ᠡᠸᠡᠩᠬᠢ ᠬᠤᠰᠢᠭᠤᠨ ᠤ ᠲᠠᠤᠭᠡᠨ ᠲᠤᠷᠠᠰᠬᠠᠯᠳᠤ ᠭᠠᠵᠠᠷ — ᠲᠡᠡᠳᠡᠭᠡ ᠬᠤᠸᠠᠷᠠᠨ ᠵᠢᠴᠢ ᠹᠠᠨᠴᠠᠪᠤᠤ ᠶᠢᠨ ᠤᠡᠭᠭᠤᠨ
ᠨᠡᠶᠢᠲᠡᠯᠡᠭᠰᠡᠨ ᠴᠠᠭ᠄
2024/11/12
    ᠡᠸᠡᠩᠬᠢ ᠬᠤᠰᠢᠭᠤᠨ ᠤ ᠪᠠᠶᠠᠡᠳᠤᠬᠤᠢ ᠪᠠᠯᠭᠠᠰᠤ ᠠᠴᠠ ᠡᠮᠤᠨ᠎ᠠ ᠪᠠᠷᠤᠭ 5 ᠺᠢᠯᠤᠮᠧᠳ᠋ᠷ ᠤᠨ ᠵᠠᠢ ᠳᠤ ᠬᠠᠶᠢᠯᠠᠷ — ᠬᠠᠯᠠᠭᠤᠨ ᠷᠠᠰᠢᠶᠡᠨ ᠬᠦᠷᠬᠦ ᠵᠠᠰᠠᠮᠠᠯ ᠵᠠᠮ ᠤᠨ ᠪᠠᠷᠠᠭᠤᠡᠳᠠᠬᠢ ᠪᠢᠴᠢᠬᠠᠨ ᠲᠤᠪᠤᠷᠴᠠᠭ ᠲᠡᠭᠡᠷ᠎ᠠ ᠬᠤᠶᠡᠷ ᠴᠢᠯᠠᠭᠤᠨ ᠬᠦᠰᠢᠶ᠎ᠠ ᠪᠤᠢ᠄ ᠲᠠᠬᠦᠨ ᠤ ᠨᠢᠭᠡᠨ ᠳᠤ ︽ᠲᠡᠭᠷᠢ ᠭᠠᠵᠠᠷ ᠠᠭᠤᠯᠠ ᠤᠰᠤᠨ ᠤ ᠤᠯᠠᠨ ᠰᠠᠬᠢᠭᠤᠯᠰᠤᠨ ᠤ ᠪᠠᠶᠢᠷᠢ︾ ᠭᠡᠮᠡᠬᠦ ᠮᠠᠡᠵᠤ ᠪᠢᠴᠢᠭ ᠰᠠᠶᠢᠯᠤᠭᠡᠰᠤᠳᠡᠢ᠃ ᠡᠨᠡ ᠪᠤᠯ ᠲᠠᠭᠤᠷ ᠤᠨ ᠲᠡᠡᠳᠡᠭᠡ ︵登特科︶ ᠠᠶᠢᠯ ᠤᠨ ᠤᠡᠭᠭᠤᠨ ᠤ ᠤᠪᠤᠭ᠎ᠠ ᠪᠤᠯᠤᠨ᠎ᠠ᠃ ᠵᠢᠯ ᠪᠥᠷᠢ ᠪᠥᠬᠦ ᠠᠶᠢᠯ ᠤᠨ ᠡᠷᠡᠭᠳᠡᠢ ᠡᠮᠡᠭᠳᠡᠢ ᠬᠦᠭᠰᠢᠨ ᠵᠠᠯᠠᠭᠤ ᠪᠦᠬᠦᠳᠡᠭᠡᠷ ᠴᠤᠭᠯᠠᠷᠠᠵᠤ ᠲᠠᠬᠢᠯ ᠲᠠᠶᠢᠯᠭ᠎ᠠ ᠬᠢᠳᠡᠭ᠃ ᠨᠦᠬᠦᠭᠡ ᠨᠢᠭᠡᠨ ᠳᠤ ︽ᠬᠦᠯᠦᠨ ᠪᠤᠶᠢᠷ ᠭᠠᠵᠠᠷ ᠨᠡᠬᠦᠵᠤ ᠢᠷᠡᠭᠰᠡᠨ ᠲᠠᠭᠤᠷ ᠠᠭᠤᠯᠠ ᠤᠪᠤᠭᠳᠠᠨ ᠤ ᠲᠡᠭᠡᠳᠤᠰ ᠹᠠᠨᠴᠠᠪᠤᠤ ᠶᠢᠨ ᠤᠡᠭᠭᠤᠨ︾ ᠭᠡᠵᠤ ᠮᠤᠩᠭᠤᠯ ᠢᠶᠠᠷ ᠰᠠᠶᠢᠯᠥᠭᠰᠡᠨ ᠪᠠᠶᠢᠨ᠎ᠠ ︵1934 ᠤᠨ ᠳᠤ ᠬᠠᠶᠢᠯᠠᠷ ᠬᠤᠳᠠ ᠶᠢᠨ ᠪᠠᠷᠠᠭᠤᠨ ᠨᠠᠷᠠᠰᠤᠳᠤ ᠠᠭᠤᠯᠠᠨ ᠠᠴᠠ ᠶᠠᠫᠤᠨ ᠤ ᠠᠯᠪᠠᠳᠠᠯᠭ᠎ᠠ ᠪᠠᠷ ᠹᠠᠨᠴᠠᠪᠤᠤ ᠶᠢᠨ ᠤᠡᠭᠭᠤᠨ ᠢ ᠨᠡᠬᠦᠯᠭᠡᠭᠰᠡᠨ ︵ᠦᠶ᠎ᠠ ᠪᠠᠷ ᠪᠤᠰᠬᠠᠪᠡ︶᠃ ᠲᠤᠪᠤᠴᠠᠭ ᠤᠨ ᠡᠮᠤᠨ᠎ᠠ ᠪᠡ ᠵᠡᠬᠦᠨ ᠭᠡᠰᠡᠭ ᠢᠶᠠᠷ ᠤᠯᠠᠨ ᠪᠤᠯᠠᠰᠢ ᠲᠠᠢ᠃ ᠲᠠᠬᠦᠨ ᠤ ᠲᠤᠳᠤᠷ᠎ᠠ ᠪᠤᠷᠵᠢᠨ ᠴᠢᠯᠠᠭᠤᠨ ᠪᠠᠭᠠᠨ᠎ᠠ᠂ ᠰᠢᠷᠡᠭᠡ ᠪᠤᠯᠤᠨ ᠴᠢᠯᠠᠭᠤᠨ ᠬᠦᠰᠢᠶ᠎ᠠ ᠲᠠᠢ ᠨᠢᠭᠡᠨ ᠤᠡᠭᠭᠤᠨ ᠪᠤᠢ᠃ ᠰᠠᠶᠢᠯᠤᠮᠠᠯ ᠢ ᠮᠠᠰᠢ ᠨᠠᠷᠢᠨ ᠤᠷᠠᠯᠠᠵᠠᠢ᠃ ᠡᠨᠡ ᠨᠢ ᠹᠠᠨᠴᠠᠪᠤᠤ ︵范察布︶ ᠶᠢᠨ ᠲᠦᠷᠪᠡᠳᠤᠭᠡᠷ ᠦᠶ᠎ᠠ ᠶᠢᠨ ᠤᠮᠪᠤᠯᠤ ᠴᠡᠩᠰᠢᠩ᠂ ᠲᠦᠭᠡᠮᠡᠯ ᠡᠯᠪᠡᠰᠤ ᠶᠢᠨ ᠭᠤᠷᠪᠠᠳᠤᠭᠠᠷ ᠤᠨ ︵1853︶ ᠳᠤ ᠬᠠᠯᠠᠭᠤᠨ ᠷᠠᠰᠢᠶᠡᠨ ᠤ ᠮᠤᠳᠤᠨ ᠬᠠᠰᠢᠯᠭ᠎ᠠ ᠶᠢ ᠴᠢᠯᠠᠭᠤᠨ ᠬᠠᠰᠢᠯᠭ᠎ᠠ ᠪᠠᠷ ᠬᠠᠯᠠᠵᠤ ᠰᠠᠯᠪᠢᠨ ᠵᠠᠰᠠᠬᠤ ᠪᠤᠯᠤᠨ ᠴᠢᠯᠠᠭᠤᠨ ᠬᠦᠰᠢᠶ᠎ᠠ ᠪᠤᠰᠬᠠᠬᠤ ᠦᠶᠡᠰ᠂ ᠸᠡᠭᠵᠢᠩᠭᠡ ᠡᠴᠢᠭᠡ ᠳᠡᠭᠡᠨ ᠵᠠᠰᠠᠵᠤ ᠦᠢᠯᠡᠳᠥᠭᠰᠡᠨ ᠪᠠᠶᠢᠵᠠᠢ᠃     ᠲᠠᠭᠤᠷ ᠤᠨ ᠠᠭᠤᠯᠠ ᠤᠪᠤᠭᠳᠠᠨ ᠤ ᠲᠤᠭᠤᠷᠢ ᠶᠢᠨ ᠲᠠᠮᠳᠡᠭᠯᠡᠯ ᠢ ᠦᠡᠳᠤᠰᠤᠯᠡᠪᠡᠯ᠄ ᠬᠦᠯᠢᠷᠭᠡᠨ ︵ᠲᠡᠭᠡᠳᠤ ᠡᠷᠳᠡᠮᠳᠤ ᠶᠢᠨ 1636 — 1643 ᠤᠨ᠎ᠠ ᠮᠦᠭᠳᠡᠨ ᠬᠤᠳᠠᠨ ᠳᠤ ᠲᠠᠭᠠᠵᠠᠢ︶ ᠬᠤᠯᠤᠡᠴᠠ ᠡᠪᠦᠭᠡ ᠶᠢᠨ 8 ᠳ᠋ᠤᠭᠠᠷ ᠦᠶ᠎ᠠ ᠶᠢᠨ ᠵᠢᠴᠢᠡᠴᠢᠷ ᠤᠮᠪᠤᠯᠤ ᠹᠠᠨᠴᠠᠪᠤᠤ᠂ ᠤᠭ ᠨᠤᠳᠤᠭ ᠪᠤᠳᠬ᠎ᠠ ︵布特 哈 ᠨᠤᠨ ᠮᠦᠷᠡᠨ ᠲᠠᠭᠠᠤ ᠭᠠᠵᠠᠷ︶ ᠶᠢᠨ ᠲᠠᠡᠳᠡᠭᠡ ᠠᠶᠢᠯ ᠤᠨ ᠭᠠᠵᠠᠷ ᠠᠴᠠ᠂ ᠴᠢᠩ ᠤᠯᠤᠰ ᠤᠨ ᠨᠠᠶᠢᠷᠠᠯᠳᠤ ᠲᠥᠪ ᠤᠨ 10 ᠳ᠋ᠤᠭᠠᠷ ᠤᠨ ︵1732︶ ᠳᠤ ᠠᠩᠬ᠎ᠠ ᠲᠦᠷᠦᠬᠦᠨ ᠬᠦᠯᠦᠨ ᠪᠤᠶᠢᠷ ᠢ ᠰᠠᠷᠭᠡᠶᠢᠯᠡᠨ ᠰᠠᠬᠢᠬᠤ ᠪᠠᠷ ᠢᠷᠡᠭᠡᠳ ᠪᠢᠴᠢᠭ ᠤᠨ ᠲᠦᠰᠢᠮᠡᠯ ᠤᠨ ᠲᠤᠰᠢᠶᠠᠯᠳᠠᠨ ᠪᠠᠶᠢᠪᠡ᠃ ᠹᠠᠨᠴᠠᠪᠤᠤ ᠠᠬ᠎ᠠ ᠲᠠᠬᠦᠤ ᠵᠢᠷᠭᠤᠭ᠎ᠠ᠂ ᠲᠠᠬᠦᠨ ᠤ 1 ᠪᠡ 4 ᠳ᠋ᠤᠭᠡᠷ ᠲᠠᠬᠦᠤ ᠤᠳᠤᠪᠤᠤ᠂ ᠺᠠᠲ᠋ᠠᠢ ᠬᠤᠶᠡᠷ ᠪᠤᠳᠬ᠎ᠠ ᠳᠠᠭᠠᠨ ᠦᠯᠡᠳᠡᠵᠤ︔ 2᠂ 3᠂ 5 ᠳ᠋ᠤᠭᠠᠷ ᠲᠠᠬᠦᠤ — ᠲᠤᠡᠳᠤᠬᠤ᠂ ᠺᠠᠰᠺᠠ᠂ ᠭᠠᠨᠳᠠᠪᠤᠤ ᠲᠠᠬᠦᠤ ᠨᠢ 1763 ᠤᠨ᠎ᠠ ᠪᠠᠰᠠ ᠰᠢᠡᠵᠢᠶᠠᠩ ᠤᠨ ᠢᠯᠢ ᠳᠤ ᠬᠢᠯᠢ ᠰᠠᠷᠭᠡᠶᠢᠯᠡᠨ ᠰᠠᠬᠢᠬᠤ ᠪᠠᠷ ᠴᠡᠷᠢᠭ ᠲᠤ ᠶᠠᠪᠤᠵᠠᠢ᠃ ᠹᠠᠨᠴᠠᠪᠤᠤ᠂ ᠬᠦᠯᠦᠨ ᠪᠤᠶᠢᠷ ᠲᠤ ᠢᠷᠡᠭᠡᠳ ᠨᠢᠭᠡᠨᠳᠠ 282 ᠵᠢᠯ ︵1732 — 2014 ᠬᠦᠷᠳᠡᠯ᠎ᠠ︶ ᠪᠤᠯᠵᠤ᠂ ᠲᠠᠬᠦᠨ ᠤ ᠥᠷᠡᠳᠤᠰ ᠤᠨ ᠦᠶ᠎ᠠ ᠵᠠᠯᠭᠠᠮᠵᠢ 12 ᠦᠶ᠎ᠠ ᠪᠤᠯᠪᠡ᠃     ᠹᠠᠨᠴᠠᠪᠤᠤ᠂ ᠬᠦᠯᠦᠨ ᠪᠤᠶᠢᠷ ᠢ ᠰᠠᠷᠭᠡᠶᠢᠯᠡᠨ ᠨᠤᠳᠤᠭᠰᠢᠵᠤ ᠡᠭᠡ ᠤᠯᠤᠰ ᠤᠨ ᠢᠶᠠᠨ ᠪᠦᠯᠬᠦᠮᠳᠠᠯ ᠪᠡ ᠨᠢᠭᠡᠳᠤᠯ ᠳᠤ ᠪᠠᠯᠠᠷᠠᠰᠢ ᠦᠭᠡᠢ ᠭᠠᠪᠢᠶ᠎ᠠ ᠪᠠᠶᠢᠭᠤᠯᠪᠡ᠃ ᠲᠠᠬᠦᠨ ᠤ ᠦᠷᠡᠳᠤᠰ ᠴᠤ ᠡᠪᠦᠭᠡ ᠲᠠᠭᠡᠳᠤᠰ ᠤᠨ ᠢᠶᠠᠨ ᠬᠦᠰᠡᠯ ᠵᠤᠷᠢᠯᠳᠠ ᠶᠢ ᠬᠦᠰᠡᠷᠳᠡᠬᠦᠯᠦᠯ ᠦᠭᠡᠢ ᠪᠠᠷ ᠤᠯᠤᠰ ᠤᠷᠤᠨ ᠳᠠᠭᠠᠨ ᠵᠢᠳᠬᠦᠵᠤ᠂ ᠲᠦᠮᠡᠨ ᠠᠴᠠ ᠲᠠᠷᠢᠬᠦᠯᠡᠵᠤ ᠤᠯᠠᠨ ᠠᠴᠠ ᠤᠷᠦ᠋ᠢᠯᠠᠨ ᠴᠤᠯᠭᠤᠷᠠᠭᠰᠠᠨ ᠨᠠᠶᠢᠭᠡᠮ ᠨᠠᠶᠢᠳᠠ ᠳᠤ ᠨᠠᠷ᠎ᠠ ᠲᠦᠷᠤ ᠲᠠᠢ ᠬᠦᠮᠤᠰ ᠴᠦᠭᠡᠨ ᠪᠤᠰᠤ ᠭᠠᠷᠴᠠᠢ᠃ ᠲᠡᠳᠡᠭᠡᠷ ᠤᠨ ᠲᠤᠳᠤᠷ᠎ᠠ ᠠᠴᠠ ᠤᠯᠤᠰ ᠲᠥᠷᠥᠴᠢ᠂ ᠡᠷᠳᠡᠮᠳᠡᠨ ᠪᠢᠴᠢᠭᠳᠡᠨ ᠨᠠᠷ ᠠᠴᠠ ᠲᠤᠷᠠᠳᠪᠡᠯ᠄ ᠹᠠᠨᠴᠠᠪᠤᠤ ᠶᠢᠨ 4 ᠳ᠋ᠤᠭᠡᠷ ᠦᠶ᠎ᠠ ᠶᠢᠨ ᠴᠠᠩᠰᠢᠩ ᠤᠯᠤᠰ ᠲᠦᠷᠥᠴᠢ᠂ ᠡᠭᠡ ᠤᠷᠤᠡᠴᠢ ᠤᠯᠤᠰ ᠢᠶᠠᠨ ᠬᠠᠶᠢᠷᠠᠯᠠᠭᠴᠢ ᠰᠢᠯᠦᠭᠴᠢᠨ᠂ ᠲᠠᠬᠦᠨ ᠤ 6᠂ 7᠂ 8 ᠳ᠋ᠤᠭᠠᠷ ᠦᠶ᠎ᠠ ᠪᠤᠯᠬᠤ ᠲᠠᠭᠤᠷ ᠤᠨ ᠴᠡᠩᠳᠠ ᠬᠦᠡᠭ ︽ᠮᠤᠩᠭᠤᠯ ᠤᠨ ᠨᠢᠭᠤᠴᠠ ᠲᠤᠪᠴᠢᠶᠡᠨ︾ ᠢ ᠲᠠᠯᠡᠭᠡᠢ ᠲᠡᠭᠡᠷ᠎ᠡ ᠠᠩᠬ᠎ᠠ ᠲᠥᠷᠦᠬᠦᠨ ᠮᠤᠩᠭᠤᠯ ᠭᠡᠯᠡᠨ ᠳᠤ ᠤᠷᠴᠢᠭᠤᠯᠤᠭᠴᠢ᠂ ᠲᠡᠷᠡ ᠪᠠᠷ ᠠᠷᠤ ᠮᠤᠩᠭᠤᠯ ᠤᠨ ᠭᠠᠳᠠᠭᠠᠳᠤ ᠶᠠᠪᠤᠳᠠᠯ ᠤᠨ ᠶᠠᠮᠤᠨ ᠤ ᠲᠡᠳ᠋ ᠰᠠᠶᠢᠳ ᠪᠠᠶᠢᠭᠰᠠᠨ ᠪᠥᠭᠡᠳ ᠲᠠᠬᠦᠨ ᠤ ᠬᠦᠪᠡᠬᠦᠨ ᠡᠯᠳᠡᠡᠳᠡᠢ ᠪᠡ ᠤᠮᠪᠤᠯᠤ ᠬᠦᠤ ᠠᠷᠳᠠᠵᠠᠪ ᠨᠢ ᠭᠤᠷᠪᠡᠨ ᠦᠶ᠎ᠠ ᠪᠠᠷ ᠢᠶᠠᠨ ︽ᠮᠤᠩᠭᠤᠯ ᠤᠨ ᠨᠢᠭᠤᠴᠠ ᠲᠤᠪᠴᠢᠶᠡᠨ︾ ᠢ ᠰᠤᠳᠤᠯᠤᠭᠰᠠᠨ︔ ᠲᠠᠬᠦᠨ ᠤ 7 ᠳ᠋ᠤᠭᠠᠷ ᠦᠶ᠎ᠠ ᠹᠥᠮᠢᠡᠳᠠᠢ ︵福明泰︶ ᠤᠷᠤᠰ ᠤᠨ ᠠᠷᠪᠡᠨ ᠰᠠᠷ᠎ᠠ ᠶᠢᠨ ᠬᠤᠪᠢᠰᠬᠠᠯ ᠤᠨ ᠨᠦᠯᠦᠭᠡ ᠪᠠᠷ ᠮᠤᠰᠺᠧᠨ ᠶᠢᠨ ᠲᠤᠷᠤᠨᠡᠳᠡᠬᠢᠨ ᠤ ᠶᠡᠭᠡ ᠰᠤᠷᠭᠠᠭᠤᠯᠢ ᠳᠤ ᠰᠤᠷᠤᠯᠴᠠᠵᠤ᠂ ᠪᠡᠭᠡᠵᠢᠩ ᠳᠤ ︽5 · 4︾ ᠤ ᠤᠯᠤᠰ ᠢᠶᠠᠨ ᠬᠠᠶᠢᠷᠠᠯᠠᠬᠤ ᠬᠦᠳᠡᠯᠭᠡᠭᠡᠨ ᠳᠤ ᠢᠳᠡᠪᠬᠢᠳᠡᠢ ᠪᠠᠷ ᠤᠷᠤᠯᠴᠠᠭᠰᠠᠨ᠃ 1929 ᠤᠨ ᠳᠤ ᠹᠥᠮᠢᠡᠳᠠᠢ᠂ ᠶᠥᠨ ᠷᠥᠨ ᠪᠡ ᠴᠠᠭᠠᠡᠯᠠᠮ᠎ᠠ ᠭᠤᠷᠪᠠᠭᠤᠯᠠ ᠦᠪᠤᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠭᠤᠷᠪᠡᠨ ᠬᠦᠮᠤᠨ ᠤ ᠲᠤᠭᠤᠢᠢᠯᠠᠩ ᠢᠶᠠᠷ ᠪᠦᠬᠦᠳᠠ ᠨᠠᠶᠢᠷᠠᠮᠳᠠᠬᠤ ᠮᠤᠩᠭᠤᠯ ᠠᠷᠠᠳ ᠤᠯᠤᠰ ᠲᠤ ᠲᠤᠮᠢᠯᠠᠭᠳᠠᠵᠤ ᠰᠠᠭᠤᠭᠰᠠᠨ︔ ᠪᠠᠰᠠ 1929 . 9 ᠰᠠᠷ᠎ᠠ ᠳᠤ ᠲᠠᠷᠡ ᠤᠷᠳᠤᠰ ᠤᠨ ᠦᠰᠢᠨ ᠬᠤᠰᠢᠭᠤᠨ ᠤ ᠬᠤᠪᠢᠰᠬᠠᠯ ᠢ ᠤᠳᠤᠷᠢᠳᠤᠭᠰᠠᠨ︔ ᠴᠠᠭᠠᠡᠯᠠᠮ᠎ᠠ ︵ᠲᠤᠰ ᠬᠦᠮᠤᠨ ᠤ ᠲᠦᠷᠥᠭᠰᠡᠨ ᠠᠪᠠᠭ᠎ᠠ — ᠵᠤᠬᠢᠶᠠᠭᠴᠢ ᠶᠢᠨ︶ ᠴᠤ᠂ ᠹᠠᠨᠴᠠᠪᠤᠤ ᠶᠢᠨ 8 ᠳ᠋ᠤᠭᠠᠷ ᠦᠶ᠎ᠠ ᠶᠢᠨ ᠵᠢᠴᠢᠡᠴᠢᠷ᠃ ᠹᠥᠮᠢᠡᠳᠡᠢ ᠶᠢᠨ ᠲᠥᠷᠥᠭᠰᠡᠨ ᠲᠠᠬᠦᠤ — ᠬᠤᠸᠠᠯᠢᠡᠳᠠᠢ ︵华霖 泰︶ ᠤᠷᠤᠰ ᠭᠡᠯᠡᠨ᠎ᠠ ᠭᠠᠷᠮᠠᠭᠠᠢ᠂ ᠶᠠᠫᠤᠨ ᠤ ᠸᠠᠰᠢᠳᠠ ︵早稻田︶ ᠶᠡᠭᠡ ᠰᠤᠷᠭᠠᠭᠤᠯᠢ ᠠᠴᠠ ᠲᠠᠬᠦᠰᠤᠭᠡᠳ ᠦᠪᠤᠷ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠪᠠᠶᠢᠭᠤᠯᠤᠭᠳᠠᠬᠤ ᠶᠡᠭᠡ ᠬᠤᠷᠠᠯ ᠳᠤ ᠤᠷᠤᠯᠴᠠᠭᠰᠠᠨ︔ ᠹᠸᠡᠭ ᠢᠤᠢ ᠰᠢᠶᠠᠩ ᠵᠠᠩᠵᠤᠨ ᠤ ᠲᠦᠯᠦᠭᠡᠯᠡᠭᠴᠢ ᠪᠠᠷ ᠤᠯᠠᠭᠠᠡᠪᠠᠭᠠᠳᠤᠷ ᠲᠤ ᠰᠠᠭᠤᠭᠰᠠᠨ︔ ᠯᠢᠩᠱᠸᠡᠩ ᠮᠤᠵᠢ ᠶᠢᠨ ᠲᠠᠷᠤᠭ᠎ᠠ ᠶᠢᠨ ᠶᠠᠫᠤᠨ ᠭᠡᠯᠡᠨ ᠤ ᠤᠷᠴᠢᠭᠤᠯᠤᠭᠴᠢ ᠪᠠᠶᠢᠭᠰᠠᠨ᠃ ᠬᠦᠯᠦᠨ ᠪᠤᠶᠢᠷ ᠲᠤ ᠠᠯᠳᠠᠷᠰᠢᠭᠰᠠᠨ ᠹᠠᠨᠴᠠᠪᠤᠤ ᠶᠢᠨ 7 ᠳ᠋ᠤᠭᠠᠷ ᠦᠶ᠎ᠠ ᠶᠢᠨ ᠵᠢᠴᠢᠡᠴᠢᠷ ᠤᠮᠪᠤᠯᠤ ᠰᠤᠪᠤᠳ ︵松贤︶᠂ ᠮᠸᠡᠭ ᠰᠢᠶᠡᠨ ︵孟贤︶ ᠪᠡ 8 ᠳ᠋ᠤᠭᠠᠷ ᠦᠶ᠎ᠠ ᠶᠢᠨ ᠵᠢᠴᠢᠡᠴᠢᠷ ᠤᠮᠪᠤᠯᠤ ᠷᠧᠨ ᠰᠢᠶᠡᠨ ︵任贤︶᠂ ᠬᠠᠢ ᠷᠥᠢ ︵海瑞︶ ᠪᠤᠯᠤᠨ ᠬᠦᠢ ᠷᠥᠢ ︵桂瑞︶ ᠵᠡᠷᠭᠡ 5 ᠦᠬᠢᠨ 1926 ᠤᠨ ᠳᠤ ᠮᠤᠰᠺᠧᠨ ᠶᠢᠨ ᠲᠤᠷᠤᠨᠡᠳᠡᠬᠢᠨ ᠤ ᠶᠡᠭᠡ ᠰᠤᠷᠭᠠᠭᠤᠯᠢ ᠳᠤ ᠤᠴᠢᠵᠤ ᠰᠤᠷᠤᠯᠴᠠᠵᠠᠢ᠃ ᠬᠤᠵᠢᠮ ᠨᠢ ᠤᠯᠠᠭᠠᠡᠪᠠᠭᠠᠳᠤᠷ᠂ ᠦᠪᠤᠷ ᠮᠤᠩᠭᠤᠯ ᠤᠨ ᠠᠳᠠᠯᠢ ᠪᠤᠰᠤ ᠭᠠᠵᠠᠷ ᠤᠨ ᠨᠢᠭᠤᠴᠠ ᠬᠤᠪᠢᠰᠬᠠᠯ ᠤᠨ ᠠᠵᠢᠯ ᠳᠤ ᠤᠷᠤᠯᠴᠠᠪᠡ᠃ ᠠᠳᠠ ᠲᠤᠷᠠᠳᠬᠤ ᠨᠢ ᠲᠦᠪ ᠤᠨ ᠲᠧᠯᠸᠢᠰ ᠬᠤᠷᠢᠶ᠎ᠠ ᠠᠴᠠ ᠴᠠᠩᠰᠢᠩ ᠬᠢᠭᠡᠳ ᠬᠠᠢ ᠷᠥᠢ ᠶᠢᠨ ᠦᠢᠯᠡ ᠶᠠᠪᠤᠳᠠᠯ ᠢ ᠲᠤᠰᠬᠠᠢᠢᠯᠠᠨ ᠨᠠᠪᠳᠡᠷᠡᠬᠦᠯᠵᠤ ᠦᠡᠭᠭᠡᠷᠡᠭᠰᠡᠨ ᠶᠤᠮ᠃ ᠪᠠᠰᠠ ᠹᠠᠨᠴᠠᠪᠤᠤ ᠲᠠᠭᠡᠳᠤᠰ ᠤᠨ 5 ᠳ᠋ᠤᠭᠠᠷ ᠦᠶ᠎ᠠ ᠶᠢᠨ ᠤᠮᠪᠤᠯᠤ ᠮᠦᠡᠭᠭᠡᠨᠡᠰᠤᠳᠤ᠂ ᠪᠥᠷᠢᠨ ᠵᠠᠰᠠᠭᠴᠢ ᠬᠢᠭᠡᠳ ᠪᠠᠳᠠᠷᠠᠭᠤᠯᠳᠤ ᠲᠦᠷᠤ ᠶᠢᠨ ᠦᠶ᠎ᠠ ᠳᠤ ᠬᠠᠭᠠᠨ ᠤ ᠤᠷᠳᠤᠨ ᠤ ᠴᠢᠶᠡᠨ ᠴᠢᠩ ᠮᠧᠨ ︵乾清门︶ ᠬᠠᠭᠠᠯᠭ᠎ᠠ ᠶᠢᠨ 2 ᠳ᠋ᠤᠭᠠᠷ ᠲᠡᠰ ᠤᠨ ᠬᠢᠶ᠎ᠠ ᠪᠠᠶᠢᠵᠠᠢ᠃ ᠲᠡᠭᠡᠷᠡᠬᠢ ᠲᠠᠤᠭᠡᠳᠤ ᠨᠡᠷᠡᠳᠤ ᠬᠦᠮᠤᠰ ᠤᠨ ᠤᠢᠢᠯᠠ ᠠᠵᠢᠯᠯᠠᠭ᠎ᠠ ᠬᠢᠭᠡᠳ ᠲᠡᠤᠭᠡᠨ ᠶᠠᠪᠤᠳᠠᠯ ᠨᠢ ᠬᠦᠯᠦᠨ ᠪᠤᠶᠢᠷ ᠤᠨ ᠲᠡᠤᠭᠡ ᠰᠤᠶᠤᠯ᠂ ᠲᠤᠬᠠᠢ ᠶᠢᠨ ᠨᠠᠶᠢᠭᠡᠮ ᠤᠨ ᠪᠠᠶᠢᠭᠤᠯᠤᠯ ᠪᠤᠯᠤᠨ ᠤᠷᠤᠰᠢᠭᠤᠯᠭ᠎ᠠ ᠶᠢᠨ ᠭᠡᠯᠪᠡᠷᠢ ᠵᠡᠷᠭᠡ ᠶᠢ ᠰᠤᠳᠤᠯᠬᠤ ᠳᠤ ᠦᠨ᠎ᠠ ᠴᠠᠨ᠎ᠠ ᠲᠠᠢ᠂ ᠲᠠᠤᠭᠡᠨ ᠪᠠᠷᠢᠮᠳᠠᠳᠤ ᠲᠤᠷᠠᠰᠬᠠᠯᠳᠤ ᠵᠦᠢᠯᠡᠰ ᠪᠤᠯᠤᠭᠰᠠᠨ ᠶᠤᠮ᠃ ᠡᠶᠢᠮᠤ ᠠᠴᠠ ᠡᠸᠡᠩᠬᠢ ᠦᠡᠳᠤᠰᠤᠳᠡᠨ ᠤ ᠦᠪᠡᠷᠳᠡᠭᠡᠨ ᠵᠠᠰᠠᠬᠤ ᠬᠤᠰᠢᠭᠤᠨ ᠤ ᠵᠠᠰᠠᠭ ᠤᠨ ᠤᠷᠳᠤᠨ ᠠᠴᠠ᠂ ᠡᠨᠡᠬᠦ ᠲᠡᠡᠳᠡᠭᠡ ᠠᠶᠢᠯ ᠤᠨ ᠤᠡᠭᠭᠤᠨ ᠤ ᠭᠠᠵᠠᠷ ᠢ ︽ᠬᠤᠰᠢᠭᠤᠨ ᠲᠡᠰ ᠤᠨ ᠲᠡᠤᠭᠡ ᠶᠢᠨ ᠲᠤᠷᠠᠰᠬᠠᠯᠳᠤ ᠵᠦᠢᠯ ᠤᠨ ᠭᠤᠤᠯᠳᠠᠯᠭᠠᠳᠤ ᠬᠠᠮᠠᠭᠠᠯᠠᠯᠳᠠ ᠶᠢᠨ ᠨᠢᠭᠡᠴᠡ︾ ᠭᠡᠮᠡᠨ ᠲᠤᠭᠳᠠᠪᠡ᠃ ᠰᠢᠶ᠋ᠢᠪᠳᠤᠷᠭᠡᠨ ᠬᠦᠯᠦᠨ ᠪᠤᠶᠢᠷ ᠤᠨ ᠡᠳᠤᠷ ᠤᠨ ᠰᠤᠨᠢᠨ ︵ᠬᠢᠳᠡᠳ ᠭᠡᠪᠯᠡᠯ︶ ᠪᠡ ᠲᠤᠤᠷ ᠰᠦᠯᠵᠢᠶᠡᠨ ᠳᠤ ︵2014. 8. 7︶ ᠮᠦᠨ ᠲᠤᠰ ᠪᠤᠩᠬᠤᠨ ᠠᠴᠠ ᠭᠡᠰᠡᠭ ᠲᠠᠤᠭᠡ ᠶᠢᠨ ᠲᠤᠷᠠᠰᠬᠠᠯᠳᠤ ᠵᠦᠢᠯᠡᠰ ᠢ ᠢᠯᠡᠷᠡᠬᠦᠯᠦᠭᠰᠡᠨ ᠢ ᠮᠡᠳᠡᠭᠡᠯᠡᠵᠠᠢ᠃ ᠡᠨᠡ ᠨᠢ ᠲᠠᠳᠤᠢ ᠪᠥᠷᠢᠨ ᠪᠤᠰᠤ ᠲᠤᠯᠠ ︵2013. 10. 26 — 2014. 6. 7︶ ᠤ ᠡᠳᠤᠷ ᠬᠦᠷᠳᠡᠯ᠎ᠠ ᠪᠤᠩᠬᠤᠨ ᠠᠴᠠ ᠮᠠᠯᠳᠠᠵᠤ ᠭᠠᠷᠭᠠᠭᠰᠠᠨ ᠪᠤᠰᠤᠳ ᠲᠠᠤᠭᠡ ᠶᠢᠨ ᠲᠤᠷᠠᠰᠬᠠᠯᠳᠤ ᠵᠦᠢᠯᠡᠰ ᠤᠨ ᠲᠤᠬᠠᠢ — ᠲᠤᠰᠬᠠᠢ ᠭᠡᠷᠡᠯ ᠵᠢᠷᠤᠭ ᠲᠠᠢ ᠨᠢᠭᠡᠨ ᠨᠠᠷᠢᠨ ᠬᠦᠡᠵᠡᠭᠡᠢ ᠦᠬᠦᠯᠡᠯ ᠪᠢᠴᠢᠵᠤ ᠨᠠᠶᠢᠳᠡᠯᠡᠵᠤ ᠪᠠᠶᠢᠭ᠎ᠠ ᠮᠢᠨᠢ ᠡᠨᠡ ᠪᠢᠯᠡ᠃
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ