︽ᠠᠯᠳ᠋ᠬᠠᠮᠡᠭᠡᠯ︾ ᠭᠡᠬᠦ ᠨᠡᠷ᠎ᠡ ᠶᠢᠨ ᠢᠷᠡᠯᠲᠡ ᠶᠢᠨ ᠲᠤᠬᠠᠢ ᠡᠷᠲᠡᠨ ᠠᠴᠠ ᠡᠳᠦᠭᠡ ᠪᠣᠯᠲᠠᠯ᠎ᠠ ᠮᠣᠩᠭᠤᠯ ᠦᠨᠳᠦᠰᠦᠲᠡᠨ ᠤ ᠮᠠᠯᠴᠢᠳ ᠤᠨ ᠳᠤᠮᠳᠠ ᠤᠯᠠᠨ | ᠵᠦᠢᠯ ᠤᠨ ᠰᠣᠨᠢᠨ ᠰᠠᠶᠢᠬᠠᠨ ᠦᠯᠢᠭᠡᠷ ᠳᠤᠮᠤᠭ ᠤᠯᠠᠮᠵᠢᠯᠠᠭᠳᠠᠨ ᠶᠠᠷᠢᠭᠳᠠᠭᠰᠠᠭᠠᠷ ᠢᠷᠡᠪᠡ᠃ ᠲᠤᠬᠠᠢ ᠶᠢᠨ ᠦᠶ᠎ᠡ ᠳᠤ ᠲᠡᠭᠷᠢ ᠶᠢᠨ ᠬᠦᠪᠡᠬᠦᠨ ᠴᠢᠩᠬᠢᠰ ᠬᠠᠭᠠᠨ᠂ | ᠲᠠᠲ᠋ᠠᠷ ᠠᠶᠢᠮᠠᠭ ᠲᠠᠢ ᠪᠠᠶᠢᠯᠳᠤᠭᠠᠳ ᠬᠡᠷᠦᠯᠦᠨ ᠭᠤᠣᠯ ᠢ ᠭᠠᠲᠤᠯᠬᠤ ᠦᠶ᠎ᠡ ᠳᠤ ᠲᠡᠭᠦᠨ ᠤ ᠶᠡᠭᠡ ᠳᠡᠬᠦᠦ ᠬᠠᠰᠠᠷ ᠨᠢ ᠬᠦᠮᠦᠨ ᠮᠣᠷᠢ ᠲᠠᠢ ᠪᠠᠨ ᠭᠤᠣᠯ ᠤᠨ | ᠣᠰᠣᠨ ᠳᠤ ᠵᠢᠪᠴᠦ ᠭᠡᠨ᠎ᠡ᠃ ᠬᠠᠰᠠᠷ ᠮᠣᠷᠢᠨ ᠤ ᠪᠠᠨ ᠰᠡᠭᠦᠯ ᠠᠴᠠ ᠴᠢᠷᠴᠦ ᠭᠤᠣᠯ ᠤᠨ ᠡᠷᠭᠢ ᠳᠤ ᠭᠠᠷᠬᠤ ᠳᠤ ᠡᠮᠡᠭᠡᠯ ᠨᠢ ᠠᠯᠠᠭ᠎ᠠ ᠪᠣᠯᠣᠭᠰᠠᠨ ᠭᠡᠨ᠎ᠡ᠃ ᠲᠡᠭᠷᠢ | ᠶᠢᠨ ᠬᠦᠪᠡᠭᠦᠨ ᠴᠢᠩᠬᠢᠰ ᠬᠠᠭᠠᠨ ᠲᠡᠮᠦᠵᠢᠨ ᠵᠠᠩᠵᠤᠨ ᠴᠡᠷᠢᠭ ᠲᠣᠮᠢᠯᠠᠵᠤ ᠬᠡᠷᠦᠯᠦᠨ ᠭᠤᠣᠯ ᠤᠨ ᠡᠷᠭᠢ ᠳᠠᠭᠠᠤ ᠡᠷᠢᠵᠦ ᠶᠠᠪᠤᠭᠰᠠᠭᠠᠷ ᠤᠳᠤ ᠶᠢᠨ ᠰᠢᠨ᠎ᠡ ᠪᠠᠷᠭᠤ | ᠪᠠᠷᠠᠭᠤᠨ ᠬᠤᠰᠢᠭᠤᠨ ᠤ ᠰᠠᠶᠢᠬᠠᠨᠲᠠᠯ᠎ᠠ ᠰᠤᠮᠤᠨ ᠤ ᠵᠡᠭᠦᠨᠲᠡᠢ ᠴᠠᠭᠠᠨ ᠨᠠᠭᠤᠷ ᠤᠨ ᠳᠡᠷᠭᠡᠳᠡ ᠠᠴᠠ ᠲᠥᠷᠦᠭᠡ ᠶᠢ ᠨᠢ ᠣᠯᠣᠭᠰᠠᠨ ᠭᠡᠨ᠎ᠡ᠃ ᠡᠶᠢᠮᠦ ᠠᠴᠠ ᠡᠨᠡ | ᠨᠠᠭᠤᠷ ᠢ ︽ᠲᠥᠷᠦᠭᠡ ᠴᠠᠭᠠᠠᠨ ᠨᠠᠭᠤᠷ︾ ᠭᠡᠵᠦ ᠨᠡᠷᠡᠯᠡᠭᠰᠡᠨ ᠭᠡᠨ᠎ᠡ᠃ ᠲᠡᠭᠷᠢ ᠶᠢᠨ ᠬᠦᠪᠡᠭᠦᠨ ᠴᠢᠩᠬᠢᠰ ᠬᠠᠭᠠᠨ ᠲᠡᠮᠦᠵᠢᠨ ᠤ ᠲᠣᠮᠢᠯᠠᠭᠰᠠᠨ ᠵᠠᠩᠵᠤᠨ ᠴᠡᠷᠢᠭ | ᠴᠠᠰᠢ ᠡᠷᠢᠵᠦ ᠶᠠᠪᠤᠭᠰᠠᠭᠠᠷ᠂ ᠤᠳᠤ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠲᠥᠪ — ᠠᠯᠳ᠋ᠬᠠᠮᠡᠭᠡᠯ ᠪᠠᠯᠭᠠᠰᠤ ᠶᠢᠨ ᠪᠠᠷᠠᠭᠤᠨ ᠬᠥᠬᠦᠷᠭᠡ ᠶᠢᠨ ᠳᠡᠷᠭᠡᠳᠡᠬᠢ | ᠠᠭᠤᠯᠠᠨ ᠤ ᠬᠤᠷᠮᠣᠢ ᠠᠴᠠ ᠬᠠᠰᠠᠷ ᠤᠨ ᠡᠮᠡᠭᠡᠯ ᠢ ᠨᠢ ᠣᠯᠣᠭᠰᠠᠨ ᠭᠡᠨ᠎ᠡ᠃ ᠡᠶᠢᠮᠦ ᠠᠴᠠ ᠡᠨᠡ ᠠᠭᠤᠯᠠ ᠶᠢ ︽ᠠᠯᠳ᠋ᠬᠠᠮᠡᠭᠡᠯ ᠠᠭᠤᠯᠠ︾ ᠬᠡᠮᠡᠨ ᠨᠡᠷᠡᠯᠡᠭᠰᠡᠨ ᠭᠡᠨ᠎ᠡ | ᠃ ᠡᠳᠦᠭᠡ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠲᠥᠪ — ᠠᠯᠳ᠋ᠬᠠᠮᠡᠭᠡᠯ ᠪᠠᠯᠭᠠᠰᠤ ᠶᠢ ᠳᠠᠷᠤᠢ ︽ᠠᠯᠳ᠋ᠬᠠᠮᠡᠭᠡᠯ ᠠᠭᠤᠯᠠ︾ ᠶᠢᠨ ᠨᠡᠷ᠎ᠡ ᠪᠠᠷ ᠠᠯᠳ᠋ᠬᠠᠮᠡᠭᠡᠯ | ᠪᠠᠯᠭᠠᠰᠤ ᠭᠡᠵᠦ ᠨᠡᠷᠡᠯᠡᠭᠰᠡᠨ ᠭᠡᠨ᠎ᠡ᠃ ᠡᠨᠡ ᠳᠤᠮᠤᠭ ᠦᠯᠢᠭᠡᠷ᠂ ᠡᠷᠲᠡᠨ ᠠᠴᠠ ᠡᠳᠦᠭᠡ ᠪᠣᠯᠲᠠᠯ᠎ᠠ ᠮᠣᠩᠭᠤᠯ ᠦᠨᠳᠦᠰᠦᠲᠡᠨ ᠤ ᠮᠠᠯᠴᠢᠨ ᠲᠦᠮᠡᠨ ᠤ ᠳᠤᠮᠳᠠ | ᠤᠯᠠᠮᠵᠢᠯᠠᠭᠳᠠᠨ ᠶᠠᠷᠢᠭᠳᠠᠭᠰᠠᠭᠠᠷ ᠪᠠᠶᠢᠨ᠎ᠠ᠃ | | | | | ᠰ᠊ · ᠬᠠᠷᠴᠠᠭ ᠡᠮᠬᠢᠳᠬᠡᠪᠡ | |