ᠰᠢᠨ᠎ᠡ ᠪᠠᠷᠭᠤ ᠵᠡᠭᠦᠨ ᠬᠤᠰᠢᠭᠤᠨ ᠤ ᠭᠠᠨᠵᠤᠤᠷ ᠰᠦᠮ᠎ᠡ ᠶᠢ 1784 ᠣᠨ ᠳᠤ ᠪᠤᠶᠠᠨᠲᠤ ᠪᠦᠷᠢᠳᠦ ᠬᠡᠮᠡᠬᠦ ᠭᠠᠵᠠᠷ ᠲᠤ ᠪᠠᠷᠢᠵᠠᠢ᠃ ᠡᠨᠡ ᠰᠥᠮ᠎ᠡ ᠳᠤ ᠵᠢᠯ | ᠪᠦᠷᠢ ᠶᠢᠨ ᠪᠢᠯᠢᠭ ᠤᠨ ᠤᠯᠠᠷᠢᠯ ᠤᠨ 8 ᠳ᠋ᠤᠭᠠᠷ ᠰᠠᠷ᠎ᠠ ᠶᠢᠨ 7 — 15 ᠤ ᠡᠳᠦᠷ ᠬᠦᠷᠲᠡᠯ᠎ᠡ ᠨᠠᠢᠮᠠᠨ ᠬᠤᠰᠢᠭᠤᠨ ᠤ ᠯᠠᠮᠠ ᠨᠠᠷ ᠴᠤᠭᠯᠠᠷᠠᠵᠤ ᠶᠡᠭᠡ ᠬᠤᠷᠠᠯ | ᠬᠤᠷᠠᠳᠠᠭ᠃ ᠭᠠᠨᠵᠤᠤᠷ ᠴᠤᠭᠯᠠᠭᠠᠨ ᠨᠢ ᠳᠣᠯᠣᠨ ᠨᠠᠭᠤᠷ᠂ ᠴᠢᠭᠤᠯᠤᠯᠳᠤ ᠬᠠᠭᠠᠯᠭ᠎ᠠ ᠵᠡᠷᠭᠡ ᠭᠠᠵᠠᠷ ᠠᠴᠠ ᠬᠦᠯᠦᠨ ᠪᠥᠢᠷ ᠤᠨ ᠰᠢᠨ᠎ᠡ ᠪᠠᠷᠭᠤ ᠶᠢᠨ ᠨᠤᠲᠤᠭ ᠢᠶᠠᠷ | ᠠᠷᠠᠯᠵᠢᠶ᠎ᠠ ᠬᠢᠳᠡᠭ ᠬᠤᠳᠠᠯᠳᠤᠭᠠᠴᠢᠳ᠂ ᠨᠠᠮᠤᠷ ᠤᠨ ᠰᠡᠷᠢᠭᠦᠨ ᠴᠠᠭ ᠪᠤᠯᠬᠤ ᠦᠶ᠎ᠡ ᠳᠤ ᠭᠠᠨᠵᠤᠤᠷ ᠰᠦᠮ᠎ᠡ ᠶᠢᠨ ᠶᠡᠭᠡ ᠬᠤᠷᠠᠯ ᠢᠶᠠᠷ ᠴᠤᠭᠯᠠᠷᠠᠨ᠂ ᠡᠳ᠋ | ᠪᠠᠷᠠᠭ᠎ᠠ ᠪᠠᠨ ᠪᠤᠷᠤᠯᠠᠭᠤᠯᠤᠭᠠᠳ ᠨᠤᠲᠤᠭ ᠤᠷᠤᠨ ᠳᠤ ᠪᠠᠨ ᠪᠤᠴᠠᠳᠠᠭ ᠪᠠᠶᠢᠭᠰᠠᠨ ᠪᠤᠯᠬᠤᠷ ᠭᠠᠨᠵᠤᠤᠷ ᠴᠤᠭᠯᠠᠭᠠᠨ ᠭᠡᠵᠦ ᠨᠡᠷᠡᠰᠢᠵᠠᠢ᠃ ᠡᠨᠡ ᠬᠦ ᠴᠤᠭᠯᠠᠭᠠᠨ ᠨᠢ | ᠤᠯᠠᠮ ᠥᠷᠭᠡᠵᠢᠵᠦ᠂ 1787 ᠣᠨ ᠪᠤᠯᠬᠤ ᠳᠤ ︽ᠪᠠᠷᠭᠤ ᠶᠢᠨ ᠭᠠᠨᠵᠤᠤᠷ ᠴᠤᠭᠯᠠᠭᠠᠨ︾ ᠭᠡᠵᠦ ᠬᠤᠯᠠ ᠣᠶᠢᠷ᠎ᠠ ᠳᠤ ᠪᠠᠨ ᠠᠯᠳᠠᠷᠰᠢᠪᠠ᠃ ᠵᠢᠯ ᠪᠦᠷᠢ ᠶᠢᠨ | ᠪᠢᠯᠢᠭ ᠤᠨ ᠤᠯᠠᠷᠢᠯ ᠤᠨ 8 ᠳ᠋ᠤᠭᠠᠷ ᠰᠠᠷ᠎ᠠ ᠶᠢᠨ 1 — 5 ᠬᠦᠷᠲᠡᠯ᠎ᠡ ᠬᠢᠳᠡᠭ ᠲᠡᠷᠡ ᠬᠦ ᠴᠤᠭᠯᠠᠭᠠᠨ ᠢ ᠮᠠᠶᠢᠷᠠᠨ ᠵᠠᠩᠭᠢ ᠶᠢᠨ ᠶᠠᠮᠤᠨ ᠠᠴᠠ ᠲᠤᠰᠬᠠᠢ | ᠲᠤᠮᠢᠯᠠᠭᠰᠠᠨ ᠲᠦᠰᠢᠮᠡᠳ ᠤᠨ ᠬᠠᠮᠢᠶᠠᠷᠤᠯᠲᠠ ᠳᠤᠤᠷ᠎ᠠ ᠭᠠᠨᠵᠤᠤᠷ ᠰᠦᠮ᠎ᠡ ᠠᠴᠠ ᠵᠠᠶᠢᠲᠠᠢ ᠪᠠᠶᠢᠭ᠎ᠠ ᠮᠡᠨᠢᠲᠤ ᠶᠢᠨ ᠭᠠᠩᠭᠠᠨ ᠤ ᠪᠠᠷᠠᠭᠤᠨ ᠡᠮᠦᠨ᠎ᠠ ᠬᠢᠳᠡᠭ ᠪᠠᠶᠢᠵᠠᠢ᠃ | | 1936 ᠣᠨ ᠠᠴᠠ ᠡᠬᠢᠯᠡᠵᠦ ᠠᠷᠠᠯᠵᠢᠶ᠎ᠠ ᠬᠤᠳᠠᠯᠳᠤᠭ᠎ᠠ ᠳᠤᠮᠳᠠᠭᠤᠷᠯᠠᠬᠤ ᠦᠶ᠎ᠡ ᠳᠤ ︽ᠡᠷ᠎ᠡ ᠶᠢᠨ ᠭᠤᠷᠪᠠᠨ ᠨᠠᠭᠠᠳᠤᠮ︾ ᠬᠢᠳᠡᠭ ᠪᠣᠯᠵᠠᠢ᠃ | 1948 ᠣᠨ ᠳᠤ ᠭᠠᠨᠵᠤᠤᠷ ᠴᠤᠭᠯᠠᠭᠠᠨ ᠢ ︽ᠬᠥᠯᠦᠨ ᠪᠥᠢᠷ ᠠᠶᠢᠮᠠᠭ ᠤᠨ ᠨᠠᠭᠠᠳᠤᠮ︾ ᠪᠣᠯᠭᠠᠨ ᠥᠭᠡᠷᠡᠴᠢᠯᠡᠭᠡᠳ 1962 ᠣᠨ ᠪᠤᠯᠲᠠᠯ᠎ᠠ | ᠦᠷᠭᠦᠯᠵᠢᠯᠡᠪᠡ᠃ | ᠭᠠᠨᠵᠤᠤᠷ ᠴᠤᠭᠯᠠᠭᠠᠨ ᠳᠤ ᠡᠵᠢ ᠨᠠᠭᠤᠷ ᠤᠨ ᠳᠠᠪᠤᠰᠤ᠂ ᠪᠤᠳᠬ᠎ᠠ ᠳᠠᠭᠤᠷ ᠤᠨ ᠴᠠᠷᠠᠰᠤᠨ ᠭᠡᠭᠡᠰᠦ ᠲᠠᠢ ᠰᠢᠷ᠎ᠠ ᠪᠤᠯᠤ ᠲᠠᠢ ᠮᠤᠳᠤᠨ ᠲᠡᠷᠭᠡ ᠪᠠ ᠪᠦᠰ ᠪᠠᠷᠠᠭ᠎ᠠ | ᠂ ᠠᠮᠤ ᠪᠤᠳᠠᠭ᠎ᠠ᠂ ᠰᠢᠬᠢᠷ ᠠᠮᠲᠠᠲᠠᠨ ᠢᠶᠠᠷ ᠡᠯᠳᠡᠭ ᠳᠡᠯᠪᠡᠭ ᠪᠠᠶᠢᠵᠤ᠂ ᠠᠯᠳᠠ ᠮᠥᠩᠭᠦ᠂ ᠭᠠᠤᠯᠢ ᠵᠡᠰ᠂ ᠲᠡᠮᠦᠷ ᠮᠤᠳᠤᠨ ᠤ ᠳᠠᠷᠬᠠᠨᠴᠤᠳ ᠤᠯᠠᠨ ᠴᠤᠭᠯᠠᠷᠠᠵᠤ᠂ | ᠬᠤᠭᠤᠯᠠᠨ ᠭᠡᠷ ᠴᠦ ᠤᠯᠠᠨ ᠢᠷᠡᠳᠡᠭ᠃ ᠲᠡᠷᠡ ᠦᠶ᠎ᠡ ᠳᠤ ᠬᠦᠮᠦᠰ ︽ᠭᠠᠨᠵᠤᠤᠷ ᠴᠤᠭᠯᠠᠭᠠᠨ ᠳᠤ ᠨᠤᠬᠠᠢ ᠶᠢᠨ ᠲᠤᠭᠤᠷᠠᠢ᠂ ᠨᠤᠭᠤᠭᠠᠨ ᠬᠤᠷᠠᠭᠠᠨ ᠤ | ᠠᠷᠠᠰᠤᠨ ᠠᠴᠠ ᠥᠭᠡᠷ᠎ᠡ ᠪᠠᠶᠢᠬᠤ ᠦᠬᠡᠢ ᠶᠠᠭᠤᠮ᠎ᠠ ᠭᠡᠵᠦ ᠦᠬᠡᠢ︾ ᠭᠡᠯᠴᠡᠳᠡᠭ ᠭᠡᠨ᠎ᠡ᠃ ᠪᠠᠷᠭᠤᠴᠣᠳ ᠨᠢᠭᠡ ᠵᠢᠯ ᠳᠤ ᠬᠡᠷᠡᠭᠯᠡᠬᠦ ᠠᠮᠤ ᠪᠤᠳᠠᠭ᠎ᠠ᠂ ᠪᠦᠰ ᠪᠠᠷᠠᠭ᠎ᠠ᠂ | ᠴᠠᠢ ᠵᠡᠷᠭᠡ ᠵᠦᠢᠯ ᠢ ᠲᠤᠰ ᠵᠢᠯ ᠤᠨ ᠴᠤᠭᠯᠠᠭᠠᠨ ᠠᠴᠠ ᠠᠪᠤᠭᠠᠳ ᠳᠠᠷᠠᠭ᠎ᠠ ᠵᠢᠯ ᠤᠨ ᠴᠤᠭᠯᠠᠭᠠᠨ ᠪᠤᠯᠲᠠᠯ᠎ᠠ ᠬᠦᠶᠦᠯᠭᠡᠬᠦᠷ ᠮᠠᠶᠢᠮᠠᠢ ᠠᠴᠠ ᠪᠠᠭ᠎ᠠ ᠰᠠᠭ᠎ᠠ ᠶᠠᠭᠤᠮ᠎ᠠ | ᠠᠪᠬᠤ ᠠᠴᠠ ᠥᠭᠡᠷ᠎ᠡ ᠠᠷᠠᠯᠵᠢᠶ᠎ᠠ ᠮᠠᠶᠢᠮᠠᠢ ᠬᠢᠳᠡᠭ ᠦᠬᠡᠢ᠃ | ᠡᠷ᠎ᠡ ᠶᠢᠨ ᠭᠤᠷᠪᠠᠨ ᠨᠠᠭᠠᠳᠤᠮ ᠶᠡᠭᠡ ᠬᠥᠭᠵᠢᠶᠡᠨᠲᠡᠢ ᠶᠠᠪᠤᠭᠳᠠᠳᠠᠭ᠃ ᠮᠤᠷᠢᠨ ᠤᠷᠤᠯᠳᠤᠭᠠᠨ ᠨᠢ ᠥᠷᠭᠡᠵᠢᠭᠡᠳ ᠪᠦᠬᠦ ᠠᠶᠢᠮᠠᠭ ᠤᠨ ᠮᠠᠯᠵᠢᠬᠤ | ᠬᠤᠰᠢᠭᠤᠳ ᠠᠴᠠ ᠴᠦᠮ ᠤᠶᠠᠭ᠎ᠠ ᠮᠣᠷᠢ ᠢᠷᠡᠵᠦ ᠤᠷᠤᠯᠳᠤᠳᠠᠭ ᠠᠴᠠ ᠳᠠᠩᠳᠠ ᠪᠦᠷ ᠰᠢᠯᠭᠠᠷᠠᠭᠰᠠᠨ ᠮᠣᠷᠢᠨ ᠤ ᠤᠷᠤᠯᠳᠤᠭᠠᠨ ᠪᠣᠯᠳᠠᠭ᠃ ᠪᠦᠬᠡᠴᠦᠳ ᠨᠢ | ᠭᠤᠣᠯᠳᠠᠭᠤ ᠪᠦᠬᠦ ᠠᠶᠢᠮᠠᠭ ᠤᠨ ᠬᠡᠪᠴᠢᠶᠡᠨ ᠳᠤ ᠰᠢᠯᠢᠳᠡᠭ ᠪᠦᠭᠡᠴᠦᠳ ᠤᠨ ᠤᠷᠤᠯᠳᠤᠭᠠᠨ ᠪᠤᠯᠵᠤ ᠰᠡᠭᠦᠯᠴᠢ ᠶᠢᠨ ᠦᠶ᠎ᠡ ᠳᠤ ᠤᠷᠤᠨ ᠤ ᠳᠤᠲᠤᠷᠠᠬᠢ ᠰᠢᠯᠢᠳᠡᠭ | ᠪᠦᠬᠡᠴᠦᠳ ᠢᠷᠡᠵᠦ ᠪᠠᠷᠢᠯᠳᠤᠳᠠᠭ ᠪᠣᠯᠵᠠᠢ᠃ ᠲᠦᠩᠭᠡ ᠬᠠᠷᠪᠤᠯᠭ᠎ᠠ ᠴᠦ ᠶᠡᠭᠡ ᠬᠦᠭᠵᠢᠶᠡᠨᠲᠡᠢ ᠶᠠᠪᠤᠭᠳᠠᠳᠠᠭ᠃ ᠮᠡᠷᠭᠡᠨ ᠬᠠᠷᠪᠤᠭᠴᠢᠳ ᠨᠡᠯᠢᠶᠡᠳ ᠪᠠᠶᠢᠭᠰᠠᠨ᠃ | ᠪᠠᠰᠠ ᠮᠤᠩᠭᠤᠯ ᠰᠢᠲᠠᠷ᠎ᠠ ᠶᠢᠨ ᠤᠷᠤᠯᠳᠤᠭᠠᠨ ᠶᠠᠪᠤᠭᠳᠠᠭᠤᠯᠳᠠᠭ᠃ ᠨᠡᠷ᠎ᠡ ᠴᠤᠤ ᠲᠠᠢ ᠮᠠᠩᠯᠠᠢ ᠰᠢᠲᠠᠷᠠᠴᠢᠳ ᠴᠤᠯᠭᠤᠷᠠᠨ ᠭᠠᠷᠴᠤ ᠪᠠᠶᠢᠵᠠᠢ᠃ ᠭᠠᠨᠵᠤᠤᠷ | ᠴᠤᠭᠯᠠᠭᠠᠨ ᠪᠤᠯ ᠱᠠᠰᠢᠨ ᠤ ᠬᠤᠷᠠᠯ᠂ ᠠᠷᠠᠯᠵᠢᠶ᠎ᠠ ᠮᠠᠶᠢᠮᠠᠢ᠂ ᠡᠷ᠎ᠡ ᠶᠢᠨ ᠭᠤᠷᠪᠠᠨ ᠨᠠᠭᠠᠳᠤᠮ ᠵᠡᠷᠭᠡ ᠣᠨᠴᠠᠯᠢᠭ ᠢ ᠤᠶᠠᠯᠳᠤᠭᠤᠯᠤᠭᠰᠠᠨ ᠤᠷᠤᠰ᠂ ᠬᠠᠯᠬ᠎ᠠ᠂ | ᠦᠵᠦᠮᠦᠴᠢᠨ᠂ ᠪᠣᠳᠬᠠ ᠶᠢᠨ ᠳᠠᠭᠤᠷᠴᠤᠳ ᠪᠣᠯᠣᠨ ᠤᠯᠠᠨ ᠭᠠᠵᠠᠷ ᠤᠨ ᠠᠷᠠᠯᠵᠢᠶᠠᠴᠢᠳ ᠴᠤᠭᠯᠠᠷᠠᠭᠰᠠᠨ ᠶᠡᠭᠡ ᠴᠤᠭᠯᠠᠭᠠᠨ ᠪᠤᠯᠤᠨ᠎ᠠ᠃ | | ᠨᠣᠮ ᠵᠥᠢ᠄ ᠴᠤ᠋ · ᠳᠤᠭᠠᠷᠵᠠᠪ ᠡᠮᠬᠢᠳᠬᠡᠨ ᠨᠠᠶᠢᠷᠠᠭᠤᠯᠪᠠ᠄ ︽ᠪᠠᠷᠭᠤ ᠵᠠᠩ ᠦᠢᠯᠡ︾ ︵ᠪᠠᠷᠭᠤ ᠰᠣᠶᠤᠯ ᠤᠨ ᠴᠤᠪᠤᠷᠠᠯ ᠪᠢᠴᠢᠭ 3︶᠂ ︵ᠥᠪᠦᠷ | ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ︶ 2004 ᠣᠨ︔ | |