ᠮᠣᠩᠭᠤᠯ ᠬᠥᠮᠥᠨ ᠡᠷᠲᠡ ᠤᠷᠢᠳᠤ ᠠᠴᠠ ᠪᠠᠨ ᠠᠶᠢᠯ ᠳᠤ ᠪᠠᠭᠤᠵᠤ ᠴᠠᠢ ᠤᠰᠤ ᠤᠤᠭᠤᠬᠤ ᠪᠤᠶᠤ ᠬᠤᠭᠤᠯᠠ ᠪᠤᠳᠠᠭ᠎ᠠ ᠢᠳᠡᠬᠦ ᠳᠡᠭᠡᠨ᠂ ᠠᠶᠢᠯ ᠤᠨ | ᠲᠠᠯᠪᠢᠵᠤ ᠥᠭᠭᠦᠭᠰᠡᠨ ᠪᠣᠣᠪᠤ ᠪᠤᠭᠤᠷᠰᠤᠭ᠂ ᠰᠢᠬᠢᠷ ᠵᠢᠮᠢᠰ᠂ ᠬᠤᠷᠤᠳ ᠴᠠᠭ᠎ᠠ ᠪᠤᠶᠤ ᠮᠢᠬ᠎ᠠ ᠰᠢᠭᠦᠰᠦ ᠶᠢ ᠳᠠᠪᠠᠭ᠂ ᠰᠠᠪᠠ ᠶᠢ ᠨᠢ ᠬᠤᠭᠤᠰᠤᠷᠠᠲᠠᠯ᠎ᠠ ᠢᠳᠡᠬᠦ᠂ | ᠤᠤᠭᠤᠬᠤ ᠶᠢ ᠮᠠᠰᠢᠳᠠ ᠴᠡᠭᠡᠷᠯᠡᠳᠡᠭ᠃ ᠡᠭᠦᠨ ᠢ ᠰᠠᠪᠠ ᠬᠤᠭᠤᠰᠤᠯᠠᠬᠤ ᠦᠭᠡᠢ ᠶᠣᠰᠣᠨ ᠭᠡᠳᠡᠭ᠃ ᠵᠠᠷᠢᠮ ᠭᠠᠵᠠᠷ ᠳᠠᠪᠠᠭ ︵ᠫᠢᠯᠠ︶ ᠬᠤᠭᠤᠰᠤᠯᠠᠬᠤ ᠦᠭᠡᠢ ᠶᠣᠰᠣᠨ | ᠴᠤ ᠭᠡᠳᠡᠭ᠃ | ᠮᠣᠩᠭᠤᠯ ᠬᠥᠮᠥᠨ ᠵᠣᠴᠢᠨᠰᠠᠭ᠃ ᠮᠣᠩᠭᠤᠯ ᠨᠤᠲᠤᠭ ᠥᠷᠭᠡᠨ ᠠᠭᠤᠳᠠᠮ᠂ ᠵᠠᠮ ᠮᠥᠷ ᠬᠤᠯᠠ᠂ ᠶᠠᠪᠤᠵᠤ ᠰᠠᠭᠤᠬᠤ ᠴᠠᠭ ᠤᠷᠳᠦ᠃ ᠬᠡᠨ ᠳᠤ ᠪᠤᠯᠤᠭᠰᠨ ᠴᠤ᠂ | ᠬᠡᠵᠢᠶ᠎ᠡ᠂ ᠶᠠᠮᠠᠷ ᠴᠠᠭ ᠦᠶ᠎ᠡ ᠳᠤ ᠴᠤ ᠭᠡᠰᠡᠨ᠂ ᠠᠶᠢᠯ ᠳᠤ ᠣᠴᠢᠵᠤ ᠵᠣᠴᠢᠯᠠᠭᠳᠠᠬᠤ ᠪᠤᠶᠤ ᠵᠠᠮ ᠮᠥᠷ ᠬᠥᠭᠡᠭᠡᠵᠦ ᠶᠠᠪᠤᠵᠤ ᠪᠠᠶᠢᠭᠠᠳ ᠠᠶᠢᠯ ᠳᠤ ᠪᠠᠭᠤᠵᠤ ᠰᠠᠭᠤᠵᠤ | ᠴᠠᠢ ᠤᠰᠤ ᠤᠤᠭᠤᠬᠤ᠂ ᠬᠤᠭᠤᠯᠠ ᠪᠤᠳᠠᠭ᠎ᠠ ᠢᠳᠡᠬᠦ ᠶᠠᠪᠤᠳᠠᠯ ᠤᠯᠠᠨ ᠲᠣᠬᠢᠶᠠᠯᠳᠤᠳᠠᠭ᠃ ᠠᠯᠢ ᠨᠢᠭᠡᠨ ᠠᠶᠢᠯ ᠡᠷᠦᠭᠡ ᠳᠤ ᠨᠢ ᠴᠤ ᠭᠡᠰᠡᠨ᠂ ᠵᠠᠯᠠᠭᠰᠠᠨ ᠵᠣᠴᠢᠨ | ᠢᠷᠡᠬᠦ ᠪᠤᠶᠤ ᠵᠠᠮ ᠮᠥᠷ ᠶᠠᠪᠤᠵᠤ ᠬᠥᠭᠡᠭᠡᠵᠦ ᠪᠠᠶᠢᠭᠰᠠᠨ ᠬᠥᠮᠥᠨ ᠪᠠᠭᠤᠵᠤ ᠰᠠᠭᠤᠭᠠᠳ ᠭᠠᠷᠬᠤ ᠶᠠᠪᠤᠳᠠᠯ ᠴᠤ ᠵᠥᠩᠳᠡᠭᠡᠨ ᠲᠣᠬᠢᠶᠠᠯᠳᠤᠳᠠᠭ᠃ ᠪᠠᠭᠤᠭᠠᠳ ᠯᠠ | ᠭᠠᠷᠳᠠᠭ᠂ ᠪᠤᠴᠠᠭᠠᠳ ᠯᠠ ᠮᠣᠷᠳᠠᠳᠠᠭ᠃ ᠠᠯᠢ ᠨᠢᠭᠡᠨ ᠠᠶᠢᠯ ᠡᠷᠦᠭᠡ ᠨᠢ ᠪᠣᠯᠤᠭᠰᠠᠨ ᠴᠤ᠂ ᠲᠠᠨᠢᠬᠤ᠂ ᠲᠠᠨᠢᠬᠤ ᠦᠭᠡᠢ ᠬᠥᠮᠥᠨ ᠢᠷᠠᠯ᠎ᠠ ᠭᠡᠳ ︽ᠴᠠᠢ ᠴᠤ ᠦᠭᠡᠢ᠂ | ᠴᠢᠷᠠᠢ ᠴᠤ ᠦᠭᠡᠢ︾ ᠴᠡᠮᠪᠡᠶᠢᠵᠦ ᠳᠠᠮᠪᠠᠶᠢᠵᠤ ᠰᠠᠭᠤᠭᠠᠳ ᠥᠩᠭᠡᠷᠡᠭᠡᠴᠢᠬᠡᠳᠡᠭ ᠦᠭᠡᠢ᠃ ᠬᠡᠨ ᠨᠢ ᠢᠷᠡᠭᠰᠡᠨ ᠴᠤ ᠬᠠᠮᠢᠶ᠎ᠠ ᠦᠭᠡᠢ᠂ ᠪᠣᠣᠪᠤ | ᠪᠤᠭᠤᠷᠰᠤᠭ ᠢᠶᠠᠨ ᠭᠠᠷᠭᠠᠵᠤ᠂ ᠰᠢᠬᠢᠷ ᠵᠢᠮᠢᠰ ᠢᠶᠠᠨ ᠲᠠᠯᠪᠢᠵᠤ᠂ ᠴᠠᠢ ᠤᠰᠤ ᠪᠠᠨ ᠠᠶᠠᠭᠠᠯᠠᠵᠤ ᠦᠭᠳᠡᠭ᠃ | ᠠᠶᠢᠯ ᠳᠤ ᠵᠠᠯᠠᠭᠳᠠᠵᠤ ᠣᠴᠢᠭᠰᠠᠨ ᠵᠣᠴᠢᠨ ᠪᠤᠶᠤ ᠵᠠᠮ ᠢᠶᠠᠷ ᠢᠶᠠᠨ ᠬᠦᠷᠦᠭᠰᠡᠨ ᠭᠡᠶᠢᠴᠢᠨ ᠭᠡᠰᠡᠨ ᠴᠤ᠂ ᠬᠡᠨ ᠨᠢ ᠴᠤ ᠪᠣᠯᠤᠭᠰᠠᠨ᠂ ᠶᠠᠮᠠᠷ ᠪᠠᠶᠢᠳᠠᠯ ᠳᠣᠣᠷ᠎ᠠ ᠴᠤ | ᠭᠡᠰᠡᠨ᠂ ︽ᠢᠳᠠ᠂ ᠤᠤᠭᠤ ᠭᠡᠰᠡᠨ ᠶᠤᠮ᠂ ᠡᠷᠢᠶ᠎ᠡ ᠦᠭᠡᠢ ᠶᠤᠮ᠂ ᠵᠢᠷᠤᠭ᠎ᠠ ᠦᠭᠡᠢ ᠶᠤᠮ᠃ ᠲᠠᠯᠪᠢᠭᠠᠳ ᠥᠭᠴᠢᠬᠡᠭᠰᠡᠨ ᠶᠤᠮ ᠴᠢᠨᠢ᠂ ᠳᠠᠪᠠᠭ ᠢ ᠨᠢ | ᠬᠤᠭᠤᠰᠤᠷᠠᠲᠠᠯ᠎ᠠ ᠢᠳᠡᠴᠢᠬᠡᠶᠡ᠂ ᠤᠤᠭᠤᠴᠢᠬᠠᠶ᠎ᠠ᠂ ᠪᠠᠷᠠᠭᠠᠴᠢᠬᠠᠶ᠎ᠠ︾ ᠭᠡᠳ ᠲᠠᠯᠪᠢᠵᠤ ᠥᠭᠭᠦᠭᠰᠡᠨ ᠶᠠᠭᠤᠮ᠎ᠠ ᠶᠢ ᠨᠢ ︵ᠪᠤᠳᠠᠭ᠎ᠠ᠂ ᠬᠤᠭᠤᠯᠠ ᠴᠤ ᠪᠠᠭᠲᠠᠨ᠎ᠠ︶ ᠳᠠᠪᠠᠭ | ᠰᠠᠪᠠ ᠶᠢ ᠨᠢ ᠬᠤᠭᠤᠰᠤᠷᠠᠲᠠᠯ᠎ᠠ ᠢᠳᠡᠴᠢᠬᠡᠳᠡᠭ ᠦᠭᠡᠢ᠂ ᠤᠤᠭᠤᠴᠢᠬᠠᠳᠠᠭ ᠦᠭᠡᠢ᠃ ᠲᠠᠯᠪᠢᠵᠤ ᠥᠭᠭᠦᠭᠰᠡᠨ ᠶᠠᠭᠤᠮ᠎ᠠ ᠨᠢ ᠠᠷᠪᠢᠨ - ᠬᠦᠷᠦᠯᠴᠡᠭᠡᠲᠡᠢ ᠪᠣᠯ | ᠴᠠᠳᠲᠠᠯ᠎ᠠ ᠪᠤᠶᠤ ᠥᠯ ᠢᠶᠠᠨ ᠳᠠᠷᠤᠵᠤ ᠠᠩᠭᠠᠭ᠎ᠠ ᠴᠠᠩᠭᠠᠭ᠎ᠠ ᠪᠠᠨ ᠳᠠᠶᠢᠯᠳᠠᠯᠠ ᠢᠳᠡᠵᠦ ᠤᠤᠭᠤᠵᠤ᠂ ᠲᠠᠯᠪᠢᠵᠤ ᠥᠭᠭᠦᠭᠰᠡᠨ ᠶᠠᠭᠤᠮ᠎ᠠ ᠨᠢ ᠪᠠᠭ᠎ᠠ᠂ ᠴᠥᠭᠡᠨ᠂ | ᠬᠦᠷᠦᠯᠴᠡᠭᠡ ᠪᠠᠷ ᠠᠨᠠᠢ ᠰᠢᠭ᠋ ᠪᠣᠯ ᠠᠮᠬᠠᠷᠠᠭᠠᠳ ᠪᠤᠶᠤ ᠠᠮᠰᠠᠭᠠᠳ ᠲᠠᠯᠪᠢᠴᠢᠬᠠᠳᠠᠭ᠃ ᠠᠩᠭᠠᠭ᠎ᠠ ᠴᠠᠩᠭᠠᠭ᠎ᠠ ᠪᠠᠨ ᠪᠠᠭ᠎ᠠ ᠳᠠᠷᠤᠭᠠᠳ ᠪᠣᠯᠭᠠᠴᠢᠬᠠᠳᠠᠭ᠃ | ᠶᠠᠭᠠᠬᠢᠵᠤ ᠶᠡᠭᠡ ᠥᠯᠥᠰᠴᠦ ᠬᠠᠷᠠᠩᠭᠠᠰᠴᠤ ᠠᠩᠭᠠᠵᠤ ᠴᠠᠩᠭᠠᠵᠤ ᠪᠠᠶᠢᠭᠰᠠᠨ ᠴᠤ᠂ ︽ᠬᠡᠰᠢᠭ︾᠂ ︽ᠳᠡᠭᠡᠵᠢ︾᠂ ︽ᠪᠤᠶᠠᠨ︾ ᠢ ᠨᠢ ᠦᠯᠡᠳᠡᠭᠡᠶ᠎ᠡ ᠭᠡᠳ᠂ | ᠲᠠᠯᠪᠢᠵᠤ ᠥᠭᠭᠦᠭᠰᠡᠨ ᠪᠤᠳᠠᠭ᠎ᠠ᠂ ᠬᠤᠭᠤᠯᠠ ᠪᠤᠶᠤ ᠢᠳᠡᠭᠡᠨ ᠤᠮᠳᠠᠭᠠᠨ ᠠᠴᠠ ᠨᠢ ᠳᠠᠪᠠᠭ᠂ ᠰᠠᠪᠠ᠂ ᠬᠡᠷᠡᠭᠰᠡᠯ ᠤᠨ ᠬᠢᠨᠢ ᠢᠷᠤᠭᠠᠷ ᠲᠤ ᠨᠢᠭᠡ ᠬᠤᠶᠠᠷ ᠬᠡᠰᠡᠭ | ︵ᠰᠢᠷᠬᠡᠭ︶ ᠪᠤᠶᠤ ᠨᠢᠭᠡ ᠬᠤᠶᠠᠷ ᠤᠤᠭᠤᠴᠢ ︵ᠠᠮᠠ︶ ᠴᠤ ᠭᠡᠰᠡᠨ ᠦᠯᠡᠳᠡᠭᠡᠵᠦ ᠥᠭᠭᠦᠭᠡᠳ ᠮᠣᠷᠳᠠᠳᠠᠭ᠃ | ᠮᠣᠩᠭᠤᠯᠴᠤᠳ᠂ ᠠᠶᠢᠯ ᠳᠤ ᠣᠴᠢᠭᠰᠠᠨ ᠭᠡᠶᠢᠴᠢᠨ ᠵᠣᠴᠢᠨ ᠠᠶᠢᠯ ᠤᠨ ᠲᠠᠯᠪᠢᠵᠤ ᠥᠭᠭᠦᠭᠰᠡᠨ ᠶᠠᠭᠤᠮ᠎ᠠ ᠶᠢ ᠳᠠᠪᠠᠭ᠂ ᠰᠠᠪᠠ ᠶᠢ ᠨᠢ ᠬᠤᠭᠤᠰᠤᠷᠠᠲᠠᠯ᠎ᠠ ᠢᠳᠡᠬᠦ | ᠤᠤᠭᠤᠬᠤ ᠨᠢ ᠶᠣᠰᠣ ᠦᠭᠡᠢ ᠮᠣᠷᠠᠯ ᠦᠭᠡᠢ᠂ ᠶᠠᠭᠤᠮ᠎ᠠ ᠮᠡᠳᠡᠬᠦ ᠦᠭᠡᠢ ᠶᠢᠨ ᠬᠢ︔ ᠪᠤᠰᠤᠳ ᠲᠤ ᠪᠣᠷᠣ ᠪᠦᠳᠦᠭᠦᠯᠢᠭ᠂ ᠦᠯᠦᠩᠭᠡᠷ ᠬᠤᠪᠳᠤᠭ ᠭᠡᠵᠦ ᠬᠡᠯᠡᠭᠳᠡᠨ᠎ᠡ᠂ | ᠬᠠᠷᠠᠭᠳᠠᠨ᠎ᠠ ᠭᠡᠵᠦ ᠦᠵᠡᠳᠡᠭ᠃ | ᠠᠶᠢᠯ ᠳᠤ ᠵᠠᠯᠠᠭᠳᠠᠵᠤ ᠵᠣᠴᠢᠯᠠᠭᠳᠠᠬᠤ ᠪᠤᠶᠤ ᠠᠮᠢ ᠪᠠᠷ ᠢᠶᠠᠨ - ᠵᠠᠮ ᠢᠶᠠᠷ ᠢᠶᠠᠨ ᠣᠴᠢᠵᠤ ᠬᠤᠭᠤᠯᠠ ᠪᠤᠳᠠᠭ᠎ᠠ ᠢᠳᠡᠬᠦ᠂ ᠴᠠᠢ ᠤᠰᠤ ᠤᠤᠭᠤᠬᠤ ᠳᠤ᠂ | ᠠᠩᠬᠠᠷᠬᠤ ᠴᠢᠬᠤᠯᠠ ᠲᠠᠢ ᠵᠦᠢᠯᠡᠰ ᠪᠤᠶᠤ ᠮᠡᠳᠡᠬᠦ ᠴᠢᠬᠤᠯᠠ ᠲᠠᠢ ᠵᠦᠢᠯᠡᠰ ᠠᠩᠬ᠎ᠠ ᠤᠷᠢᠳᠤ ᠠᠴᠠ ᠪᠠᠨ ᠠᠪᠤᠭᠠᠳ ᠡᠶᠢᠮᠦ ᠤᠯᠠᠨ︕ ᠡᠶᠢᠮᠦ ᠤᠯᠠᠨ ᠶᠣᠰᠣ | ᠭᠤᠷᠢᠮ ᠲᠠᠢ︕ | ᠤᠳᠤ ᠴᠤ ᠭᠡᠰᠡᠨ᠂ ᠬᠡᠨ ᠬᠥᠮᠥᠨ ᠬᠡᠷᠪᠡ ᠠᠶᠢᠯ ᠳᠤ ᠵᠠᠯᠠᠭᠳᠠᠵᠤ ᠵᠣᠴᠢᠨ ᠪᠤᠯᠬᠤ ᠪᠤᠶᠤ ᠠᠶᠢᠯᠴᠢᠯᠠᠵᠤ ᠲᠣᠭᠤᠷᠢᠵᠤ ᠣᠴᠢᠭᠠᠳ᠂ ᠴᠠᠢ ᠤᠰᠤ ᠤᠤᠭᠤᠬᠤ᠂ | ᠬᠤᠭᠤᠯᠠ ᠪᠤᠳᠠᠭ᠎ᠠ ᠢᠳᠡᠬᠦ᠂ ᠵᠢᠴᠢ ᠠᠶᠢᠯ ᠤᠨ ᠲᠠᠯᠪᠢᠵᠤ ᠦᠬᠦᠭᠰᠡᠨ ᠪᠣᠣᠪᠤ ᠪᠤᠭᠤᠷᠰᠤᠭ᠂ ᠰᠢᠬᠢᠷ ᠵᠢᠮᠢᠰ᠂ ᠢᠳᠡᠭᠡᠨ ᠤᠮᠳᠠᠭᠠᠨ ᠢ ᠢᠳᠡᠵᠦ | ᠤᠤᠭᠤᠬᠤ ᠳᠠᠭᠠᠨ᠂ ᠡᠷᠢᠶᠡᠯᠡᠵᠦ ᠨᠠᠷᠢᠯᠠᠬᠤ ᠶᠢ ᠮᠠᠳᠠᠯ ᠦᠭᠡᠢ ᠪᠠᠷ ᠳᠠᠪᠠᠭ ᠰᠠᠪᠠ ᠶᠢ ᠨᠢ ᠬᠤᠭᠤᠰᠤᠷᠠᠲᠠᠯ᠎ᠠ ᠢᠳᠡᠴᠢᠬᠡᠬᠦ᠂ ᠤᠤᠭᠤᠴᠢᠬᠠᠬᠤ ᠶᠤᠮ ᠪᠣᠯ᠂ ᠳᠠᠷᠠ | ᠴᠣᠬᠤᠮ ᠶᠣᠰᠣ ᠦᠭᠡᠢ ᠮᠣᠷᠠᠯ ᠦᠭᠡᠢ᠂ ᠶᠠᠭᠤᠮ᠎ᠠ ᠮᠡᠳᠡᠬᠦ ᠦᠭᠡᠢ᠂ ᠪᠣᠷᠣ ᠪᠦᠳᠦᠭᠦᠯᠢᠭ᠂ ᠦᠯᠦᠩᠭᠡᠷ ᠬᠤᠪᠳᠤᠭ ᠠᠮᠢᠳᠠᠨ ᠭᠡᠵᠦ ᠥᠷᠥᠭᠡᠯ ᠪᠤᠰᠤᠳ ᠲᠤ | ᠬᠡᠯᠡᠭᠳᠡᠬᠦ᠂ ᠬᠠᠷᠠᠭᠳᠠᠬᠤ ᠨᠢ ᠳᠠᠷᠠ ᠪᠢᠯᠡ︕ | ᠥᠨᠥ ᠴᠠᠭ ᠤᠨ ᠬᠡᠦᠬᠡᠳ ᠪᠠᠭᠠᠴᠤᠳ ᠡᠭᠦᠨ ᠢ ︵ᠮᠣᠩᠭᠤᠯᠴᠤᠳ ᠤᠨ ᠰᠠᠪᠠ ᠬᠤᠭᠤᠰᠤᠯᠠᠬᠤ ᠦᠭᠡᠢ ᠶᠣᠰᠣᠨ ᠢ︶ ᠲᠠᠨᠠᠷ ᠮᠠᠳᠠᠵᠦ ᠠᠪ︕ ᠰᠠᠨᠠᠭ᠎ᠠ | ᠪᠤᠳᠤᠯ ᠳᠠᠭᠠᠨ ᠠᠪᠴᠤ ᠰᠠᠬᠢᠵᠤ ᠬᠢᠴᠢᠶᠠᠮᠵᠢᠯᠠᠵᠦ ᠶᠠᠪᠤ︕ ᠠᠶᠢᠯ ᠠᠶᠢᠮᠠᠭ ᠢᠶᠠᠷ ᠢᠶᠠᠨ ᠠᠶᠢᠯᠴᠢᠯᠠᠵᠤ ᠲᠣᠭᠤᠷᠢᠵᠤ ᠣᠴᠢᠬᠤ ᠳᠠᠭᠠᠨ᠂ ᠴᠠᠢ ᠤᠰᠤ | ᠤᠤᠭᠤᠵᠤ ᠬᠤᠭᠤᠯᠠ ᠪᠤᠳᠠᠭ᠎ᠠ ᠢᠳᠡᠬᠦ ᠪᠤᠶᠤ ︽ᠢᠳᠠ᠂ ᠤᠤᠭᠤ︾ ᠭᠡᠵᠦ ᠲᠠᠯᠪᠢᠵᠤ ᠥᠭᠭᠦᠭᠰᠡᠨ ᠢᠳᠡᠭᠡᠨ ᠤᠮᠳᠠᠭᠠᠨ ᠢ ᠨᠢ ᠢᠳᠡᠵᠦ ᠤᠤᠭᠤᠬᠤ ᠳᠠᠭᠠᠨ᠂ ᠡᠪ | ᠵᠦᠢ ᠶᠢ ᠨᠢ ᠬᠠᠷᠠᠵᠤ᠂ ᠡᠷᠢᠶᠡᠯᠡᠵᠦ ᠨᠠᠷᠢᠯᠠᠵᠤ - ᠲᠡᠩᠴᠡᠭᠦᠯᠵᠦ ᠵᠣᠬᠢᠴᠠᠭᠤᠯᠵᠤ ᠢᠳᠡᠵᠦ ᠤᠤᠭᠤᠵᠤ ᠰᠤᠷ︕ ᠪᠢᠲᠡᠭᠡᠢ ᠯᠠ ᠳᠠᠪᠠᠭ᠂ ᠰᠠᠪᠠ ᠶᠢ ᠨᠢᠬᠢᠯᠠᠶᠢᠳᠠᠯᠠ | ᠲᠠᠭᠠᠷᠴᠤᠭ ᠤᠭᠤᠲᠠ ᠶᠢ ᠨᠢ ᠣᠩᠭᠤᠶᠢᠲᠠᠯᠠ ᠢᠳᠡᠴᠢᠬᠡ᠂ ᠤᠤᠭᠤᠴᠢᠬ᠎ᠠ︕ |