ᠮᠣᠩᠭᠤᠯ ᠠᠳᠤᠭᠤᠨ ᠤ ᠲᠠᠷᠬᠠᠯᠳᠠ ᠬᠡᠳᠦᠨ ᠤᠯᠤᠰ ᠤᠨ ᠠᠭᠤᠳᠠᠮ ᠶᠡᠭᠡ ᠨᠤᠳᠤᠭ ᠢ ᠬᠠᠮᠤᠷᠴᠦ ᠪᠠᠶᠢᠬᠤ ᠪᠠᠷ ᠦᠯᠦ ᠪᠠᠷᠠᠨ ᠮᠣᠩᠭᠤᠯ ᠠᠳᠤᠭᠤ ᠨᠢ ᠪᠠᠰᠠ | ᠬᠡᠳᠦᠨ ᠮᠢᠩᠭᠠᠨ ᠵᠢᠯ ᠤᠨ ᠲᠡᠤᠬᠡ ᠶᠢᠨ ᠶᠠᠪᠤᠴᠠ ᠶᠢ ᠦᠩᠭᠡᠷᠡᠭᠦᠯᠦᠭᠰᠡᠨ ᠪᠣᠯᠬᠤᠷ ᠲᠡᠭᠦᠨ ᠤ ᠨᠤᠳᠤᠭ ᠤᠨ ᠤᠭᠰᠠᠭ᠎ᠠ ᠴᠣᠬᠤᠮ ᠬᠡᠴᠢᠨᠡᠨ ᠪᠠᠶᠢᠳᠠᠭ ᠢ ᠬᠡᠯᠡᠬᠦᠶ᠎ᠡ | ᠪᠡᠷᠬᠡ᠃ ᠠᠳᠡ ᠵᠦᠪᠬᠡᠨ 20 ᠳ᠋ᠤᠭᠠᠷ ᠵᠠᠭᠤᠨ ᠤ ᠡᠬᠢᠨ ᠤ ᠦᠶᠡᠰ ᠤᠨ ᠦᠪᠦᠷ ᠮᠣᠩᠭᠤᠯ ᠣᠷᠤᠨ ᠳᠤ ᠦᠷᠡᠵᠢᠨ ᠲᠦᠯᠵᠢᠵᠦ ᠪᠠᠶᠢᠭᠰᠠᠨ ᠬᠡᠳᠦᠨ ᠵᠦᠢᠯ ᠤᠨ | ᠠᠳᠤᠭᠤᠨ ᠤ ᠨᠤᠳᠤᠭ ᠤᠨ ᠤᠭᠰᠠᠭ᠎ᠠ ᠶᠢ ᠵᠢᠱᠢᠶ᠎ᠡ ᠪᠣᠯᠭᠠᠨ ᠳᠤᠷᠠᠳᠬᠤ ᠳᠤ ᠭᠤᠣᠯᠳᠠᠭᠤ ᠦᠵᠦᠮᠦᠴᠢᠨ ᠠᠳᠤᠭᠤ᠂ ᠰᠦᠨᠢᠳ ᠤᠷᠠᠳ ᠤᠯᠠᠭᠠᠨᠴᠠᠪ ᠠᠳᠤᠭᠤ᠂ | ᠦᠦᠰᠢᠨ ᠠᠳᠤᠭᠤ᠂ ᠬᠠᠶᠢᠯᠠᠷ ᠠᠳᠤᠭᠤ᠂ ᠬᠡᠰᠢᠭᠳᠡᠨ ᠠᠳᠤᠭᠤ ᠵᠡᠷᠭᠡ ᠪᠣᠢ᠃ | ᠦᠵᠦᠮᠤᠴᠢᠨ ᠠᠳᠤᠭᠤ | ᠰᠢᠯᠢ ᠶᠢᠨ ᠭᠤᠣᠯ ᠠᠶᠢᠮᠠᠭ ᠤᠨ ᠬᠤᠶᠠᠷ ᠦᠵᠦᠮᠤᠴᠢᠨ ᠬᠤᠰᠢᠭᠤᠨ ᠳᠤ ᠲᠠᠷᠬᠠᠵᠦ ᠪᠠᠶᠢᠳᠠᠭ ᠪᠣᠯᠬᠤᠷ ︽ᠦᠵᠦᠮᠤᠴᠢᠨ ᠠᠳᠤᠭᠤ︾ ᠭᠡᠵᠦ ᠨᠡᠷᠡᠯᠡᠵᠠᠢ᠃ | ᠦᠵᠦᠮᠤᠴᠢᠨ ᠠᠳᠤᠭᠤ ᠵᠢᠷᠤᠭ᠎ᠠ ᠪᠠᠷ ᠢᠶᠠᠨ ᠠᠯᠳᠠᠷᠰᠢᠵᠠᠢ᠃ ᠭᠤᠣᠯᠳᠠᠭᠤ ᠵᠡᠭᠦᠨ ᠦᠵᠦᠮᠦᠴᠢᠨ ᠬᠤᠰᠢᠭᠤᠨ ᠤ ᠡᠷᠢᠶᠡᠨᠭᠤᠪᠢ ᠰᠣᠮᠦ᠂ ᠤᠯᠠᠭᠠᠢ ᠭᠤᠤᠯ ᠳᠠᠭᠠᠤ | ᠲᠠᠷᠬᠠᠯᠳᠠ ᠲᠠᠢ᠃ ᠲᠡᠶᠢᠨ ᠬᠦ ︽ᠤᠯᠠᠭᠠᠢ ᠭᠤᠤᠯ ᠠᠴᠠ ᠤᠤᠭᠤᠭᠰᠠᠨ ᠠᠳᠤᠭᠤ ᠪᠦᠬᠦᠨ ᠵᠢᠷᠤᠭ᠎ᠠ᠂ ᠦᠵᠦᠮᠤᠴᠢᠨ ᠨᠤᠳᠤᠭ ᠲᠤ ᠲᠦᠷᠦᠭᠰᠡᠨ ᠬᠦᠦ ᠪᠦᠬᠦᠨ | ᠪᠦᠬᠡ︾ ᠭᠡᠳᠡᠭ᠃ ᠦᠵᠦᠮᠤᠴᠢᠨ ᠠᠳᠤᠭᠤ ᠪᠤᠯ ᠲᠡᠰᠪᠤᠷᠢ ᠳᠠᠭᠠᠭᠠᠴᠠᠳᠠᠢ᠂ ᠰᠨᠳᠠᠰᠤᠷᠬᠠᠭ ᠪᠠᠶᠢᠳᠠᠭ᠃ ᠲᠠᠩ ᠤᠯᠤᠰ ᠤᠨ ᠬᠤᠢ ᠶᠣᠣ ᠪᠢᠴᠢᠭ ᠲᠤ ᠲᠦᠷᠺ ︵ | ᠲᠦᠷᠦᠭ︶ ᠠᠳᠤᠭᠤ ᠪᠣᠯ ᠤᠷᠠᠯᠢᠭ᠂ ᠪᠡᠶ᠎ᠠ ᠪᠢᠯᠳᠠᠷ ᠰᠠᠶᠢᠳᠠᠢ᠂ ᠬᠦᠴᠦ ᠴᠢᠳᠠᠯ ᠲᠠᠢ᠂ ᠠᠪᠠ ᠳᠤ ᠤᠨᠤᠬᠤ ᠳᠤ ᠠᠳᠠᠯᠢᠳᠬᠠᠰᠢ ᠦᠭᠡᠢ ᠰᠠᠶᠢᠨ ᠭᠡᠵᠦ ᠲᠡᠮᠳᠡᠭᠯᠡᠵᠠᠢ | ᠃ ︽ᠪᠠᠶᠢᠴᠠᠭᠠᠯᠳᠠ ᠶᠢ ᠦᠨᠳᠦᠰᠦᠯᠡᠪᠡᠯ ᠠᠳᠡ ᠲᠡᠮᠳᠡᠭᠯᠡᠭᠰᠡᠨ ᠲᠦᠷᠺ ᠠᠳᠤᠭᠤ ᠪᠣᠯ ᠣᠳᠤ ᠶᠢᠨ ᠦᠵᠦᠮᠤᠴᠢᠨ ᠠᠳᠤᠭᠤ ᠪᠤᠯᠤᠨ᠎ᠠ︾ ᠭᠡᠵᠦ ᠦᠪᠦᠷ | ᠮᠣᠩᠭᠤᠯ ᠤᠨ ᠮᠠᠯ ᠠᠵᠦ ᠠᠬᠤᠢ ᠶᠢᠨ ᠲᠢᠩᠬᠢᠮ ᠤᠨ ᠮᠠᠯ ᠤᠨ ᠡᠭᠦᠯᠳᠡᠷ ᠢ ᠰᠠᠶᠢᠵᠢᠷᠠᠭᠤᠯᠬᠤ ᠲᠣᠪᠴᠢᠶᠠᠨ ᠠᠴᠠ ︽ᠦᠪᠦᠷ ᠮᠣᠩᠭᠤᠯ ᠤᠨ ᠡᠳᠦᠷ ᠤᠨ ᠰᠣᠨᠢᠨ︾ | ᠳᠡᠭᠡᠷ᠎ᠡ 1961 ᠣᠨ ᠳᠤ ᠨᠡᠶᠢᠳᠡᠯᠡᠭᠰᠡᠨ ᠪᠠᠶᠢᠨ᠎ᠠ᠃ ᠡᠨᠡ ᠨᠤᠳᠠᠯᠠᠯ ᠬᠡᠷᠪᠡ ᠲᠡᠤᠬᠡ ᠶᠢᠨ ᠦᠨᠡᠨ ᠲᠠᠢ ᠨᠡᠶᠢᠴᠡᠬᠦ ᠳᠤ ᠬᠦᠷᠪᠡᠯ ᠡᠨᠡ ᠨᠢ ᠦᠵᠦᠮᠤᠴᠢᠨ | ᠠᠳᠤᠭᠤ ᠶᠢᠨ ᠡᠭᠦᠰᠦᠯ ᠭᠠᠷᠤᠯ ᠮᠠᠰᠢ ᠶᠡᠭᠡ ᠡᠷᠳᠡᠨ ᠤ ᠪᠣᠯᠬᠤ ᠶᠢ ᠲᠣᠳᠤᠷᠬᠠᠶᠢᠯᠠᠵᠦ ᠪᠠᠶᠢᠨ᠎ᠠ᠃ ᠬᠡᠷᠪᠡ ᠲᠦᠷᠺ ᠠᠳᠤᠭᠤᠨ ᠤ ᠴᠢᠰᠤ ᠬᠤᠯᠢᠯᠳᠤᠯᠠ ᠭᠡᠵᠦ | ᠦᠵᠡᠬᠦ ᠳᠤ ᠬᠦᠷᠪᠡᠯ ᠲᠡᠷᠡ ᠨᠢ ᠲᠦᠷᠺ ᠤᠨ ᠬᠠᠭᠠᠨᠳᠤ ᠤᠯᠤᠰ ᠤᠨ ᠦᠶ᠎ᠡ ︵ᠤᠨ ᠲᠤᠭᠠᠯᠠᠯ ᠤᠨ 5᠂ 6 ᠳ᠋ᠤᠭᠠᠷ ᠵᠠᠭᠤᠨ ᠤ ᠦᠶ᠎ᠡ︶ ᠪᠣᠶᠣ ᠢᠨᠠᠳᠤ ᠵᠠᠬ᠎ᠠ | ᠳᠠᠭᠠᠨ ᠪᠠᠷᠠᠭᠤᠨᠰᠢ ᠨᠡᠭᠦᠳᠡᠯᠯᠡᠭᠰᠡᠨ ᠿᠸᠦ ᠿᠠᠨ ᠤ ᠪᠣᠴᠠᠵᠦ ᠢᠷᠡᠭᠰᠡᠨ 9᠂ 10 ᠳ᠋ᠤᠭᠠᠷ ᠵᠠᠭᠤᠨ ᠲᠠᠢ ᠬᠤᠯᠪᠤᠭᠳᠠᠨ᠎ᠠ᠃ ᠦᠵᠦᠮᠤᠴᠢᠨ ᠠᠳᠤᠭᠤ ᠮᠠᠰᠢ | ᠰᠤᠷᠭᠤᠭ᠂ ᠭᠡᠭᠡᠨᠴᠢᠷ ᠭᠤᠶᠤᠮᠰᠤᠭ ᠳᠤᠮᠳᠠ ᠬᠡᠪ ᠤᠨ ᠪᠡᠶ᠎ᠡ ᠲᠠᠢ᠂ ᠲᠣᠯᠤᠭᠠᠢ ᠦᠨᠳᠦᠷ᠂ ᠬᠦᠵᠦᠭᠦᠦ ᠤᠷᠳᠤ᠂ ᠨᠢᠷᠤᠭᠤ ᠵᠤ ᠨᠢ ᠤᠷᠳᠤ ᠲᠡᠭᠰᠢ ᠪᠦᠭᠡᠳ ᠦᠷᠭᠡᠨ | ᠂ ᠪᠦᠭᠰᠡᠨ ᠪᠡᠶ᠎ᠡ ᠨᠢ ᠪᠣᠭᠤᠨᠢ᠂ ᠴᠡᠭᠡᠵᠢ ᠨᠢ ᠦᠷᠭᠡᠨ᠂ ᠳᠦᠷᠪᠡᠨ ᠮᠦᠴᠢ ᠨᠢ ᠪᠠᠬᠢᠯᠢᠭ᠌᠂ ᠪᠣᠷᠪᠢ ᠨᠢ ᠳᠤᠣᠷ᠎ᠠ᠂ ᠪᠡᠶ᠎ᠡ ᠨᠢ ᠪᠠᠬᠢ ᠪᠣᠷᠤᠭ ᠪᠦᠭᠡᠳ ᠪᠣᠯᠴᠢᠩ | ᠰᠠᠶᠢᠳᠠᠢ᠂ ᠦᠩᠭᠡ ᠵᠢᠰᠤᠮ ᠨᠢ ᠣᠯᠠᠨ ᠶᠠᠩᠵᠦ ᠪᠣᠯᠪᠠᠴᠦ ᠪᠣᠷᠤ᠂ ᠭᠡᠭᠡᠷ᠂ ᠰᠢᠷᠭᠠᠯ ᠵᠢᠰᠤᠮ ᠭᠤᠣᠯᠳᠠᠳᠠᠭ᠃ ᠦᠵᠤᠮᠦᠴᠢᠨ ᠠᠳᠤᠭᠤᠨ ᠤ ᠶᠡᠷᠦ ᠶᠢᠨ ᠮᠣᠩᠭᠤᠯ | ᠠᠳᠤᠭᠤᠨ ᠠᠴᠠ ᠬᠡᠯᠪᠡᠷᠢ ᠳᠦᠷᠰᠦ ᠪᠠᠷ ᠢᠶᠠᠨ ᠢᠯᠭᠠᠭᠳᠠᠬᠤ ᠲᠠᠯ᠎ᠠ ᠭᠡᠪᠡᠯ ᠲᠣᠯᠤᠭᠠᠢ ᠬᠦᠵᠦᠭᠦᠦ ᠨᠢ ᠴᠡᠪᠡᠷ ᠪᠦᠭᠡᠳ ᠬᠦᠩᠭᠡᠨ᠂ ᠪᠡᠶ᠎ᠡ ᠨᠢ ᠪᠦᠳᠦᠭᠦᠨ ᠪᠦᠭᠡᠳ | ᠪᠠᠬᠢᠯᠢᠭ᠌᠂ ᠪᠦᠳᠦᠴᠡ ᠨᠢ ᠲᠡᠩᠴᠡᠭᠦᠨ᠂ ᠳᠦᠷᠪᠡᠨ ᠮᠦᠴᠢ ᠨᠢ ᠰᠢᠷᠪᠤᠰᠦᠯᠢᠭ ᠮᠦᠷᠳᠡᠭᠡᠨ ᠬᠦᠴᠦᠳᠠᠢ᠂ ᠳᠡᠯ ᠰᠡᠭᠦᠯ ᠨᠢ ᠵᠤᠵᠠᠭᠠᠨ ᠪᠠᠶᠢᠳᠠᠭ ᠲᠤ ᠣᠷᠤᠰᠢᠨ᠎ᠠ᠃ | ᠦᠵᠦᠮᠤᠴᠢᠨ ᠠᠳᠤᠭᠤ ᠤᠨᠤᠵᠦ ᠬᠦᠯᠬᠦ ᠬᠤᠶᠠᠷ ᠬᠡᠷᠡᠭᠯᠡᠭᠡᠨ ᠤ ᠠᠯᠢᠨ ᠳᠤ ᠴᠦ ᠲᠣᠬᠢᠷᠠᠨ᠎ᠠ᠃ ᠰᠤᠭᠤᠶᠢᠭᠰᠠᠨ ᠪᠡᠶ᠎ᠡ ᠲᠠᠢ ᠨᠢ ᠤᠨᠤᠬᠤ ᠳᠤ ᠵᠣᠬᠢᠴᠠᠵᠦ᠂ ᠯᠠᠭᠯᠠᠭᠠᠷ | ᠪᠡᠶ᠎ᠡ ᠲᠠᠢ ᠨᠢ ᠬᠦᠯᠬᠦ ᠳᠤ ᠲᠣᠬᠢᠷᠠᠮᠵᠢᠳᠠᠢ ᠪᠠᠶᠢᠳᠠᠭ᠃ ᠦᠵᠦᠮᠤᠴᠢᠨ ᠠᠳᠤᠭᠤ ᠳᠠᠭᠠᠭᠠᠴᠠ ᠰᠠᠶᠢᠳᠠᠢ ᠪᠣᠯᠬᠤᠷ ᠪᠠᠶᠢᠰᠡ ᠶᠢᠨ ᠰᠦᠮ᠎ᠡ ᠠᠴᠠ ᠰᠢᠨᠡᠰᠦᠮ᠎ᠡ ᠬᠦᠷᠬᠦ | 700 ︵350 ᠺᠢᠯᠤᠮᠧᠳ᠋ᠷ ︶ ᠤᠨ ᠵᠠᠮ ᠢ ᠡᠳᠦᠷ ᠲᠤ ᠬᠦᠷᠴᠢᠭᠡᠳᠡᠭ ᠮᠣᠷᠢᠳ ᠣᠯᠠᠨ ᠪᠠᠶᠢᠭᠰᠠᠨ ᠶᠣᠮ᠃ | ᠰᠦᠨᠢᠳ ᠤᠷᠠᠳ ᠤᠯᠠᠭᠠᠨᠴᠠᠪ ᠠᠳᠤᠭᠤ | ᠰᠦᠨᠢᠳ ᠤᠷᠠᠳ ᠤᠯᠠᠭᠠᠨᠴᠠᠪ ᠤᠨ ᠬᠠᠩᠭᠠᠢ ᠭᠤᠪᠢ᠂ ᠲᠠᠯ᠎ᠠ ᠨᠤᠳᠤᠭ ᠢᠶᠠᠷ ᠲᠠᠷᠬᠠᠵᠦ ᠪᠠᠶᠢᠳᠠᠭ᠃ ᠡᠳᠡᠭᠡᠷ ᠨᠤᠳᠤᠭ ᠤᠨ ᠠᠭᠤᠷ ᠠᠮᠢᠰᠬᠤᠯ ᠡᠪᠡᠰᠦ | ᠪᠡᠯᠴᠢᠭᠡᠷ ᠨᠢ ᠦᠨᠳᠦᠰᠦᠨ ᠳᠡᠭᠡᠨ ᠠᠳᠠᠯᠢ ᠶᠣᠮ᠃ ᠰᠦᠨᠢᠳ ᠤᠷᠠᠳ ᠤᠯᠠᠭᠠᠨᠴᠠᠪ ᠠᠳᠤᠭᠤ ᠨᠢ ᠬᠡᠳᠦ᠋ᠢᠪᠡᠷ ᠦᠵᠦᠮᠤᠴᠢᠨ ᠠᠳᠤᠭᠤ ᠶᠢ ᠪᠣᠳᠤᠪᠠᠯ ᠪᠡᠶ᠎ᠡ ᠪᠠᠷ | ᠪᠠᠭ᠎ᠠ ᠪᠣᠯᠪᠠᠴᠦ ᠲᠡᠭᠰᠢ ᠴᠢᠮᠪᠠᠢ᠂ ᠴᠡᠭᠡᠵᠢ ᠭᠦᠨ ᠪᠦᠭᠡᠳ ᠦᠷᠭᠡᠨ᠂ ᠵᠤ ᠨᠢᠷᠤᠭᠤ ᠠᠪᠰᠠᠷᠬᠠᠨ᠂ ᠬᠠᠷᠠᠭᠠᠮ ᠰᠠᠶᠢᠳᠠᠢ᠂ ᠪᠣᠰᠤᠭ᠎ᠠ ᠴᠢᠬᠢ᠂ ᠴᠣᠮᠪᠤᠨ ᠲᠤᠭᠤᠷᠠᠢ | ᠲᠠᠢ᠂ ᠪᠡᠶ᠎ᠡ ᠪᠠᠬᠢᠯᠢᠭ᠌᠂ ᠴᠣᠪᠤᠭᠤ ᠳᠡᠭᠵᠢᠨ᠂ ᠭᠠᠩᠳᠠᠮᠠᠯ ᠲᠠᠴᠢᠷ ᠪᠠᠶᠢᠭᠠᠯᠢ ᠳᠤ ᠤᠨᠴᠠ ᠵᠣᠬᠢᠴᠠᠭᠰᠠᠨ ᠣᠨᠴᠠᠯᠢᠭ ᠲᠠᠢ ᠪᠦᠭᠡᠳ ᠭᠤᠣᠯ ᠨᠢ ᠬᠤᠷᠳᠤᠨ | ᠬᠦᠯᠦᠭ ᠤᠨ ᠤᠳᠤᠮᠳᠤ ᠠᠳᠤᠭᠤ ᠶᠤᠮ᠃ ᠠᠳᠡ ᠠᠴᠠ ᠬᠤᠷᠳᠤᠨ ᠭᠦᠶᠦᠳᠡᠯ ᠲᠠᠢ᠂ ᠬᠤᠯᠠ ᠳᠤ ᠳᠠᠭᠠᠭᠠᠴᠠᠳᠠᠢ ᠮᠣᠷᠢ ᠲᠡᠤᠬᠡᠨ ᠳᠤ ᠣᠯᠠᠨ ᠭᠠᠷᠴᠦ ᠪᠠᠶᠢᠵᠠᠢ᠃ | ᠴᠢᠩ ᠤᠯᠤᠰ ᠤᠨ ᠦᠶ᠎ᠡ ᠳᠤ ᠡᠳᠡᠭᠡᠷ ᠬᠤᠰᠢᠭᠤᠳ ᠤᠨ ᠮᠣᠷᠢ ᠡᠯ᠎ᠡ ᠴᠢᠭᠤᠯᠭᠠᠨ ᠳᠤ ᠨᠡᠷ᠎ᠡ ᠠᠯᠳᠠᠷᠰᠢᠵᠦ ᠪᠠᠶᠢᠭᠰᠠᠨ ᠪᠦᠭᠡᠳ ᠡᠳᠦᠭᠡ ᠴᠦ ᠭᠡᠰᠡᠨ | ᠤᠷᠤᠯᠳᠤᠭᠠᠨ ᠤ ᠮᠠᠩᠯᠠᠢ ᠪᠣᠯᠵᠦ ᠪᠠᠶᠢᠨ᠎ᠠ᠃ | ᠦᠦᠰᠢᠨ ᠠᠳᠤᠭᠤ | ᠦᠦᠰᠢᠨ ᠠᠳᠤᠭᠤ ᠪᠣᠯ ᠦᠪᠦᠷ ᠮᠣᠩᠭᠤᠯ ᠤᠨ ᠶᠡᠭᠡ ᠵᠤᠤ ᠠᠶᠢᠮᠠᠭ ᠤᠨ ᠦᠦᠰᠢᠨ ᠬᠤᠰᠢᠭᠤᠨ ᠳᠤ ᠲᠠᠷᠬᠠᠵᠦ ᠪᠠᠶᠢᠳᠠᠭ᠃ ᠲᠤᠰ ᠬᠤᠰᠢᠭᠤ ᠦᠪᠦᠷ | ᠮᠣᠩᠭᠤᠯ ᠤᠨ ᠮᠣᠣᠠᠤᠰᠦ ᠡᠯᠡᠰᠦᠷᠬᠡᠭ ᠣᠷᠤᠨ ᠤ ᠬᠦᠪᠡᠭᠡ ᠵᠠᠬ᠎ᠠ ᠳᠤ ᠣᠷᠤᠰᠢᠵᠦ ᠪᠠᠶᠢᠭ᠎ᠠ ᠪᠣᠯᠬᠤᠷ ᠠᠭᠤᠷ ᠠᠮᠢᠰᠬᠤᠯ ᠭᠠᠩ ᠬᠠᠭᠤᠷᠠᠢ᠂ ᠡᠪᠡᠰᠦ ᠤᠰᠤ | ᠬᠠᠩᠭᠠᠮᠵᠢ ᠦᠭᠡᠢ ᠪᠠᠶᠢᠳᠠᠭ᠃ ᠦᠦᠰᠢᠨ ᠠᠳᠤᠭᠤᠨ ᠤ ᠪᠡᠶ᠎ᠡ ᠨᠢ ᠪᠠᠭᠠᠪᠳᠤᠷ ᠪᠤᠯᠪᠠᠴᠦ ᠭᠤᠪᠠᠢ ᠨᠠᠷᠢᠯᠵᠠᠬᠠᠨ ᠪᠦᠭᠡᠳ ᠴᠣᠪᠤᠭᠤ ᠳᠡᠭᠵᠢᠨ᠂ ᠲᠡᠰᠪᠦᠷᠢ | ᠳᠠᠭᠠᠭᠠᠮᠠᠭᠠᠢ᠂ ᠡᠯᠡᠰᠦᠷᠬᠡᠭ ᠣᠷᠤᠨ ᠤ ᠨᠦᠬᠦᠴᠡᠯ ᠳᠤ ᠵᠣᠬᠢᠴᠵᠦ ᠴᠢᠳᠠᠬᠤ ᠦᠪᠡᠷᠮᠢᠴᠡ ᠣᠨᠴᠠᠯᠢᠭ ᠢ ᠪᠦᠷᠢᠯᠳᠦᠭᠦᠯᠵᠠᠢ᠃ ᠦᠦᠰᠢᠨ ᠠᠳᠤᠭᠤ ᠪᠤᠯ ᠡᠷᠳᠡᠨ ᠤ | ᠦᠶ᠎ᠡ ᠳᠤ ᠲᠠᠯ᠎ᠠ ᠨᠤᠳᠤᠭ ᠤᠨ ᠠᠳᠤᠭᠤᠨ ᠠᠴᠠ ᠰᠠᠯᠵᠦ ᠭᠠᠩ ᠬᠠᠭᠤᠷᠠᠢ ᠡᠯᠡᠰᠦᠨ ᠨᠤᠳᠤᠭ ᠤᠨ ᠪᠠᠶᠢᠭᠠᠯᠢ ᠳᠤ ᠵᠣᠬᠢᠴᠠᠨ ᠬᠡᠯᠪᠡᠷᠡᠵᠢᠭᠰᠡᠨ ᠠᠷᠠᠪ ᠠᠳᠤᠭᠤ ᠲᠠᠢ | ᠬᠡᠯᠪᠡᠷᠢ ᠨᠢᠭᠡᠳᠠᠢ ᠪᠠᠶᠢᠳᠠᠭ᠃ | ᠬᠠᠶᠢᠯᠠᠷ ᠠᠳᠤᠭᠤ | ᠬᠦᠯᠦᠨ ᠪᠤᠶᠢᠷ ᠠᠶᠢᠮᠠᠭ ᠤᠨ ᠡᠷᠭᠦᠨ᠎ᠡ ᠪᠠᠷᠠᠭᠤᠨ ᠬᠤᠰᠢᠭᠤᠨ ᠤ ᠭᠤᠷᠪᠠᠨ ᠭᠤᠣᠯ ᠤᠨ ᠬᠦᠪᠡᠭᠡ ᠳᠠᠭᠠᠤ ᠣᠷᠤᠨ ᠪᠤᠯᠤᠨ ᠶᠡᠭᠡ ᠬᠢᠩᠭᠠᠨ ᠳᠠᠪᠠᠭᠠᠨ ᠠᠴᠠ | ᠪᠠᠷᠠᠭᠤᠨᠰᠢ ᠪᠢᠨ — ᠵᠸᠦ ᠲᠡᠮᠦᠷ ᠵᠠᠮ ᠤᠨ ᠬᠠᠪᠢ ᠶᠢᠨ ᠭᠠᠵᠠᠷ ᠣᠷᠤᠨ ᠢᠶᠠᠷ ᠲᠠᠷᠬᠠᠵᠦ ᠪᠣᠢ᠃ 20 ᠳ᠋ᠤᠭᠠᠷ ᠵᠠᠭᠤᠨ ᠤ ᠲᠠᠪᠢᠭᠠᠳ ᠣᠨ ᠠᠴᠠ ᠡᠮᠦᠨ᠎ᠡ | ᠬᠠᠶᠢᠯᠠᠷ ᠠᠳᠤᠭᠤ ᠭᠡᠵᠦ ᠠᠯᠳᠠᠷᠰᠢᠵᠦ ᠪᠠᠶᠢᠵᠠᠢ᠃ ᠬᠠᠶᠢᠯᠠᠷ ᠠᠳᠤᠭᠤ ᠪᠣᠯ 20 ᠳ᠋ᠤᠭᠠᠷ ᠵᠠᠭᠤᠨ ᠤ ᠡᠬᠢᠨ ᠤ ᠦᠶ᠎ᠡ ︵1904 — 1905 ᠣᠨ︶ ᠪᠠᠷ | ᠤᠤᠯ ᠤᠨ ᠵᠦᠪᠯᠡᠯᠳᠤ ᠶᠢᠨ ᠠᠷᠤ ᠪᠠᠶᠢᠭᠠᠯ ᠤᠨ ᠮᠣᠩᠭᠤᠯ ᠠᠳᠤᠭᠤ ᠪᠣᠯᠣᠨ ᠠᠷᠤ ᠪᠠᠶᠢᠭᠠᠯ ᠤᠨ ᠡᠭᠦᠯᠳᠡᠷ ᠰᠠᠶᠢᠵᠢᠷᠠᠭᠤᠯᠤᠭᠰᠠᠨ ᠠᠳᠤᠭᠤ ︵ᠤᠷᠯᠤᠹ ᠠᠳᠤᠭᠤ᠂ | ᠠᠩᠯᠢ ᠶᠢᠨ ᠴᠡᠪᠡᠷ ᠴᠢᠰᠤᠨ ᠤ ᠠᠳᠤᠭᠤ ᠪᠠ ᠣᠷᠤᠰ ᠤᠨ ᠬᠦᠨᠳᠤ ᠲᠦᠷᠦᠯ ᠤᠨ ᠠᠳᠤᠭᠤᠨ ᠤ ᠡᠷᠯᠢᠰᠡ ᠬᠤᠶᠢᠴᠢ ᠶᠢ ᠬᠡᠯᠡᠵᠦ ᠪᠣᠢ︶ ᠶᠢ ᠲᠤᠰ ᠭᠠᠵᠠᠷ ᠤᠨ | ᠮᠣᠩᠭᠤᠯ ᠠᠳᠤᠭᠤ ᠲᠠᠢ ᠡᠷᠯᠢᠰᠵᠢᠭᠦᠯᠦᠭᠡᠳ ᠭᠠᠷᠤᠭᠰᠠᠨ ᠶᠤᠮ᠃ ᠡᠨᠡ ᠠᠳᠤᠭᠤᠨ ᠤ ᠴᠢᠰᠦᠨ ᠲᠦᠷᠦᠯ ᠨᠢ ᠮᠠᠰᠢ ᠪᠣᠳᠤᠯᠢᠶᠠᠨᠳᠠᠢ᠃ ᠮᠠᠨ ᠤ ᠤᠯᠤᠰ 1917 | — 1930 ᠤᠨ ᠤ ᠦᠶ᠎ᠡ ᠪᠠᠷ ᠣᠷᠤᠰ ᠠᠴᠠ ᠶᠡᠭᠡ ᠣᠯᠠᠨ ᠠᠳᠤᠭᠤ ᠫᠠᠨᠰᠠᠯᠠᠵᠦ ᠠᠪᠴᠢᠷᠠᠵᠠᠢ᠃ 1934 — 1935 ᠣᠨ ᠳᠤ ᠶᠠᠫᠤᠨ ᠬᠦᠮᠦᠨ ᠡᠨᠡ | ᠬᠠᠪᠢ ᠬᠠᠶᠢᠯᠠᠷ ᠠᠳᠤᠭᠤᠨ ᠤ ᠲᠠᠯᠠᠪᠠᠢ ᠭᠠᠷᠭᠠᠵᠦ 150 ᠭᠠᠷᠤᠢ ᠰᠠᠶᠢᠨ ᠡᠭᠦᠯᠳᠡᠷ ᠤᠨ ᠠᠵᠢᠷᠭ᠎ᠠ ᠠᠪᠴᠢᠷᠠᠵᠦ ᠠᠳᠡᠬᠢ ᠠᠳᠤᠭᠤ ᠲᠠᠢ ᠡᠷᠯᠢᠰᠡᠵᠢᠭᠦᠯᠵᠠᠢ᠃ | ᠡᠳᠡᠭᠡᠷ ᠰᠢᠯᠳᠠᠭᠠᠨ ᠠᠴᠠ ᠪᠣᠯᠵᠦ ᠬᠠᠶᠢᠯᠠᠷ ᠠᠳᠤᠭᠤᠨ ᠤ ᠴᠢᠰᠦᠨ ᠰᠦᠯᠪᠡᠭᠡ ᠨᠢ ᠪᠣᠳᠤᠯᠢᠶᠠᠨᠳᠠᠢ ᠪᠣᠯᠵᠠᠢ᠃ ᠭᠡᠪᠡᠴᠦ ᠲᠤᠰ ᠡᠭᠦᠯᠳᠡᠷ ᠤᠤᠯ ᠤᠨ ᠵᠦᠪᠯᠡᠯᠳᠤ ᠶᠢᠨ | ᠠᠷᠤ ᠪᠠᠶᠢᠭᠠᠯ ᠤᠨ ᠮᠣᠩᠭᠤᠯ ᠠᠳᠤᠭᠤ ᠪᠤᠯᠤᠨ ᠲᠤᠰ ᠭᠠᠵᠠᠷ ᠤᠨ ᠮᠣᠩᠭᠤᠯ ᠠᠳᠤᠭᠤᠨ ᠤ ᠣᠨᠴᠠᠯᠢᠭ ᠰᠢᠨᠵᠢ ᠶᠢ ᠭᠤᠤᠯ ᠬᠠᠳᠠᠭᠠᠯᠠᠵᠦ᠂ ᠬᠦᠯᠦᠨ ᠪᠤᠶᠢᠷ ᠤᠨ | ᠲᠠᠯ᠎ᠠ ᠨᠤᠳᠤᠭ ᠤᠨ ᠣᠷᠴᠢᠨ ᠠᠬᠤᠢ ᠶᠢᠨ ᠨᠦᠬᠦᠴᠡᠯ ︵ᠭᠠᠵᠠᠷ ᠵᠦᠢ᠂ ᠠᠭᠤᠷ ᠠᠮᠢᠰᠬᠤᠯ᠂ ᠨᠤᠳᠤᠭ ᠪᠡᠯᠴᠢᠭᠡᠷ︶ ᠳᠤ ᠤᠷᠳᠤ ᠬᠤᠭᠤᠴᠠᠭ᠎ᠠ ᠪᠠᠷ ᠵᠣᠬᠢᠴᠠᠨ | ᠠᠮᠢᠳᠤᠷᠠᠵᠦ ᠢᠷᠡᠭᠰᠡᠨ ᠠᠴᠠ ᠣᠷᠴᠢᠨ ᠲᠣᠭᠤᠷᠢᠨ ᠤ ᠨᠦᠬᠦᠴᠡᠯ ᠲᠠᠢ ᠪᠠᠨ ᠶᠡᠬᠡᠳᠡ ᠨᠡᠶᠢᠴᠡᠭᠰᠡᠨ ᠬᠡᠯᠪᠡᠷᠢ ᠰᠢᠨᠵᠢ᠂ ᠪᠡᠶ᠎ᠡ ᠴᠤᠭᠴᠠ ᠲᠠᠢ ᠮᠣᠩᠭᠤᠯ ᠠᠳᠤᠭᠤᠨ ᠤ | ᠨᠤᠳᠤᠭ ᠤᠨ ᠰᠠᠶᠢᠨ ᠡᠭᠦᠯᠳᠡᠷ ᠤᠨ ᠠᠳᠤᠭᠤ ᠪᠣᠯᠵᠦ ᠴᠢᠳᠠᠭᠰᠠᠨ ᠪᠠᠶᠢᠨ᠎ᠠ᠃ | 20 ᠳ᠋ᠤᠭᠠᠷ ᠵᠠᠭᠤᠨ ᠤ ᠲᠠᠪᠢᠭᠠᠳ ᠣᠨ ᠪᠣᠯᠬᠤ ᠳᠤ ᠡᠨᠡ ᠡᠭᠦᠯᠳᠡᠷ ᠢ ᠣᠯᠠᠮ ᠰᠠᠶᠢᠨ ᠰᠢᠯᠢᠳᠡᠭᠵᠢᠭᠦᠯᠦᠨ ︽ᠭᠤᠷᠪᠠᠨ ᠭᠤᠤᠯ ᠠᠳᠤᠭᠤ︾ ᠭᠡᠵᠦ ᠨᠡᠷᠡᠯᠡᠬᠦ | ᠪᠣᠯᠵᠠᠢ᠃ ᠬᠠᠶᠢᠯᠠᠷ ᠠᠳᠤᠭᠤ ᠨᠢ ᠪᠠᠳᠤ ᠪᠠᠬᠢᠯᠢᠭ᠌ ᠪᠡᠶ᠎ᠡ ᠴᠤᠭᠴᠠᠰ ᠲᠠᠢ᠂ ᠪᠦᠳᠦᠴᠡ ᠲᠡᠩᠴᠡᠭᠦᠬᠡᠨ᠂ ᠪᠣᠯᠴᠢᠩ ᠰᠠᠶᠢᠳᠠᠢ᠂ ᠶᠠᠰᠤᠵᠢᠯᠳᠠ ᠰᠠᠶᠢᠨ᠂ ᠴᠡᠭᠡᠵᠢ | ᠦᠷᠭᠡᠨ ᠪᠦᠭᠡᠳ ᠭᠦᠨ᠂ ᠲᠤᠯᠤᠭᠠᠢ ᠨᠢ ᠲᠤᠮᠤ ᠪᠤᠯᠪᠠᠴᠦ ᠪᠣᠰᠤᠳ ᠴᠣᠭᠴᠠ ᠲᠠᠢ ᠪᠠᠨ ᠲᠡᠩᠴᠡᠭᠦᠨ᠂ ᠰᠤᠷᠳᠤᠯᠵᠠᠭᠰᠠᠨ ᠤᠷᠳᠤ ᠨᠢᠮᠬᠡᠨ ᠴᠢᠬᠢ ᠲᠠᠢ᠂ ᠮᠠᠩᠨᠠᠢ | ᠦᠷᠭᠡᠨ᠂ ᠬᠦᠵᠦᠭᠦᠦ ᠠᠰᠬᠠᠨ ᠪᠠᠬᠢᠯᠢᠭ᠌᠂ ᠰᠡᠷᠪᠡᠭᠡ ᠢᠯᠡᠷᠡᠬᠡᠢ᠂ ᠵᠤ ᠨᠢᠷᠤᠭᠤ ᠨᠢ ᠤᠷᠳᠤ᠂ ᠰᠡᠷᠭᠦᠯᠡᠩ ᠵᠢᠪᠬᠤᠭᠠᠯᠢᠭ᠂ ᠡᠳ᠋ᠯᠡᠬᠦ ᠳᠤ ᠨᠣᠮᠤᠬᠠᠨ᠂ ᠦᠯᠴᠢᠭᠡᠷ | ᠪᠣᠷᠪᠢ ᠲᠠᠢ᠂ ᠪᠣᠷᠤ ᠪᠦᠳᠦᠭᠦᠯᠢᠭ ᠢᠳᠡᠰᠢ ᠲᠠᠢ᠂ ᠪᠠᠷᠤᠭᠳᠠᠢ ᠳᠤ ᠲᠠᠷᠭᠤ ᠠᠯᠳᠠᠬᠤ ᠦᠭᠡᠢ᠂ ᠡᠪᠡᠳᠴᠢᠨ ᠢ ᠡᠰᠡᠷᠭᠦᠴᠡᠬᠦ ᠴᠢᠳᠠᠯ ᠨᠢ ᠰᠠᠶᠢᠨ᠂ ᠬᠦᠴᠦ | ᠬᠤᠷᠳᠤᠴᠠ ᠬᠤᠤᠰᠯᠠᠭᠰᠠᠨ᠂ ᠡᠳ᠋ᠯᠡᠭᠡᠨ ᠳᠤ ᠲᠠᠭᠠᠭᠠᠴᠠᠳᠠᠢ ᠮᠡᠳᠦ ᠶᠢᠨ ᠣᠨᠴᠠᠯᠢᠭ ᠰᠢᠨᠵᠢ ᠲᠠᠢ ᠪᠣᠯᠵᠠᠢ᠃ | ᠬᠡᠰᠢᠭᠳᠡᠨ ᠠᠳᠤᠭᠤ | ᠬᠡᠰᠢᠭᠳᠡᠨ ᠤ ᠵᠢᠷᠤᠭ᠎ᠠ ᠮᠣᠷᠢ ᠤᠤᠯ ᠨᠢ ᠬᠡᠰᠢᠭᠳᠡᠨ ᠤ ᠪᠠᠶᠢᠴᠠ ᠶᠢᠨ ᠭᠤᠤᠯ ᠳᠠᠭᠠᠤ ᠭᠠᠵᠠᠷ ᠢᠶᠠᠷ ᠤᠳᠤᠮ ᠲᠠᠢ ᠪᠠᠶᠢᠭᠰᠠᠨ ᠠᠴᠠ ᠪᠠᠶᠢᠴᠠ ᠶᠢᠨ ᠵᠢᠷᠤᠭ᠎ᠠ ᠮᠣᠷᠢ | ᠭᠡᠳᠡᠭ ᠪᠠᠶᠢᠵᠠᠢ᠃ ᠤᠳᠤ ᠬᠡᠰᠢᠭᠳᠡᠨ ᠳᠤ ᠵᠡᠭᠦᠨ ᠪᠠᠷᠠᠭᠤᠨ ᠠᠷᠤ ᠶᠢᠨ ᠮᠠᠯᠵᠢᠬᠤ ᠣᠷᠤᠨ ᠢᠶᠠᠷ ᠨᠡᠶᠢᠳᠡᠮ ᠲᠠᠷᠬᠠᠵᠦ᠂ ᠤᠳᠤᠮ ᠨᠢ ᠦᠷᠭᠡᠵᠢᠨ ᠤᠨᠤᠭᠠᠷᠢ ᠶᠢᠨ | ᠮᠣᠷᠢᠳ ᠤᠨ ᠣᠯᠠᠩᠬᠢ ᠨᠢ ᠵᠢᠷᠤᠭ᠎ᠠ ᠪᠣᠯᠤᠭᠰᠠᠨ ᠢᠶᠠᠷ ᠤᠤᠯ ᠤᠨ ᠨᠡᠷᠡᠶᠢᠳᠤᠯ ᠨᠢ ᠦᠷᠭᠡᠵᠢᠭᠡᠳ ᠬᠡᠰᠢᠭᠳᠡᠨ ᠵᠢᠷᠤᠭ᠎ᠠ ᠮᠣᠷᠢ ᠭᠡᠬᠦ ᠪᠤᠯᠵᠠᠢ᠃ ᠴᠢᠩ ᠤᠯᠤᠰ ᠤᠨ | ᠡᠩᠬᠡ ᠠᠮᠤᠭᠤᠯᠠᠩ ᠬᠠᠭᠠᠨ ᠨᠢᠭᠡ ᠤᠳᠠᠭ᠎ᠠ ᠬᠡᠰᠢᠭᠳᠡᠨ ᠢᠶᠠᠷ ᠦᠩᠭᠡᠷᠡᠬᠦ ᠳᠡᠭᠡᠨ ᠬᠡᠰᠢᠭᠳᠡᠨ ᠤ ᠵᠢᠷᠤᠭ᠎ᠠ ᠮᠣᠷᠢ ᠶᠢ ᠤᠨᠤᠵᠦ ᠦᠵᠡᠭᠡᠳ ᠦᠨᠳᠦᠷ ᠦᠨᠡᠯᠡᠵᠦ ︽ | ᠵᠢᠷᠤᠭ᠎ᠠ ᠮᠣᠷᠢᠨ ᠤ ᠨᠤᠳᠤᠭ ᠬᠡᠰᠢᠭᠳᠡᠨ︾ ᠭᠡᠵᠦ ᠮᠠᠭᠳᠠᠯ᠎ᠠ ᠭᠡᠳᠡᠭ ᠤᠯᠠᠮᠵᠢᠯᠠᠯ ᠶᠠᠷᠢᠶ᠎ᠠ ᠪᠣᠢ᠃ ᠬᠡᠰᠢᠭᠳᠡᠨ ᠵᠢᠷᠤᠭ᠎ᠠ ᠮᠣᠷᠢ ᠳᠤᠮᠳᠠ ᠵᠡᠷᠭᠡ ᠶᠢᠨ ᠪᠡᠶ᠎ᠡ ᠲᠠᠢ | ᠪᠦᠭᠡᠳ ᠵᠢᠰᠤᠮ ᠨᠢ ᠬᠠᠷ᠎ᠠ ᠪᠤᠷᠤ ᠪᠤᠶᠤ ᠬᠦᠷᠡᠩ ᠵᠡᠷᠭᠡ ᠳᠠᠩ ᠦᠩᠭᠡ ᠪᠠᠷ ᠭᠤᠣᠯᠯᠠᠭᠰᠨ ᠶᠤᠮ᠃ ᠲᠤᠯᠤᠭᠠᠢ ᠴᠡᠭᠡᠵᠢ ᠨᠢ ᠰᠢᠯᠤᠭᠤᠪᠳᠤᠷ᠂ ᠴᠢᠬᠢ ᠨᠢ ᠦᠨᠳᠦᠷ | ᠂ ᠬᠠᠮᠠᠷ ᠤᠨ ᠨᠦᠬᠡ ᠨᠢ ᠰᠠᠷᠳᠠᠭᠠᠷ᠂ ᠰᠡᠭᠦᠯ ᠨᠢ ᠠᠭᠰᠢᠭᠤᠨ ᠪᠦᠭᠡᠳ ᠤᠷᠳᠤ᠂ ᠳᠡᠯ ᠨᠢ ᠰᠢᠩᠭᠡᠪᠳᠤᠷ᠂ ᠴᠡᠭᠡᠵᠢ ᠨᠢ ᠠᠭᠤᠵᠢᠮ᠂ ᠨᠢᠷᠤᠭᠤ ᠨᠢ ᠲᠡᠭᠰᠢ᠂ | ᠲᠠᠰᠢᠶ᠎ᠠ ᠨᠢ ᠦᠷᠭᠡᠨ᠂ ᠲᠤᠭᠤᠷᠠᠢ ᠨᠢ ᠴᠣᠮᠪᠤᠨ᠂ ᠠᠭᠤᠯᠠ ᠲᠠᠯ᠎ᠠ᠂ ᠡᠯᠡᠰᠦᠨ ᠭᠠᠵᠠᠷ ᠤᠨ ᠠᠯᠢᠨ ᠳᠤᠨᠢ ᠴᠦ ᠵᠢᠷᠤᠭᠠᠯᠠᠵᠦ ᠴᠢᠳᠠᠳᠠᠭ᠃ ᠬᠡᠰᠢᠭᠳᠡᠨ ᠵᠢᠷᠤᠭ᠎ᠠ | ᠮᠣᠷᠢ ᠶᠢ ᠤᠬᠠᠭᠠᠨ ᠵᠢᠷᠤᠭ᠎ᠠ᠂ ᠤᠨᠤᠵᠦ ᠣᠷᠤᠭᠤᠯᠤᠭᠰᠠᠨ ᠵᠢᠷᠤᠭ᠎ᠠ ᠭᠡᠵᠦ ᠬᠤᠶᠠᠷ ᠬᠤᠪᠢᠶᠠᠨ᠎ᠠ᠃ ᠬᠡᠰᠢᠭᠳᠡᠨ ᠵᠢᠷᠤᠭ᠎ᠠ ᠮᠣᠷᠢ ᠶᠢ ᠡᠷᠳᠡᠨ ᠠᠴᠠ ᠠᠪᠤᠭᠠᠳ | ᠡᠳᠦᠭᠡ ᠬᠦᠷᠳᠡᠯ᠎ᠡ ᠦᠵᠤᠮᠤᠴᠢᠨ᠂ ᠴᠠᠬᠠᠷ᠂ ᠠᠪᠠᠭ᠎ᠠ᠂ ᠰᠦᠨᠢᠳ ᠤᠨ ᠮᠣᠩᠭᠤᠯᠴᠤᠳ ᠶᠡᠬᠡᠳᠡ ᠪᠠᠭ᠋ᠠᠷᠬᠠᠨ ᠤᠨᠤᠭᠠᠷᠢ ᠪᠤᠯᠭᠠᠬᠤ ᠪᠤᠶᠤ ᠲᠡᠵᠢᠭᠡᠵᠦ ᠦᠷᠡᠵᠢᠭᠦᠯᠵᠦ | ᠢᠷᠡᠭᠰᠡᠨ ᠲᠡᠤᠬᠡ ᠲᠠᠢ᠃ | |