ᠤᠷᠤᠰ ᠴᠡᠷᠢᠭ ᠬᠠᠭᠤᠴᠢᠨ ᠪᠠᠷᠭᠤ ᠶᠢᠨ ᠮᠠᠯ ᠢ ᠲᠠᠭᠤᠭᠰᠠᠨ ᠤᠴᠢᠷ ᠰᠢᠯᠳᠠᠭᠠᠨ
ᠨᠡᠶᠢᠲᠡᠯᠡᠭᠰᠡᠨ ᠴᠠᠭ᠄
2024/11/12
    1945 ᠤᠨ ᠤ ᠨᠠᠢᠮᠠᠨ ᠰᠠᠷ᠎ᠠ ᠳᠤ ᠶᠠᠫᠤᠨ ᠡᠵᠡᠷᠭᠡᠭ ᠲᠦᠷᠢᠮᠡᠬᠡᠶᠢᠳᠡᠨ ᠪᠠᠭᠤᠵᠤ ᠦᠭᠭᠦ ᠠᠴᠠ ᠡᠮᠤᠨ᠎ᠠ᠂ ᠬᠠᠭᠤᠴᠢᠨ ᠪᠠᠷᠭᠤ ᠬᠤᠰᠢᠭᠤ ᠴᠤᠬᠤᠮ ᠬᠡᠴᠢᠨᠠᠨ ᠮᠠᠯ ᠲᠠᠢ ᠪᠠᠶᠢᠬᠰᠠᠨ ᠲᠤᠬᠠᠢ ᠡᠳᠤᠬᠡ ᠬᠦᠷᠳᠡᠯ᠎ᠠ ᠦᠨᠡᠨ ᠪᠤᠳᠠᠳᠠᠢ ᠲᠤᠭ᠎ᠠ ᠪᠦᠷᠢᠳᠬᠡᠯ ᠬᠡᠵᠤ ᠦᠬᠡᠢ᠃ ᠬᠠᠭᠤᠷᠮᠠᠭ ᠮᠠᠨᠵᠤ ᠤᠯᠤᠰ ᠤᠨ ᠦᠶ᠎ᠠ ᠳᠤ ᠬᠠᠭᠤᠴᠢᠨ ᠪᠠᠷᠭᠤ ᠬᠤᠰᠢᠭᠤ ᠶᠠᠮᠤᠨ ᠤ ᠡᠳ᠋ ᠤᠨ ᠵᠠᠰᠠᠭ ᠤᠨ ᠲᠠᠰᠤᠭ ᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠵᠤ ᠦᠡᠭᠭᠡᠷᠡᠭᠰᠡᠨ ᠱᠠᠰᠢ ᠨᠡᠰᠤᠳᠠᠨ ᠤ ᠡᠷᠬᠢᠴᠡᠬᠦᠯᠦᠨ ᠬᠡᠯᠡᠭᠰᠡᠨ ᠢᠶᠠᠷ ᠶᠠᠫᠤᠨ ᠰᠦᠢᠷᠡᠬᠦ ᠠᠴᠠ ᠡᠮᠤᠨ᠎ᠠ᠂ ᠬᠠᠭᠤᠴᠢᠨ ᠪᠠᠷᠭᠤ ᠬᠤᠰᠢᠭᠤ 42 ᠲᠦᠮᠡᠨ ᠲᠤᠯᠤᠭᠠᠢ ᠮᠠᠯ ᠲᠠᠢ ᠪᠠᠶᠢᠭᠰᠠᠨ ᠬᠡᠨ᠎ᠠ᠃ ᠬᠠᠭᠤᠷᠮᠠᠭ ᠮᠠᠨᠵᠤ ᠶᠢᠨ ᠦᠶ᠎ᠠ ᠳᠤ ᠬᠠᠭᠤᠴᠢᠨ ᠪᠠᠷᠭᠤ ᠬᠤᠰᠢᠭᠤᠨ ᠳᠤ ᠬᠤᠶᠠᠳᠠᠭᠴᠢ ᠬᠤᠰᠢᠭᠤᠨ ᠲᠠᠷᠤᠭ᠎ᠠ ᠶᠢᠨ ᠲᠤᠰᠢᠶᠠᠯ ᠢ ᠡᠬᠦᠷᠬᠡᠯᠡᠭᠰᠡᠨ ᠫᠢᠡᠭ ᠹᠦ᠋ ᠭᠤᠸᠠᠢ ᠴᠢᠯᠦᠭᠡᠯᠡᠭᠳᠡᠭᠰᠡᠨ ᠤ ᠲᠠᠷᠠᠭ᠎ᠠ ᠡᠷᠭᠢᠴᠡᠭᠦᠯᠦᠰᠡᠨ ᠢᠶᠠᠷ ᠬᠠᠭᠤᠴᠢᠨ ᠪᠠᠷᠭᠤ ᠬᠤᠰᠢᠭᠤ 1939 ᠤᠨ ᠤ ᠦᠶ᠎ᠠ ᠳᠤ 39 ᠲᠦᠮᠡᠨ ᠲᠤᠯᠤᠭᠠᠢ ᠮᠠᠯ ᠲᠠᠢ ᠪᠠᠶᠢᠵᠡᠢ ᠭᠡᠨ᠎ᠠ᠃ ᠴᠢᠯᠦᠭᠡᠯᠡᠭᠳᠡᠭᠰᠡᠨ ᠤ ᠲᠠᠷᠠᠭ᠎ᠠ᠂ ᠬᠦᠯᠦᠨ ᠪᠤᠶᠢᠷ ᠠᠶᠢᠮᠠᠭ ᠤᠨ ᠲᠦᠯᠦᠪᠯᠡᠭᠡ ᠶᠢᠨ ᠺᠤᠮᠢᠰ ᠠᠴᠠ ᠨᠠᠶᠢᠷᠠᠭᠤᠯᠤᠭᠰᠠᠨ ︽1946 ᠤᠨ ᠠᠴᠠ 1958 ᠤᠨ ᠬᠦᠷᠳᠡᠯᠡᠬᠢ ᠤᠯᠤᠰ ᠠᠷᠠᠳ ᠤᠨ ᠠᠵᠤ ᠠᠬᠤᠢ ᠶᠢᠨ ᠲᠤᠭ᠎ᠠ ᠪᠦᠷᠢᠳᠬᠡᠯ︾ ᠤᠨ ᠮᠡᠲ᠋ᠧᠷᠢᠶᠠᠯ ᠢ ᠦᠨᠳᠤᠰᠤᠯᠠᠪᠠᠯ᠂ ᠶᠠᠫᠤᠨ ᠪᠠᠭᠤᠵᠤ ᠦᠭᠭᠦ ᠦᠶ᠎ᠠ ᠳᠤ ᠬᠠᠭᠤᠴᠢᠨ ᠪᠠᠷᠭᠤ ᠬᠤᠰᠢᠭᠤᠨ ᠳᠤ 199,354 ᠲᠤᠯᠤᠭᠠᠢ ᠮᠠᠯ ᠪᠠᠶᠢᠬᠰᠠᠨ ᠲᠡᠮᠳᠡᠭᠯᠡᠯ ᠲᠠᠢ ᠶᠤᠮ᠃ ᠬᠡᠳᠡᠯ᠎ᠠ 1945 ᠤᠨ ᠤ 8 ᠰᠠᠷ᠎ᠠ ᠳᠤ ᠵᠦᠪᠯᠡᠯᠳᠤ ᠶᠢᠨ ᠤᠯᠠᠭᠠᠨ ᠴᠡᠷᠢᠭ ᠵᠠᠫᠤᠨ ᠤ ᠡᠵᠡᠷᠭᠡᠭ ᠲᠦᠷᠢᠮᠡᠬᠡᠶᠢᠳᠡᠨ ᠳᠤ ᠲᠠᠶᠢᠨ ᠵᠠᠷᠯᠠᠵᠤ᠂ ᠮᠠᠨ ᠤ ᠬᠦᠯᠦᠨ ᠪᠤᠶᠢᠷ ᠤᠷᠤᠨ ᠲᠠᠶᠢᠨ ᠤ ᠬᠦᠯ ᠳᠤ ᠲᠠᠭᠠᠷᠢᠭᠳᠠᠭᠠᠳ᠂ ᠬᠠᠭᠤᠴᠢᠨ ᠪᠠᠷᠭᠤ ᠬᠤᠰᠢᠭᠤᠨ ᠤ ᠪᠤᠢ ᠪᠦᠬᠦᠢ ᠮᠠᠯ ᠨᠢ ᠰᠦᠢᠳᠴᠤ ᠬᠤᠬᠢᠷᠠᠪᠠ ︵ᠵᠡᠷᠢᠮ ᠲᠡᠮᠳᠡᠭᠯᠡᠯ ᠳᠤ ᠤᠷᠤᠰ ᠴᠡᠷᠢᠭ 35 ᠲᠦᠮᠡᠨ ᠮᠠᠯ ᠢ ᠲᠠᠭᠤᠵᠤ ᠰᠦᠢᠳᠬᠡᠪᠡ ᠭᠡᠵᠤ ᠪᠤᠢ︶᠃     ᠡᠨᠡ ᠨᠢ ᠲᠠᠶᠢᠨ ᠲᠠᠵᠢᠨ ᠠᠴᠠ ᠪᠤᠯᠤᠭᠰᠠᠨ ᠰᠢᠯᠳᠠᠭᠠᠨ ᠪᠠᠶᠢᠬᠤ ᠪᠤᠯᠪᠠᠴᠤ ᠨᠦᠬᠦᠬᠡ ᠲᠠᠯ᠎ᠠ ᠪᠠᠷ ᠲᠤᠬᠠᠢ ᠶᠢᠨ ᠦᠶ᠎ᠠ ᠳᠤ ᠬᠤᠰᠢᠭᠤ ᠶᠠᠮᠤᠨ ᠤ ᠭᠤᠤᠯ ᠡᠷᠬᠡ ᠶᠢ ᠠᠳᠬᠤᠵᠤ ᠪᠠᠶᠢᠭᠰᠠᠨ ᠨᠤᠶᠠᠳ ᠲᠤ ᠪᠠᠰᠠ ᠲᠤᠭᠳᠠᠭᠰᠠᠨ ᠬᠡᠮᠵᠢᠶᠠᠨ ᠤ ᠬᠠᠷᠢᠭᠤᠴᠠᠯᠭ᠎ᠠ ᠪᠠᠶᠢᠬᠤ ᠶᠤᠮ᠃ ᠤᠷᠤᠰ ᠴᠡᠷᠢᠭ ᠤᠷᠤᠵᠤ ᠢᠷᠡᠭᠰᠡᠨ ᠤ ᠰᠡᠬᠦᠯᠡᠷ ᠬᠤᠰᠢᠭᠤ ᠶᠠᠮᠤᠨ ᠤ ᠵᠠᠷᠢᠮ ᠭᠤᠤᠯ ᠡᠷᠬᠡ ᠪᠠᠷᠢᠭᠴᠢᠳ ᠰᠠᠮᠠᠭᠤᠷᠠᠯ ᠠᠴᠠ ᠠᠶᠤᠵᠤ ᠬᠦᠳᠡᠭᠡ ᠤᠳᠤᠷ ᠢᠶᠠᠷ ᠮᠤᠬᠤᠯᠠᠭ ᠲᠡᠷᠬᠡᠨ ᠤ ᠰᠤᠨᠳᠤᠭᠤᠢ ᠳᠤ ᠨᠢᠭᠤᠭᠳᠠᠨ ᠵᠠᠶᠢᠯᠠᠵᠤ ᠲᠤᠳᠠᠭᠠᠭᠠᠳ ᠭᠠᠷᠴᠤ ᠢᠷᠡᠬᠦ ᠦᠬᠡᠢ᠂ ᠨᠤᠳᠤᠭ ᠤᠨ ᠠᠷᠠᠳ ᠪᠤᠯᠤᠨ ᠤᠯᠠᠭᠠᠨ ᠴᠡᠷᠢᠭ ᠤᠨ ᠬᠤᠭᠤᠷᠤᠨᠳᠤᠬᠢ ᠬᠠᠷᠢᠴᠠᠭ᠎ᠠ ᠶᠢᠨ ᠠᠰᠠᠭᠤᠳᠠᠯ ᠢ ᠵᠤᠬᠢᠰ ᠦᠬᠡᠢ ᠰᠢᠢᠳᠪᠤᠷᠢᠯᠡᠭᠰᠡᠨ ᠠᠴᠠ ᠬᠤᠰᠢᠭᠤᠨ ᠤ ᠠᠵᠤ ᠠᠬᠤᠢ ᠪᠤᠯᠤᠨ ᠠᠷᠠᠳ ᠤᠨ ᠠᠮᠢᠳᠤᠷᠠᠯ ᠳᠤ ᠬᠦᠨᠳᠤ ᠨᠤᠴᠢᠳᠠᠢ ᠬᠤᠬᠢᠷᠠᠯ ᠤᠴᠠᠷᠠᠭᠤᠯᠵᠤ᠂ ᠠᠷᠠᠳ ᠤᠨ ᠰᠠᠳᠬᠢᠯ ᠢ ᠠᠯᠳᠠᠭᠰᠠᠨ ᠶᠤᠮ᠃ ᠲᠤᠬᠠᠢ ᠶᠢᠨ ᠦᠶ ᠎ᠠ ᠳᠤ ᠤᠯᠠᠭᠠᠨ ᠴᠡᠷᠢᠭ ᠢᠳᠡᠰᠢᠨ ᠬᠤᠨᠢ ᠮᠠᠯ ᠠᠪᠤᠨ᠎ᠠ ᠬᠡᠬᠦ ᠳᠤ ᠲᠠᠳᠠᠨᠤᠰ ᠡᠯᠳᠡᠪ ᠢᠶᠠᠷ ᠠᠷᠭᠠᠴᠠᠨ ᠦᠭᠭᠦ ᠦᠬᠡᠢ ᠪᠤᠶᠤ ᠶᠠᠨᠳᠠᠩ ᠲᠤᠷᠤᠢ ᠮᠠᠯ ᠢᠶᠠᠨ ᠰᠢᠷᠪᠢᠵᠤ ᠦᠭᠭᠦᠭᠰᠡᠨ ᠠᠴᠠ ᠤᠯᠠᠭᠠᠨ ᠴᠡᠷᠢᠭ ᠤᠨ ᠡᠭᠳᠡᠬᠦᠤ ᠶᠢ ᠬᠦᠷᠬᠡᠭᠰᠡᠨ ᠤᠴᠢᠷ ᠴᠤ ᠪᠤᠢ᠃ ᠲᠤᠬᠠᠢ ᠶᠢᠨ ᠦᠶ᠎ᠠ ᠳᠤ ᠬᠠᠭᠤᠴᠢᠨ ᠪᠠᠷᠭᠤ ᠶᠢᠨ ᠮᠠᠷᠭᠡᠯ ᠵᠤᠨ ᠮᠡᠷᠭᠡᠯ ᠤᠨ ᠵᠤᠰᠠᠯᠠᠩ ᠠᠴᠠ ᠤᠷᠤᠭᠤᠳᠠᠵᠤ ᠨᠡᠭᠦᠬᠦ ᠵᠠᠭᠤᠷ᠎ᠠ ᠮᠡᠷᠭᠡᠯ ᠭᠤᠤᠯ ᠤᠨ ᠠᠷᠤ ᠳᠠᠬᠢ ᠲᠡᠭᠡᠳᠤ ᠬᠦᠵᠦᠬᠦᠪᠴᠢ ᠶᠢᠨ ︽ᠪᠤᠭᠤᠳᠤ︾ ᠳᠤ ᠦᠳᠡᠯᠡᠵᠤ ᠪᠠᠶᠢᠭᠰᠠᠨ ᠤᠯᠠᠭᠠᠨ ᠴᠡᠷᠢᠭ ᠤᠨ ᠬᠤᠸᠠᠷᠠᠨ — ᠲᠠᠶᠢᠨ ᠤ ᠨᠢᠰᠬᠡᠯ ᠤᠨ ᠪᠠᠭᠤᠳᠠᠯ ᠲᠡᠭᠡᠷ᠎ᠠ ᠲᠠᠰᠢᠶᠠᠷᠠᠨ ᠨᠡᠬᠦᠵᠤ ᠤᠷᠤᠭᠠᠳ ᠬᠦᠮᠦᠨ ᠮᠠᠯ ᠲᠠᠢ ᠪᠠᠨ ᠤᠯᠠᠭᠠᠨ ᠴᠡᠷᠢᠭ ᠲᠤ ᠪᠠᠷᠢᠭᠳᠠᠭᠰᠠᠨ ᠶᠤᠮ᠃ ᠡᠨᠡᠬᠦ ᠬᠡᠷᠡᠭ ᠤᠴᠢᠷ ᠨᠢ ᠦᠨᠡᠨᠳᠡᠬᠡᠨ ᠮᠠᠯᠴᠢᠨ ᠠᠷᠠᠳ ᠲᠤ ᠬᠠᠷᠢᠭᠤᠴᠠᠯᠭ᠎ᠠ ᠦᠬᠡᠢ ᠶᠤᠮ᠃ ᠵᠤᠰᠠᠯᠠᠩ ᠪᠠᠭᠤᠭᠰᠠᠨ ᠮᠠᠯᠴᠢᠳ ᠵᠦᠪᠬᠡᠨ ᠦᠪᠡᠷ ᠤᠨ ᠬᠤᠰᠢᠭᠤ ᠨᠤᠳᠤᠭ ᠲᠠᠭᠠᠨ ᠵᠤᠷᠰᠢᠭᠰᠠᠨ ᠨᠡᠬᠦᠳᠡᠯ ᠤᠨ ᠵᠠᠮ ᠢᠶᠠᠷ ᠨᠡᠬᠦᠳᠡᠯᠯᠡᠨ ᠶᠠᠪᠤᠵᠤ᠂ ᠪᠠᠶᠢᠳᠠᠯ ᠮᠡᠳᠡᠬᠦ ᠦᠬᠡᠢ ᠪᠠᠷ ᠤᠷᠤᠰ ᠴᠡᠷᠢᠭ ᠤᠨ ᠲᠦᠷ ᠴᠠᠭ ᠤᠨ ᠨᠢᠰᠬᠡᠯ ᠤᠨ ᠪᠠᠭᠤᠳᠠᠯ ᠳᠤ ᠲᠠᠰᠢᠶᠠᠷᠠᠨ ᠤᠷᠤᠭᠰᠠᠨ ᠲᠠᠳᠤᠢ ᠬᠡᠷᠡᠭ ᠤᠴᠢᠷ ᠪᠤᠯᠬᠤ ᠶᠤᠮ᠃ ᠬᠡᠪᠡᠴᠤ ᠤᠷᠤᠰ ᠴᠡᠷᠢᠭ᠂ ᠡᠨᠡᠬᠦ ᠬᠡᠷᠡᠭ ᠤᠴᠢᠷ ᠲᠤ ︽ᠴᠡᠷᠢᠭ ᠤᠨ ᠰᠠᠭᠤᠷᠢᠨ ᠭᠠᠵᠡᠷ ᠲᠤ ᠲᠠᠭᠠᠷᠢᠨ ᠤᠷᠤᠭᠰᠠᠨ︾ ᠶᠠᠯ᠎ᠠ ᠲᠤᠯᠭᠠᠵᠤ᠂ ᠨᠡᠬᠦᠳᠡᠯ ᠤᠨ ᠠᠷᠠᠳ ᠢ ᠨᠢᠬᠡ ᠲᠤᠤᠷ᠎ᠠ ᠪᠦᠬᠡᠮᠨᠡᠷᠡᠬᠦᠯᠦᠨ ᠴᠤᠭᠯᠠᠭᠤᠯᠵᠤ᠂ ᠪᠦᠷᠢᠨ ᠵᠡᠪᠰᠡᠭᠯᠡᠭᠰᠡᠨ ᠴᠡᠷᠢᠭ ᠢᠶᠠᠷ ᠪᠦᠰᠠᠯᠠᠨ᠂ ᠡᠷᠡᠭᠳᠡᠢ ᠡᠮᠡᠭᠳᠡᠢ ᠬᠦᠭᠰᠢᠨ ᠵᠠᠯᠠᠭᠤ ᠬᠡᠤᠬᠡᠳ ᠰᠢᠳᠬᠤᠨ ᠪᠤᠢ ᠪᠦᠬᠦᠢ ᠨᠡᠬᠦᠳᠡᠯ ᠤᠨ ᠠᠷᠠᠳ ᠢ ᠬᠦᠢᠰᠤ ᠲᠡᠮᠳᠡᠷᠢᠬᠦ ᠪᠠᠷ ᠤᠷᠤᠯᠳᠤᠪᠠ᠃ ᠶᠠᠭ ᠡᠨᠡ ᠦᠶ᠎ᠠ ᠳᠤ ᠤᠯᠠᠭᠠᠨ ᠴᠡᠷᠢᠭ ᠤᠨ ᠨᠢᠬᠡᠨ ᠨᠤᠶᠠᠨ ᠢᠷᠡᠵᠤ᠂ ᠡᠨᠡᠬᠦ ᠪᠠᠶᠢᠳᠠᠯ ᠢ ᠬᠤᠷᠢᠭᠯᠠᠨ ᠵᠤᠭᠰᠤᠭᠠᠭᠠᠳ ᠮᠠᠷᠭᠡᠯ ᠵᠤᠨ ᠤ ᠨᠡᠬᠦᠳᠡᠯ ᠤᠨ ᠠᠷᠠᠳ ᠢ ᠠᠯᠪᠠᠳᠠᠯᠭ᠎ᠠ ᠪᠠᠷ ᠪᠢᠯᠳᠡᠷ ᠤᠷᠤᠭᠤ ᠨᠡᠬᠦᠯᠬᠡᠵᠤ᠂ ᠲᠤᠮᠳᠠᠳᠤ ᠵᠦᠪᠯᠡᠯᠳᠤ ᠶᠢᠨ ᠬᠢᠯᠢ ᠪᠤᠯᠬᠤ ᠦᠷᠬᠡᠨ ᠭᠤᠤᠯ ᠤᠨ ᠬᠦᠪᠡᠬᠡᠨ ᠳᠤ ᠬᠦᠬᠡᠬᠡᠨ ᠠᠪᠠᠴᠢᠵᠡᠢ᠃ ᠡᠬᠦᠨ ᠤ ᠲᠠᠷᠠᠭᠠᠪᠡᠷ ᠤᠷᠤᠰ ᠴᠡᠷᠢᠭ ᠲᠡᠨᠢᠬᠡ ᠶᠢᠨ ᠵᠤᠰᠠᠯᠠᠩ ᠠᠴᠠ ᠪᠤᠴᠠᠵᠤ ᠪᠠᠶᠢᠭ᠎ᠠ ᠬᠠᠶᠢᠯᠠᠷ ᠵᠤᠨ ᠢ ᠪᠠᠰᠠ ᠠᠯᠪᠠᠳᠠᠯᠭ᠎ᠠ ᠪᠠᠷ ᠬᠢᠯᠢ ᠦᠬᠡᠳᠡ ᠠᠪᠠᠴᠢᠪᠠ᠃ ᠡᠨᠡ ᠤᠳᠠᠭ᠎ᠠ ᠶᠢᠨ ᠬᠡᠷᠡᠭ ᠤᠴᠢᠷ ᠦᠨᠡᠨᠳᠡᠬᠡᠨ ᠬᠠᠶᠢᠯᠡᠷ ᠵᠤᠨ ᠳᠤ ᠬᠤᠯᠪᠤᠭᠳᠠᠬᠤ ᠦᠬᠡᠢ ᠶᠤᠮ᠃ ᠮᠡᠷᠬᠡᠯ ᠪᠡ ᠬᠠᠶᠢᠯᠠᠷ ᠵᠤᠨ ᠤ ᠠᠶᠢᠯ ᠤᠳ ᠤᠷᠤᠰ ᠴᠡᠷᠢᠭ ᠤᠨ ᠠᠯᠪᠠᠳᠠᠯᠭ᠎ᠠ ᠪᠠᠷ ᠦᠷᠬᠡᠨ ᠭᠤᠤᠯ ᠤᠨ ᠬᠦᠪᠡᠬᠡᠨ ᠳᠤ ᠨᠡᠬᠦᠵᠤ ᠤᠴᠢᠭᠠᠳ ᠰᠠᠷ᠎ᠠ ᠭᠠᠷᠤᠢ ᠰᠠᠭᠤᠭᠰᠠᠨ ᠤ ᠲᠠᠷᠠᠭ᠎ᠠ᠂ ᠤᠷᠤᠰ ᠴᠡᠷᠢᠭ ᠠᠴᠠ ᠡᠷᠦᠬᠡ ᠪᠦᠷᠢ ᠳᠤ ᠲᠠᠪᠤᠨ ᠪᠤᠳᠠ ᠮᠠᠯ ᠢ ᠦᠯᠡᠳᠡᠬᠡᠵᠤ ᠦᠭᠭᠦᠭᠡᠳ ︵ᠤᠨᠴᠠ ᠵᠠᠷᠢᠮ ᠠᠶᠢᠯ ᠨᠢ ᠬᠤᠶᠠᠷ ᠡᠷᠦᠬᠡ ᠪᠤᠯᠵᠤ ᠬᠤᠶᠠᠷ ᠬᠤᠪᠢ ᠮᠠᠯ ᠤᠯᠤᠭᠰᠨ ᠴᠤ ᠪᠤᠢ︶ ᠪᠤᠰᠤᠳ ᠪᠤᠢ ᠪᠦᠬᠦᠢ ᠮᠠᠯ ᠰᠦᠷᠦᠭ ᠢ ᠪᠦᠷ ᠤᠯᠤᠰ ᠲᠠᠭᠠᠨ ᠲᠠᠭᠤᠨ ᠠᠪᠠᠴᠢᠵᠡᠢ᠃ ᠤᠷᠤᠰ ᠴᠡᠷᠢᠭ ᠬᠠᠭᠤᠴᠢᠨ ᠪᠠᠷᠭᠤ ᠶᠢᠨ ᠮᠠᠯ ᠢ ᠲᠠᠭᠤᠵᠤ ᠠᠪᠠᠴᠢᠬᠤ ᠳᠠᠭᠠᠨ ᠦᠷᠬᠡᠨ ᠭᠤᠤᠯ ᠢ ᠬᠡᠳᠤᠯᠬᠦ ᠦᠶ᠎ᠠ ᠳᠤ ᠲᠤᠭ᠎ᠠ ᠲᠤᠮᠰᠢ ᠦᠬᠡᠢ ᠤᠯᠠᠨ ᠮᠠᠯ ᠭᠤᠤᠯ ᠳᠤ ᠤᠨᠠᠵᠤ ᠦᠬᠦᠬᠡᠳ᠂ ᠦᠬᠦᠭᠰᠡᠨ ᠮᠠᠯ ᠢᠶᠠᠷ ᠬᠦᠬᠦᠷᠬᠡ ᠬᠢᠵᠤ ᠭᠠᠷᠤᠭᠰᠠᠨ ᠭᠡᠵᠤ ᠲᠤᠬᠠᠢ ᠶᠢᠨ ᠦᠶ᠎ᠠ ᠳᠤ ᠨᠢᠳᠤ ᠪᠠᠷ ᠢᠶᠠᠨ ᠦᠵᠡᠵᠤ᠂ ᠪᠠᠶ᠎ᠠ ᠪᠠᠷ ᠢᠶᠠᠨ ᠤᠷᠤᠯᠴᠠᠭᠰᠠᠨ ᠮᠠᠯᠴᠢᠳ ᠶᠠᠷᠢᠯᠴᠠᠳᠠᠭ᠃ ᠬᠤᠭᠤᠰᠤᠨ ᠪᠠᠭᠤᠴᠠ ᠳᠠᠭᠠᠨ ᠬᠤᠴᠤᠷᠤᠭᠰᠠᠨ ᠮᠠᠯᠴᠢᠳ ᠨᠡᠬᠦᠳᠡᠯ ᠤᠨ ᠲᠡᠷᠬᠡ ᠪᠤᠯᠤᠨ ᠬᠤᠨᠢᠨ ᠤ ᠬᠠᠰᠢᠶ᠎ᠠ ᠪᠠᠨ ᠤᠪᠤᠭᠠᠯᠠᠨ ᠰᠢᠳᠠᠭᠠᠵᠤ᠂ ᠦᠯᠡᠳᠡᠵᠤ ᠲᠤᠰᠤᠭᠰᠠᠨ ᠬᠡᠳᠤᠬᠡᠨ ᠮᠠᠯ ᠢᠶᠠᠨ ᠠᠪᠤᠭᠠᠳ ᠦᠷᠬᠡᠨ ᠭᠤᠤᠯ ᠤᠨ ᠬᠦᠪᠡᠭᠡ ᠠᠴᠠ ᠦᠪᠡᠷ ᠦᠪᠡᠷᠰᠠᠳ ᠤᠨ ᠨᠤᠳᠤᠭ ᠲᠠᠭᠠᠨ ᠨᠡᠬᠦᠨ ᠢᠷᠡᠵᠡᠢ᠃ ᠰᠠᠬᠦᠯᠡᠷ ᠨᠢ ᠵᠦᠪᠯᠡᠯᠳᠤ ᠤᠯᠤᠰ ᠠᠴᠠ ᠡᠨᠡᠬᠦ ᠬᠡᠷᠡᠭ ᠤᠴᠢᠷ ᠢ ᠰᠢᠢᠳᠪᠤᠷᠢᠯᠡᠬᠦ ᠶᠢᠨ ᠲᠦᠯᠦᠬᠡ ᠲᠠᠭᠤᠵᠤ ᠠᠪᠠᠴᠢᠭᠰᠠᠨ ᠮᠠᠯ ᠤᠨ ᠲᠤᠭ᠎ᠠ ᠪᠠᠷ ᠦᠨ᠎ᠠ ᠬᠠᠨᠭ᠍ᠰᠢ ᠶᠢ ᠪᠤᠳᠤᠵᠤ ᠲᠦᠯᠦᠪᠤᠷᠢ ᠶᠢᠨ ᠵᠤᠭᠤᠰ ᠮᠦᠡᠭᠭᠦ ᠦᠭᠭᠦᠭᠰᠡᠨ ᠶᠤᠮ᠃ ᠲᠤᠬᠠᠢ ᠶᠢᠨ ᠦᠶ᠎ᠠ ᠶᠢᠨ ᠬᠦᠯᠦᠨ ᠪᠤᠶᠢᠷ ᠠᠶᠢᠮᠠᠭ ᠤᠨ ᠪᠠᠷᠭᠤ ᠮᠤᠩᠭᠤᠯ ᠤᠨ ᠬᠤᠷᠰᠢᠶ᠎ᠠ ᠶᠢ ᠲᠠᠷᠤᠢ ᠡᠨᠡᠬᠦ ᠵᠤᠭᠤᠰ ᠢᠶᠠᠷ ᠡᠬᠡ ᠮᠦᠡᠭᠭᠦ ᠪᠤᠯᠭᠠᠵᠤ ᠪᠠᠶᠢᠭᠤᠯᠤᠭᠰᠠᠨ ᠶᠤᠮ᠃ ᠲᠡᠷᠡ ᠦᠶᠠᠰ ᠪᠦᠬᠦ ᠬᠤᠰᠢᠭᠤᠨ ᠤ ᠮᠠᠯ ᠢ ᠲᠤᠭᠠᠯᠠᠵᠤ ᠪᠦᠷᠢᠳᠬᠡᠬᠦ ᠶᠢᠨ ᠠᠷᠭ᠎ᠠ ᠦᠬᠡᠢ᠂ ᠲᠠᠶᠢᠨ ᠤ ᠲᠠᠷᠠᠭᠠᠬᠢ 1946 ᠤᠨ ᠤ ᠪᠦᠷᠢᠳᠬᠡᠯ ᠢ ᠦᠨᠳᠤᠰᠤᠯᠠᠪᠠᠯ ᠪᠦᠬᠦ ᠬᠤᠰᠢᠭᠤ 15072 ᠲᠤᠯᠤᠭᠠᠢ ᠮᠠᠯ ᠲᠠᠢ ᠦᠯᠡᠳᠡᠭᠰᠡᠨ ᠶᠤᠮ ᠬᠡᠨ᠎ᠠ᠃
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ