| ᠣᠷᠴᠣᠨ ᠤ ᠥᠪᠡᠷᠲᠡᠭᠡᠨ ᠵᠠᠰᠠᠬᠤ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠬᠡᠷᠡᠭ ᠶᠠᠪᠤᠳᠠᠯ ᠤᠨ ᠲᠣᠪᠴᠢᠶ᠎ᠠ ︵ᠴᠡᠷᠢᠭ ᠠᠴᠠ ᠬᠠᠯᠠᠭᠳᠠᠭᠰᠠᠳ ᠤᠨ | ᠬᠡᠷᠡᠭ ᠶᠠᠪᠤᠳᠠᠯ ᠤᠨ ᠲᠣᠪᠴᠢᠶ᠎ᠠ ᠭᠡᠵᠦ ᠲᠣᠪᠴᠢᠯᠠᠨ᠎ᠠ︶ ᠨᠢ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠵᠢᠯ ᠤᠨ ᠰᠠᠯᠠᠭ᠎ᠠ ᠮᠥᠴᠢᠷ ᠪᠣᠯᠤᠨ᠎ᠠ᠃ | ᠳᠤᠮᠳᠠᠳᠤ ᠤᠯᠤᠰ ᠤᠨ ᠡᠪ ᠬᠠᠮᠲᠤ ᠨᠠᠮ ᠤᠨ ᠣᠷᠴᠣᠨ ᠤ ᠥᠪᠡᠷᠲᠡᠭᠡᠨ ᠵᠠᠰᠠᠬᠤ ᠬᠤᠰᠢᠭᠤᠨ ᠤ ᠬᠤᠷᠢᠶᠠᠨ ᠤ ᠴᠡᠷᠢᠭ ᠠᠴᠠ ᠬᠠᠯᠠᠭᠳᠠᠭᠰᠠᠳ ᠤᠨ ᠶᠠᠪᠤᠳᠠᠯ ᠤᠨ | ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠬᠡᠷ ᠢ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠬᠡᠷᠡᠭ ᠶᠠᠪᠤᠳᠠᠯ ᠤᠨ ᠲᠣᠪᠴᠢᠶ᠎ᠠ ᠳᠤ ᠳᠣᠭᠢᠷᠠᠭᠤᠯᠵᠤ | ᠂ ᠬᠤᠰᠢᠭᠤᠨ ᠤ ᠨᠠᠮ ᠤᠨ ᠬᠤᠷᠢᠶᠠᠨ ᠤ ᠴᠡᠷᠢᠭ ᠠᠴᠠ ᠬᠠᠯᠠᠭᠳᠠᠭᠰᠠᠳ ᠤᠨ ᠶᠠᠪᠤᠳᠠᠯ ᠤᠨ ᠠᠵᠢᠯ ᠤᠨ ᠤᠳᠤᠷᠢᠳᠬᠤ ᠳᠤᠭᠤᠶᠢᠯᠠᠩ ᠤᠨ ᠰᠢᠭᠤᠳ | ᠤᠳᠤᠷᠢᠳᠤᠯᠭ᠎ᠠ ᠶᠢ ᠬᠦᠯᠢᠶᠡᠨ᠎ᠡ᠃ | ᠨᠢᠭᠡ᠂ ᠭᠤᠣᠯ ᠡᠭᠦᠷᠭᠡ ᠬᠠᠷᠢᠭᠤᠴᠠᠯᠭ᠎ᠠ | ︵ᠨᠢᠭᠡ︶ ᠴᠡᠷᠢᠭ ᠤᠨ ᠠᠯᠪᠠᠨ ᠠᠴᠠ ᠪᠠᠭᠤᠭᠰᠠᠳ ᠤᠨ ᠠᠵᠢᠯ ᠤᠨ ᠲᠤᠬᠠᠶ ᠳᠡᠭᠡᠳᠦ ᠱᠠᠲᠤᠨ ᠤ ᠬᠠᠤᠯᠢ ᠴᠠᠭᠠᠵᠠ ᠬᠠᠤᠯᠢ ᠲᠣᠭᠲᠠᠭᠠᠯ ᠵᠢᠴᠢ ᠬᠤᠯᠪᠣᠭᠳᠠᠯ | ᠪᠦᠬᠦᠢ ᠲᠥᠷᠥ ᠶᠢᠨ ᠪᠣᠳᠣᠯᠭ᠎ᠠ ᠶᠢ ᠲᠤᠤᠱᠯᠠᠭᠤᠯᠤᠨ ᠬᠡᠷᠡᠭᠵᠢᠭᠦᠯᠬᠦ ᠬᠡᠷᠡᠭᠲᠡᠶ᠃ ᠪᠥᠬᠦ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠦᠵᠡᠯ ᠰᠠᠨᠠᠭ᠎ᠠ ᠤᠯᠤᠰ | ᠲᠥᠷᠥ᠂ ᠬᠠᠮᠢᠶᠠᠷᠤᠯᠲᠠ ᠪᠠᠲᠤᠯᠠᠭ᠎ᠠ ᠪᠠ ᠲᠥᠪᠬᠢᠨᠡᠭᠦᠯᠵᠦ ᠬᠠᠷᠠᠭᠠᠯᠵᠠᠬᠤ ᠬᠠᠮᠢᠶ᠎ᠠ ᠪᠥᠬᠦᠶ ᠲᠥᠷᠥ ᠶᠢᠨ ᠪᠣᠳᠣᠯᠭ᠎ᠠ ᠶᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ | ᠬᠠᠮᠢᠶ᠎ᠠ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠴᠡᠷᠢᠭ ᠠᠴᠠ ᠬᠠᠯᠠᠭᠳᠠᠭᠰᠠᠳ ᠤᠨ ᠣᠨᠴᠠᠭᠠᠢ ᠪᠠᠲᠤᠯᠠᠭ᠎ᠠ ᠶᠢᠨ ᠲᠥᠷᠥ ᠶᠢᠨ ᠪᠣᠳᠣᠯᠭ᠎ᠠ ᠶᠢ ᠲᠣᠭᠲᠠᠭᠠᠬᠤ ᠶᠢᠨ | ᠬᠠᠮᠲᠤ ᠵᠣᠬᠢᠶᠠᠨ ᠪᠠᠶᠢᠭᠤᠯᠤᠨ ᠨᠠᠶᠢᠳᠠᠪᠤᠷᠢᠵᠢᠭᠤᠯᠤᠨ᠎ᠠ᠃ ᠴᠡᠷᠢᠭ ᠠᠴᠠ ᠬᠠᠯᠠᠭᠳᠠᠭᠰᠠᠳ ᠤᠨ ᠨᠠᠮ᠂ ᠤᠯᠤᠰ ᠪᠣᠯᠤᠨ ᠠᠷᠠᠳ ᠲᠦᠮᠡᠨ ᠤ ᠲᠥᠯᠥᠭᠡ ᠬᠤᠪᠢ ᠨᠡᠮᠡᠷᠢ | ᠦᠵᠡᠭᠦᠯᠬᠦ ᠤᠶᠤᠨ ᠰᠠᠨᠠᠭᠠᠨ ᠤ ᠬᠡᠪ ᠨᠠᠮᠪᠠ ᠪᠣᠯᠤᠨ ᠦᠷᠳᠡᠭ ᠤᠨ ᠤᠳᠤᠷᠢᠳᠤᠮᠵᠢ ᠶᠢ ᠪᠠᠳᠠᠷᠠᠭᠤᠯᠤᠨ ᠢᠯᠡᠷᠡᠭᠦᠯᠦᠨ᠎ᠡ᠃ ᠰᠢᠶᠠᠩ ᠪᠠᠯᠭᠠᠰᠤᠨ ᠤ ᠬᠠᠮᠢᠶ᠎ᠠ ᠪᠦᠬᠦᠢ | ᠠᠵᠢᠯ ᠢ ᠥᠷᠨᠢᠭᠦᠯᠬᠦ ᠶᠢ ᠵᠢᠯᠣᠭᠤᠳᠤᠨ᠎ᠠ᠃ | ︵ᠬᠤᠶᠠᠷ︶ ᠴᠡᠷᠢᠭ ᠠᠴᠠ ᠬᠠᠯᠠᠭᠳᠠᠭᠰᠠᠳ ᠢ ᠲᠥᠪᠬᠢᠨᠡᠭᠦᠯᠬᠦ ᠠᠵᠢᠯ ᠢ ᠬᠠᠷᠢᠭᠤᠴᠠᠨ᠎ᠠ᠃ ᠴᠡᠷᠢᠭ ᠠᠴᠠ ᠰᠢᠯᠵᠢᠭᠰᠡᠨ ᠺᠠᠳ᠋ᠷ᠂ ᠴᠡᠷᠢᠭ ᠠᠴᠠ ᠬᠠᠯᠠᠭᠳᠠᠭᠰᠠᠨ | ᠺᠠᠳ᠋ᠷ᠂ ᠠᠵᠢᠯ ᠠᠴᠠ ᠪᠠᠨ ᠠᠮᠠᠷᠠᠭᠰᠠᠨ ᠺᠠᠳ᠋ᠷ᠂ ᠴᠡᠷᠢᠭ ᠤᠨ ᠠᠯᠪᠠᠨ ᠠᠴᠠ ᠪᠠᠭᠤᠭᠰᠠᠨ ᠪᠠᠶᠢᠯᠳᠤᠭᠴᠢ ᠪᠠ ᠴᠡᠷᠢᠭ ᠤᠨ ᠬᠠᠷᠢᠶ᠎ᠠ ᠦᠭᠡᠶ ᠠᠵᠢᠯ ᠠᠴᠠ ᠪᠠᠨ | ᠠᠮᠠᠷᠠᠭᠰᠠᠨ ᠠᠵᠢᠯᠲᠠᠨ ᠵᠢᠴᠢ ᠨᠡᠭᠦᠵᠦ ᠰᠢᠯᠵᠢᠭᠰᠡᠨ ᠭᠡᠷ ᠪᠦᠯᠢ ᠶᠢ ᠰᠢᠯᠵᠢᠭᠦᠯᠦᠨ ᠲᠤᠰᠢᠶᠠᠵᠤ ᠲᠥᠪᠬᠢᠨᠡᠭᠦᠯᠬᠦ ᠠᠵᠢᠯ ᠢ ᠬᠠᠷᠢᠭᠤᠴᠠᠨ᠎ᠠ᠃ ᠪᠡᠶ᠎ᠡ ᠪᠠᠨ ᠳᠠᠭᠠᠭᠠᠵᠤ | ᠠᠵᠢᠯ ᠰᠣᠩᠭᠤᠬᠤ᠂ ᠪᠡᠶ᠎ᠡ ᠪᠠᠨ ᠳᠠᠭᠠᠭᠠᠵᠤ ᠠᠵᠢᠯ ᠣᠯᠬᠤ ᠴᠡᠷᠢᠭ ᠤᠨ ᠠᠯᠪᠠ ᠠᠴᠠ ᠬᠠᠯᠠᠭᠳᠠᠭᠰᠠᠳ ᠤᠨ ᠦᠢᠯᠡᠴᠢᠯᠡᠭᠡ ᠬᠠᠮᠢᠶᠠᠷᠤᠯᠲᠠ ᠶᠢᠨ ᠠᠵᠢᠯ ᠢ | ᠬᠠᠷᠢᠭᠤᠴᠠᠨ᠎ᠠ᠃ | ︵ᠭᠤᠷᠪᠠ︶ ᠴᠡᠷᠢᠭ ᠠᠴᠠ ᠬᠠᠯᠠᠭᠳᠠᠭᠰᠠᠳ ᠢ ᠪᠣᠯᠪᠠᠰᠤᠷᠠᠭᠤᠯᠵᠤ ᠠᠵᠢᠯ ᠣᠯᠭᠤᠬᠤ ᠠᠵᠢᠯ ᠢ ᠵᠢᠯᠣᠭᠤᠳᠤᠨ᠎ᠠ᠃ ᠴᠡᠷᠢᠭ ᠤᠨ ᠠᠯᠪᠠ ᠠᠴᠠ | ᠬᠠᠯᠠᠭᠳᠠᠭᠰᠠᠳ ᠤᠨ ᠬᠥᠮᠦᠵᠢᠯ ᠪᠣᠯᠪᠠᠰᠤᠷᠠᠭᠤᠯᠤᠯ ᠤᠨ ᠠᠵᠢᠯ ᠢ ᠵᠣᠬᠢᠶᠠᠨ ᠪᠠᠶᠢᠭᠤᠯᠤᠨ ᠵᠢᠯᠣᠭᠤᠳᠴᠤ᠂ ᠴᠡᠷᠢᠭ ᠤᠨ ᠠᠯᠪᠠ ᠠᠴᠠ ᠬᠠᠯᠠᠭᠳᠠᠭᠰᠠᠳ ᠪᠠ | ᠴᠡᠷᠢᠭ ᠤᠨ ᠭᠡᠷ ᠪᠦᠯᠢ ᠶᠢᠨ ᠬᠢᠨ ᠤ ᠠᠳᠠᠯ ᠦᠢᠯᠡᠰ ᠴᠣᠭᠴᠠᠯᠠᠨ ᠠᠵᠢᠯ ᠣᠯᠬᠤ ᠶᠢ ᠵᠣᠬᠢᠴᠠᠭᠤᠯᠤᠨ ᠲᠡᠳᠬᠦᠨ᠎ᠡ᠃ | ︵ᠲᠦᠷᠪᠡ︶ ᠴᠡᠷᠢᠭ ᠠᠴᠠ ᠬᠠᠯᠠᠭᠳᠠᠭᠰᠠᠳ ᠤᠨ ᠣᠯᠭᠤᠮᠵᠢ ᠪᠠᠲᠤᠯᠠᠭ᠎ᠠ ᠶᠢᠨ ᠠᠵᠢᠯ ᠢ ᠬᠠᠷᠢᠭᠤᠴᠠᠨ᠎ᠠ᠃ ᠣᠷᠣᠨ ᠨᠤᠲᠤᠭ ᠲᠤ ᠰᠢᠯᠵᠢᠭᠦᠯᠦᠨ ᠲᠤᠰᠢᠶᠠᠭᠰᠠᠨ | ᠠᠵᠢᠯ ᠠᠴᠠ ᠪᠠᠨ ᠰᠠᠯᠵᠤ ᠠᠮᠠᠷᠠᠭᠰᠠᠨ ᠪᠠ ᠠᠵᠢᠯ ᠠᠴᠠ ᠪᠠᠨ ᠪᠠᠭᠤᠵᠤ ᠠᠮᠠᠷᠠᠭᠰᠠᠨ ᠴᠡᠷᠢᠭ᠂ ᠨᠥᠬᠦᠴᠡᠯ ᠳᠤ ᠨᠡᠶᠢᠴᠡᠭᠰᠡᠨ ᠪᠤᠰᠤᠳ ᠴᠡᠷᠢᠭ ᠤᠨ ᠠᠯᠪᠠᠨ ᠠᠴᠠ | ᠪᠠᠭᠤᠭᠰᠠᠨ ᠴᠡᠷᠢᠭ ᠪᠠ ᠴᠡᠷᠢᠭ ᠤᠨ ᠬᠠᠷᠢᠶ᠎ᠠ ᠦᠭᠡᠶ ᠠᠵᠢᠯ ᠠᠴᠠ ᠪᠠᠨ ᠪᠠᠭᠤᠵᠤ ᠠᠮᠠᠷᠠᠭᠰᠠᠨ ᠠᠵᠢᠯᠲᠠᠨ ᠠᠵᠢᠯᠴᠢᠳ ᠤᠨ ᠣᠷᠣᠨ ᠰᠠᠭᠤᠴᠠ ᠶᠢᠨ ᠪᠠᠲᠤᠯᠠᠭ᠎ᠠ ᠶᠢᠨ | ᠠᠵᠢᠯ᠂ ᠵᠢᠴᠢ ᠴᠡᠷᠢᠭ ᠤᠨ ᠠᠯᠪᠠᠨ ᠠᠴᠠ ᠪᠠᠭᠤᠭᠰᠠᠳ ᠤᠨ ᠡᠮ ᠡᠮᠨᠡᠯᠭᠡ ᠶᠢᠨ ᠪᠠᠲᠤᠯᠠᠭ᠎ᠠ᠂ ᠨᠡᠶᠢᠭᠡᠮ ᠤᠨ ᠳᠠᠭᠠᠳᠬᠠᠯ ᠵᠡᠷᠭᠡ ᠬᠠᠷᠠᠭᠠᠯᠵᠠᠯ ᠤᠨ ᠪᠠᠲᠤᠯᠠᠭ᠎ᠠ ᠶᠢᠨ | ᠠᠵᠢᠯ ᠢ ᠵᠣᠬᠢᠶᠠᠨ ᠪᠠᠶᠢᠭᠤᠯᠤᠨ ᠵᠣᠬᠢᠴᠠᠭᠤᠯᠤᠨ ᠨᠠᠶᠢᠳᠠᠪᠤᠷᠢᠵᠢᠭᠤᠯᠤᠨ᠎ᠠ᠃ | ︵ᠲᠠᠪᠤ︶ ᠰᠢᠷᠬᠠᠲᠠᠢ ᠡᠪᠡᠳᠴᠢᠲᠠᠢ ᠵᠡᠮᠳᠡᠭ ᠴᠡᠷᠢᠭ ᠤᠨ ᠠᠯᠪᠠᠨ ᠠᠴᠠ ᠪᠠᠭᠤᠭᠰᠠᠳ ᠤᠨ ᠦᠢᠯᠡᠴᠢᠯᠡᠭᠡ ᠬᠠᠮᠢᠶᠠᠷᠤᠯᠲᠠ ᠪᠠ ᠠᠰᠠᠷᠠᠮᠵᠢ ᠶᠢᠨ ᠠᠵᠢᠯ ᠢ ᠵᠣᠬᠢᠶᠠᠨ | ᠪᠠᠶᠢᠭᠤᠯᠤᠨ ᠵᠢᠯᠣᠭᠤᠳᠴᠤ ᠪᠠᠶᠢᠭᠠᠳ ᠬᠤᠯᠪᠣᠭᠳᠠᠯ ᠪᠦᠬᠦᠢ ᠴᠡᠷᠢᠭ ᠤᠨ ᠠᠯᠪᠠᠨ ᠠᠴᠠ ᠪᠠᠭᠤᠭᠰᠠᠳ ᠤᠨ ᠡᠮᠴᠢᠯᠡᠭᠡ᠂ ᠰᠤᠪᠢᠯᠠᠯᠲᠠ᠂ ᠨᠠᠰᠤᠵᠢᠯ ᠤᠨ ᠠᠰᠠᠷᠠᠮᠵᠢ | ᠵᠡᠷᠭᠡ ᠪᠠᠶᠢᠭᠤᠯᠤᠮᠵᠢ ᠶᠢᠨ ᠲᠥᠯᠥᠪᠵᠢᠭᠦᠯᠭᠡ ᠶᠢᠨ ᠲᠥᠷᠥ ᠶᠢᠨ ᠪᠣᠳᠣᠯᠭ᠎ᠠ ᠶᠢ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ ᠴᠡᠷᠢᠭ ᠤᠨ | ᠠᠯᠪᠠ ᠭᠦᠢᠴᠡᠳᠬᠡᠬᠦ ᠳᠤ ᠲᠣᠬᠢᠷᠠᠬᠤ ᠦᠭᠡᠢ ᠰᠢᠷᠬᠠᠲᠤᠭᠰᠠᠨ ᠡᠪᠡᠳᠴᠢᠨ ᠲᠠᠢ ᠵᠡᠮᠳᠡᠭ ᠴᠡᠷᠢᠭ ᠤᠨ ᠬᠠᠮᠢᠶ᠎ᠠ ᠪᠦᠬᠦᠢ ᠠᠵᠢᠯ ᠢ ᠡᠭᠦᠷᠭᠡᠯᠡᠨ᠎ᠡ᠃ ᠴᠡᠷᠢᠭ ᠤᠨ | ᠬᠠᠩᠭᠠᠯᠭ᠎ᠠ ᠶᠢᠨ ᠦᠢᠯᠡᠴᠢᠯᠡᠭᠡᠨ ᠤ ᠪᠠᠲᠤᠯᠠᠭ᠎ᠠ ᠶᠢᠨ ᠠᠵᠢᠯ ᠢ ᠵᠣᠬᠢᠶᠠᠨ ᠪᠠᠶᠢᠭᠤᠯᠵᠤ ᠵᠢᠯᠣᠭᠤᠳᠤᠨ᠎ᠠ᠃ | ︵ᠵᠢᠷᠭᠤᠭ᠎ᠠ︶ ᠪᠦᠬᠦ ᠬᠤᠰᠢᠭᠤᠨ ᠤ ᠴᠡᠷᠢᠭ ᠢᠶᠠᠨ ᠬᠦᠷᠢᠶᠡᠯᠡᠨ ᠴᠡᠷᠢᠭ ᠤᠨ ᠬᠡᠷ ᠪᠦᠯᠢ ᠶᠢ ᠬᠠᠷᠠᠭᠠᠯᠵᠠᠬᠤ ᠠᠵᠢᠯ ᠢ ᠵᠣᠬᠢᠶᠠᠨ ᠪᠠᠶᠢᠭᠤᠯᠤᠨ ᠵᠢᠯᠣᠭᠤᠳᠤᠨ᠎ᠠ᠃ | ᠠᠯᠪᠠ ᠬᠠᠭᠠᠵᠤ ᠪᠠᠶᠢᠭ᠎ᠠ ᠴᠡᠷᠢᠭ᠂ ᠴᠡᠷᠢᠭ ᠠᠴᠠ ᠬᠠᠯᠠᠭᠳᠠᠭᠰᠠᠳ᠂ ᠴᠡᠷᠢᠭ ᠠᠩᠭᠢ ᠶᠢᠨ ᠰᠣᠶᠣᠯ ᠤᠨ ᠠᠵᠢᠯᠲᠠᠨ ᠪᠣᠯᠤᠨ ᠴᠡᠷᠢᠭ ᠤᠨ ᠭᠡᠷ ᠪᠦᠯᠢ ᠶᠢᠨ | ᠬᠠᠷᠠᠭᠠᠯᠵᠠᠯ᠂ ᠠᠰᠠᠷᠠᠮᠵᠢ ᠵᠡᠷᠭᠡ ᠠᠵᠢᠯ ᠢ ᠬᠠᠷᠢᠭᠤᠴᠠᠨ᠎ᠠ᠃ | ︵ᠳᠤᠯᠤᠭ᠎ᠠ︶ ᠦᠷᠡᠭᠳᠡᠭᠰᠡᠨ ᠪᠠᠭᠠᠲᠤᠷ ᠵᠢᠴᠢ ᠴᠡᠷᠢᠭ ᠠᠴᠠ ᠬᠠᠯᠠᠭᠳᠠᠭᠰᠠᠳ ᠤᠨ ᠢᠷᠠᠭᠤ ᠠᠯᠳᠠᠷ ᠤᠨ ᠱᠠᠩᠨᠠᠯ᠂ ᠴᠡᠷᠢᠭ ᠤᠨ ᠬᠥᠮᠦᠨ ᠤ ᠨᠡᠶᠢᠲᠡ ᠶᠢᠨ | ᠣᠩᠭᠤᠨ ᠤ ᠬᠠᠮᠢᠶᠠᠷᠤᠯᠲᠠ ᠬᠠᠮᠠᠭᠠᠯᠠᠯᠲᠠ᠂ ᠳᠤᠷᠠᠰᠬᠠᠬᠤ ᠠᠵᠢᠯᠯᠠᠭ᠎ᠠ ᠵᠡᠷᠭᠡ ᠠᠵᠢᠯ ᠢ ᠬᠠᠷᠢᠭᠤᠴᠠᠨ᠎ᠠ᠃ ᠦᠷᠡᠭᠳᠡᠭᠰᠡᠨ ᠪᠠᠭᠠᠲᠤᠷᠴᠤᠳ ᠢ ᠬᠠᠮᠠᠭᠠᠯᠠᠬᠤ ᠬᠠᠮᠢᠶ᠎ᠠ | ᠪᠦᠬᠦᠢ ᠠᠵᠢᠯ ᠢ ᠬᠠᠤᠯᠢ ᠶᠣᠰᠣᠭᠠᠷ ᠡᠭᠦᠷᠭᠡᠯᠡᠨ᠎ᠡ᠃ ᠪᠦᠬᠦ ᠤᠯᠤᠰ᠂ ᠪᠦᠬᠦ ᠣᠷᠣᠨ᠂ ᠪᠦᠬᠦ ᠬᠤᠲᠠ ᠶᠢᠨ ᠭᠤᠣᠯᠳᠠᠯᠭ᠎ᠠ ᠲᠠᠢ ᠬᠠᠮᠠᠭᠠᠯᠠᠬᠤ ᠨᠢᠭᠡᠴᠡ ᠳᠤ | ᠣᠷᠣᠭᠤᠯᠬᠤ ᠪᠠᠷ ᠪᠠᠶᠢᠭ᠎ᠠ ᠦᠷᠡᠭᠳᠡᠭᠰᠡᠨ ᠪᠠᠭᠠᠲᠤᠷᠴᠤᠳ ᠤᠨ ᠳᠤᠷᠠᠰᠬᠠᠯ ᠤᠨ ᠪᠠᠷᠢᠯᠭ᠎ᠠ ᠶᠢᠨ ᠨᠡᠷᠡᠰ ᠤᠨ ᠵᠢᠭᠰᠠᠭᠠᠯᠲᠠ ᠶᠢ ᠳᠡᠭᠡᠭᠰᠢ ᠮᠡᠳᠡᠭᠦᠯᠬᠦ ᠬᠡᠷᠡᠭᠲᠡᠶ᠃ | ᠴᠡᠷᠢᠭ ᠠᠴᠠ ᠬᠠᠯᠠᠭᠳᠠᠭᠰᠠᠳ᠂ ᠴᠡᠷᠢᠭ ᠠᠴᠠ ᠬᠠᠯᠠᠭᠳᠠᠭᠰᠠᠳ ᠤᠨ ᠠᠵᠢᠯ ᠤᠨ ᠨᠢᠭᠡᠴᠡ ᠪᠣᠯᠤᠨ ᠬᠤᠪᠢ ᠬᠥᠮᠦᠨ ᠤ ᠲᠡᠷᠢᠭᠦᠨ ᠤ ᠨᠡᠶᠢᠲᠡᠯᠢᠭ ᠦᠢᠯᠡ | ᠠᠵᠢᠯᠯᠠᠭ᠎ᠠ ᠶᠢ ᠳ᠋ᠦᠩᠨᠡᠨ ᠰᠠᠶᠢᠰᠢᠶᠠᠬᠤ ᠪᠠ ᠤᠬᠠᠭᠤᠯᠤᠨ᠎ᠠ᠃ | ︵ᠨᠠᠢᠮᠠ︶ ᠴᠡᠷᠢᠭ ᠠᠴᠠ ᠬᠠᠯᠠᠭᠳᠠᠭᠰᠠᠳ ᠤᠨ ᠡᠷᠬᠡ ᠠᠰᠢᠭ ᠢ ᠬᠠᠮᠠᠭᠠᠯᠠᠬᠤ ᠠᠵᠢᠯ ᠢ ᠬᠠᠷᠢᠭᠤᠴᠠᠨ᠎ᠠ᠃ ᠴᠡᠷᠢᠭ ᠠᠴᠠ ᠬᠠᠯᠠᠭᠳᠠᠭᠰᠠᠳ ᠤᠨ ᠬᠠᠮᠢᠶ᠎ᠠ ᠪᠦᠬᠦᠢ | ᠬᠠᠤᠯᠢ ᠴᠠᠭᠠᠵᠠ ᠬᠠᠤᠯᠢ ᠲᠣᠭᠲᠠᠭᠠᠯ ᠪᠣᠯᠤᠨ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢᠨ ᠨᠠᠶᠢᠳᠠᠪᠤᠷᠢᠵᠢᠭᠤᠯᠤᠯᠲᠠ ᠶᠢ ᠵᠢᠯᠣᠭᠤᠳᠬᠤ ᠶᠢᠨ ᠬᠠᠮᠲᠤ ᠬᠢᠨᠠᠨ | ᠪᠠᠶᠢᠴᠠᠭᠠᠵᠤ᠂ ᠴᠡᠷᠢᠭ ᠠᠴᠠ ᠬᠠᠯᠠᠭᠳᠠᠭᠰᠠᠳ ᠤᠨ ᠡᠷᠬᠡ ᠠᠰᠢᠭ ᠢ ᠬᠠᠮᠠᠭᠠᠯᠠᠬᠤ ᠪᠠ ᠬᠤᠯᠪᠣᠭᠳᠠᠯ ᠪᠦᠬᠦᠢ ᠬᠥᠮᠦᠰ ᠢ ᠬᠠᠪᠰᠤᠷᠤᠨ ᠲᠡᠳᠬᠦᠵᠦ ᠲᠤᠰᠠᠯᠠᠬᠤ ᠠᠵᠢᠯ ᠢ | ᠵᠣᠬᠢᠶᠠᠨ ᠪᠠᠶᠢᠭᠤᠯᠤᠨ ᠥᠷᠨᠢᠭᠦᠯᠦᠨ᠎ᠡ᠃ | ︵ᠶᠢᠰᠦ︶ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠠ ᠳᠡᠭᠡᠳᠦ ᠱᠠᠲᠤᠨ ᠤ ᠲᠤᠬᠠᠶᠢᠯᠠᠭᠰᠠᠨ ᠠᠵᠢᠯ ᠤᠨ ᠰᠠᠯᠠᠭ᠎ᠠ ᠮᠥᠴᠢᠷ ᠤᠨ | ᠲᠤᠰᠢᠶᠠᠭᠰᠠᠨ ᠪᠤᠰᠤᠳ ᠡᠭᠦᠷᠭᠡ ᠶᠢ ᠪᠡᠶᠡᠯᠡᠭᠦᠯᠦᠨ᠎ᠡ᠃ | ︵ᠠᠷᠪᠠ︶ ᠡᠭᠦᠷᠭᠡ ᠴᠢᠳᠠᠪᠤᠷᠢ ᠶᠢ ᠬᠤᠪᠢᠷᠠᠬᠤᠯᠬᠤ᠃ ᠬᠤᠰᠢᠭᠤᠨ ᠤ ᠴᠡᠷᠢᠭ ᠠᠴᠠ ᠬᠠᠯᠠᠭᠳᠠᠭᠰᠠᠳ ᠤᠨ ᠬᠡᠷᠡᠭ ᠶᠠᠪᠤᠳᠠᠯ ᠤᠨ ᠲᠣᠪᠴᠢᠶ᠎ᠠ ᠴᠡᠷᠢᠭ ᠠᠴᠠ | ᠬᠠᠯᠠᠭᠳᠠᠭᠰᠠᠳ ᠤᠨ ᠦᠵᠡᠯ ᠰᠠᠨᠠᠭ᠎ᠠ ᠤᠯᠤᠰ ᠲᠥᠷᠥ ᠶᠢᠨ ᠠᠵᠢᠯ ᠪᠣᠯᠤᠨ ᠦᠶ᠋ᠯᠡᠴᠢᠯᠡᠭᠡᠨ ᠤ ᠪᠠᠲᠤᠯᠠᠭ᠎ᠠ ᠶᠢᠨ ᠰᠢᠰᠲ᠋ᠧᠮ ᠤᠨ ᠪᠠᠶᠢᠭᠤᠯᠤᠯᠲᠠ ᠶᠢ ᠴᠢᠩᠭᠠᠳᠬᠠᠵᠤ᠂ | ᠴᠡᠷᠢᠭ ᠠᠴᠠ ᠬᠠᠯᠠᠭᠳᠠᠭᠰᠠᠳ ᠤᠨ ᠲᠥᠪᠯᠡᠷᠡᠩᠭᠦᠶ ᠨᠢᠭᠡᠳᠦᠯᠲᠡᠶ᠂ ᠡᠭᠦᠷᠭᠡ ᠬᠠᠷᠢᠭᠤᠴᠠᠯᠭ᠎ᠠ ᠲᠣᠳᠣᠷᠬᠠᠶ ᠬᠠᠮᠢᠶᠠᠷᠤᠯᠲᠠ ᠶᠢᠨ ᠪᠠᠶᠢᠭᠤᠯᠤᠯ ᠢ ᠪᠠᠶᠢᠭᠤᠯᠤᠨ | ᠲᠡᠭᠦᠯᠳᠡᠷᠵᠢᠭᠦᠯᠵᠦ᠂ ᠡᠯ᠎ᠡ ᠲᠠᠯ᠎ᠠ ᠶᠢᠨ ᠬᠦᠴᠦᠨ ᠢ ᠵᠣᠬᠢᠴᠠᠭᠤᠯᠤᠨ ᠴᠡᠷᠢᠭ ᠬᠥᠮᠦᠨ ᠴᠡᠷᠢᠭ ᠤᠨ ᠬᠡᠷ ᠪᠦᠯᠢ ᠶᠢᠨ ᠬᠢᠨ ᠳᠤ ᠨᠠᠩ ᠰᠠᠶᠢᠨ ᠦᠢᠯᠡᠴᠢᠯᠡᠵᠦ᠂ ᠴᠡᠷᠢᠭ | ᠬᠥᠮᠦᠨ ᠴᠡᠷᠢᠭ ᠤᠨ ᠬᠡᠷ ᠪᠦᠯᠢ ᠶᠢᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠵᠤ᠂ ᠴᠡᠷᠢᠭ ᠢ ᠪᠥᠬᠦ ᠨᠡᠶᠢᠭᠡᠮ ᠢᠶᠠᠷ ᠢᠶᠠᠨ ᠬᠦᠨᠳᠦᠳᠭᠡᠬᠦ ᠠᠵᠢᠯ ᠮᠡᠷᠭᠡᠵᠢᠯ ᠤᠨ | ᠣᠮᠣᠭᠰᠢᠯ ᠪᠣᠯᠭᠠᠨ ᠴᠡᠷᠢᠭ ᠠᠴᠠ ᠬᠠᠯᠠᠭᠳᠠᠭᠰᠠᠳ ᠤᠨ ᠨᠠᠮ᠂ ᠤᠯᠤᠰ ᠣᠷᠣᠨ ᠪᠣᠯᠤᠨ ᠠᠷᠠᠳ ᠲᠦᠮᠡᠨ ᠤ ᠲᠥᠯᠥᠭᠡ ᠬᠤᠪᠢ ᠨᠡᠮᠡᠷᠢ ᠦᠵᠡᠭᠦᠯᠬᠦ ᠣᠶᠤᠨ | ᠰᠠᠨᠠᠭᠠᠨ ᠤ ᠬᠡᠪ ᠨᠠᠮᠪᠠ ᠪᠠ ᠥᠷᠲᠡᠭ ᠤᠨ ᠤᠳᠤᠷᠢᠳᠤᠮᠵᠢ ᠶᠢ ᠢᠯᠡᠷᠡᠭᠦᠯᠵᠦ᠂ ᠳᠠᠶᠢᠴᠢᠨ ᠬᠦᠴᠦᠨ ᠪᠠ ᠨᠢᠭᠲᠠᠷᠠᠯ ᠤᠨ ᠬᠦᠴᠦᠨ ᠢ ᠴᠢᠩᠭᠠᠳᠬᠠᠬᠤ ᠶᠢᠨ ᠲᠥᠯᠥᠭᠡ | ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ ᠶᠢ ᠨᠠᠩ ᠰᠠᠶᠢᠲᠤᠷ ᠬᠢᠬᠦ ᠬᠡᠷᠡᠭᠲᠡᠶ᠃ |