᠢᠳ ᠢ ᠫᠤᠤᠳᠠᠨ ᠠᠯᠠᠭᠰᠠᠨ ᠪᠠ ᠠᠮᠢᠳᠤ ᠪᠠᠷ ᠨᠢ ᠨᠦᠬᠡᠨ ᠳᠤ ᠪᠤᠯᠠᠪᠠ᠃ ᠲᠦᠷᠪᠡᠨ ᠵᠢᠯ ᠤᠨ ᠲᠤᠳᠤᠷ᠎ᠠ ᠬᠤᠶᠠᠷ ᠲᠦᠮᠡ ᠢᠯᠡᠬᠦᠦ ᠬᠦᠮᠦᠨ ᠲᠠᠮᠤᠯᠠᠭᠳᠠᠨ ᠲᠠᠷᠴᠢᠯᠠᠭᠳᠠᠵᠤ᠂ ᠨᠢᠬᠡᠯᠡ ᠬᠦᠮᠦᠨ ᠲᠤᠳᠠᠭᠠᠨ ᠭᠠᠷᠤᠭᠰᠠᠨ ᠢ ᠭᠠᠷᠭᠠᠪᠠᠯ ᠪᠦᠬᠦᠨ ᠢᠶᠠᠷ ᠢᠶᠠᠨ ᠲᠦᠮᠡᠨ ᠬᠦᠮᠦᠨ ᠤ ᠨᠦᠬᠡᠨ ᠳᠤ ᠪᠤᠯᠠᠰᠢᠯᠠᠭᠳᠠᠪᠠ᠃ ᠡᠨᠡ ᠪᠤᠯ ᠶᠠᠫᠤᠨ ᠹᠠᠱᠢᠰ ᠤᠨ ᠵᠡᠬᠦᠨ ᠬᠤᠶᠢᠳᠤ ᠤᠷᠤᠨ ᠳᠠᠬᠢ ᠬᠠᠮᠤᠭ ᠲᠤᠮᠤ ᠲᠦᠪᠯᠡᠷᠡᠬᠦᠯᠦᠨ ᠬᠤᠷᠢᠬᠤ ᠭᠠᠵᠠᠷ ᠪᠤᠯᠤᠨ᠎ᠠ᠃ ᠮᠦᠨᠴᠦ ᠶᠠᠫᠤᠨ ᠡᠵᠡᠷᠬᠡᠭ ᠲᠦᠷᠢᠮᠡᠬᠡᠶᠢᠳᠡᠨ ᠠᠴᠠ ᠲᠤᠮᠳᠠᠳᠤ ᠶᠢ ᠲᠦᠷᠢᠮᠡᠬᠡᠶᠢᠯᠡᠭᠰᠡᠨ ᠤ ᠲᠡᠮᠦᠷ ᠮᠡᠳᠦ ᠬᠡᠷᠡᠴᠢ ᠪᠤᠯᠤᠨ᠎ᠠ᠃ ᠲᠦᠮᠡᠨ ᠬᠦᠮᠦᠨ ᠤ ᠨᠦᠬᠡᠨ ᠲᠤᠳᠤᠷᠠᠬᠢ ᠨᠢ ᠨᠢᠭᠡ ᠴᠦ ᠡᠪᠳᠡᠭᠳᠡᠭᠡ ᠦᠬᠡᠢ ᠪᠦᠷᠢᠨ ᠪᠦᠳᠦᠨ ᠢᠶᠠᠷ ᠢᠶᠠᠨ ᠪᠠᠶᠢᠨ᠎ᠠ᠃ ᠭᠠᠵᠠᠷ ᠤᠨ ᠭᠠᠳᠠᠷᠭᠤ ᠳᠤ ᠨᠢ ᠴᠤ ᠬᠦᠮᠦᠨ ᠤ ᠶᠠᠰᠤ ᠢᠷᠠᠶᠢᠨ ᠦᠵᠡᠭᠳᠡᠵᠦ᠂ ᠬᠤᠪᠠᠭ᠋ᠠᠢ ᠶᠠᠰᠤ᠂ ᠰᠢᠳᠦ ᠪᠠ ᠬᠠᠷᠪᠤᠨ ᠠᠯᠠᠭᠰᠠᠨ ᠰᠤᠮᠤᠨ ᠤ ᠲᠠᠯᠢᠩ ᠠᠳᠡ ᠲᠡᠨᠳᠡ ᠬᠠᠷᠠᠭᠳᠠᠳᠠᠭ᠃ ᠡᠨᠡ ᠨᠢ ᠦᠨᠡᠨ ᠪᠤᠳᠠᠳᠠᠢ ᠲᠡᠯᠡᠬᠡᠢ ᠶᠢᠨ ᠬᠤᠶᠠᠳᠤᠭᠠᠷ ᠲᠠᠶᠢᠨ ᠤ ᠪᠠᠭᠤᠷᠢ ᠪᠤᠯᠤᠨ᠎ᠠ᠃ ᠲᠦᠮᠡᠨ ᠬᠦᠮᠦᠨ ᠤ ᠨᠦᠬᠡ ᠨᠢ ᠶᠠᠫᠤᠨ ᠤ ᠬᠠᠶᠢᠯᠠᠷ ᠲᠠᠬᠢ ᠲᠠᠶᠢᠨ ᠤ ᠴᠢᠬᠤᠯᠠ ᠪᠠᠬᠢᠯᠡᠯᠳᠡ ᠶᠢᠨ ᠨᠢᠬᠡ ᠬᠡᠰᠡᠭ ᠮᠦᠨ᠃ ᠬᠤᠶᠢᠳᠤ ᠠᠭᠤᠯᠠᠨ ᠳᠠᠬᠢ ᠶᠠᠫᠤᠨ ᠤ ᠲᠠᠶᠢᠨ ᠤ ᠪᠠᠬᠢᠯᠡᠯᠳᠡ ᠪᠤᠯ ᠬᠠᠶᠢᠯᠠᠷ ᠤᠨ ᠬᠤᠶᠢᠳᠤ ᠠᠭᠤᠯᠠᠨ ᠲᠡᠭᠡᠷ᠎ᠡ ᠪᠠᠶᠢᠳᠠᠭ᠃ 1998 ᠤᠨ ᠳᠤ ᠬᠠᠶᠢᠯᠠᠷ ᠲᠤᠭᠤᠷᠢᠭ ᠤᠨ ᠵᠠᠰᠠᠭ ᠤᠨ ᠭᠠᠵᠠᠷ ᠵᠠᠰᠠᠨ ᠰᠡᠯᠪᠢᠭᠰᠡᠨ ᠤ ᠲᠠᠷᠠᠭ᠎ᠠ ᠵᠢᠩᠬᠢᠨᠢ ᠪᠠᠷ ᠭᠠᠳᠠᠭᠰᠢ ᠨᠡᠬᠡᠬᠡᠵᠦ ᠪᠠᠶᠢᠨ᠎ᠠ᠃ ᠲᠦᠮᠡᠨ ᠬᠦᠮᠦᠨ ᠤ ᠨᠦᠬᠡ ᠪᠤᠯ ᠶᠠᠫᠤᠨ ᠠᠴᠠ ᠲᠤᠮᠳᠠᠳᠤ ᠶᠢ ᠲᠦᠷᠢᠮᠡᠬᠡᠶᠢᠯᠡᠭᠰᠡᠨ ᠪᠤᠳᠠᠳᠤ ᠬᠡᠷᠡᠴᠢ᠂ ᠮᠠᠷᠳᠠᠭᠳᠠᠰᠢ ᠦᠬᠡᠢ ᠭᠠᠰᠠᠯᠠᠩᠳᠤ ᠲᠡᠦᠬᠡ ᠮᠦᠨ᠃ ᠤᠯᠤᠰ ᠢᠶᠠᠨ ᠬᠠᠶᠢᠷᠠᠯᠠᠬᠤ ᠬᠦᠮᠦᠵᠢᠯ ᠬᠢᠬᠦ ᠴᠢᠬᠤᠯᠠ ᠰᠠᠭᠤᠷᠢᠨ ᠭᠠᠵᠠᠷ ᠮᠦᠨ᠃     ︽ᠬᠠᠭᠤᠴᠢᠨ ᠪᠠᠷᠭᠤ ᠬᠤᠰᠢᠭᠤᠨ ᠤ ᠰᠦᠯᠵᠢᠶ᠎ᠡ︾ ᠠᠴᠠ ᠤᠷᠴᠢᠭᠤᠯᠤᠨ ᠡᠮᠬᠢᠳᠬᠡᠪᠡ᠃                                                               ᠵᠣᠬᠢᠶᠠᠭᠴᠢ᠄ ᠭᠠᠯᠵᠠᠭᠴᠤᠳ ᠬᠤᠩᠭᠤᠷᠵᠤᠯᠠ ︵ᠰᠤᠨᠤᠷ︶ 
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ