| | ᠨᠢᠭᠡᠳᠦᠭᠡᠷ ᠵᠦᠢᠯ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠤᠯᠠᠮ ᠨᠢᠭᠡ ᠠᠯᠬᠤᠮ ᠭᠦᠨᠵᠡᠭᠡᠶᠢᠷᠡᠭᠦᠯᠬᠦ ᠶᠢᠨ ᠲᠥᠯᠥᠭᠡ᠂ ᠣᠷᠣᠨ ᠪᠦᠰᠡ | ᠠᠯᠤᠰᠯᠠᠭᠰᠠᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠦᠪᠰᠢᠨ ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠠᠵᠤ ᠠᠬᠤᠶᠢᠯᠠᠯ ᠤᠨ ᠣᠯᠠᠨ ᠲᠦᠮᠡᠨ ᠤ | ᠣᠨᠳᠣᠣ ᠭᠠᠵᠠᠷ ᠲᠤ ᠠᠵᠢᠯ ᠶᠠᠪᠤᠳᠠᠯ ᠰᠢᠢᠳᠪᠦᠷᠢᠯᠡᠬᠦ ᠳᠤ ᠲᠥᠬᠦᠮ ᠦᠵᠡᠭᠦᠯᠵᠦ᠂ ᠡᠯᠧᠮᠧᠨ᠋ᠲ ᠤᠨ ᠴᠢᠯᠦᠭᠡᠲᠡᠢ ᠰᠢᠯᠵᠢᠬᠦ ᠶᠢ ᠠᠬᠢᠭᠤᠯᠤᠨ᠂ ᠵᠠᠬ᠎ᠠ ᠳᠡᠯᠭᠡᠭᠦᠷ ᠤᠨ | ᠭᠤᠣᠯ ᠴᠣᠭᠴᠠ ᠶᠢᠨ ᠠᠮᠢᠵᠢᠷᠠᠯ ᠤᠨ ᠬᠦᠴᠦᠨ ᠢ ᠨᠠᠩ ᠰᠠᠶᠢᠨ ᠬᠥᠭᠵᠢᠭᠡᠵᠦ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ | ᠶᠠᠪᠤᠳᠠᠯ ᠤᠨ ᠦᠢᠯᠡᠴᠢᠯᠡᠭᠡ ᠶᠢ ᠥᠷᠭᠡᠳᠬᠡᠬᠦ ᠳᠤ ︿ᠮᠤᠵᠢ ᠠᠯᠤᠰᠯᠠᠨ ᠰᠢᠭᠤᠳ ᠰᠢᠢᠳᠪᠦᠷᠢᠯᠡᠬᠦ﹀ ᠬᠦᠷᠢᠶ᠎ᠡ ᠬᠡᠪᠴᠢᠶ᠎ᠡ ᠶᠢ ᠤᠯᠠᠮ ᠨᠢᠭᠡ ᠠᠯᠬᠤᠮ | ᠳᠡᠭᠡᠭᠰᠢᠯᠡᠭᠦᠯᠬᠦ ᠶᠢᠨ ᠬᠡᠷᠡᠭᠵᠢᠭᠦᠯᠬᠦ ᠲᠥᠰᠥᠯ︾ ᠤᠨ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ ᠦᠨᠳᠦᠰᠦᠯᠡᠨ᠂ ᠬᠥᠯᠥᠨ ᠪᠤᠶᠢᠷ ᠬᠤᠲᠠ ᠶᠢᠨ ︿ᠮᠤᠵᠢ | ᠠᠯᠤᠰᠯᠠᠨ ᠰᠢᠭᠤᠳ ᠰᠢᠢᠳᠪᠦᠷᠢᠯᠡᠬᠦ﹀ ᠠᠵᠢᠯ ᠤᠨ ᠱᠠᠭᠠᠷᠳᠠᠯᠭ᠎ᠠ ᠶᠣᠰᠣᠭᠠᠷ᠂ ᠮᠠᠨ ᠤ ᠬᠤᠰᠢᠭᠤᠨ ᠤ ᠪᠣᠳᠠᠲᠠᠢ ᠲᠠᠢ ᠪᠠᠨ ᠤᠶᠠᠯᠳᠤᠭᠤᠯᠤᠨ᠂ ᠲᠣᠰ ᠠᠵᠢᠯᠯᠠᠭᠠᠨ ᠤ | ᠳᠦᠷᠢᠮ ᠢ ᠲᠣᠭᠲᠠᠭᠠᠪᠠ᠃ | ᠬᠤᠶᠠᠳᠤᠭᠠᠷ ᠵᠦᠢᠯ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠭᠡᠳᠡᠭ ᠨᠢ ᠭᠤᠶᠤᠴᠢᠯᠠᠭᠴᠢ ᠣᠨᠳᠣᠣ ᠭᠠᠵᠠᠷ ᠲᠤ ᠤᠴᠢᠷ ᠶᠠᠪᠤᠳᠠᠯ ᠤᠨ ᠭᠤᠶᠤᠴᠢᠯᠠᠯ | ᠭᠠᠷᠭᠠᠬᠤ ᠪᠤᠶᠤ ᠲᠣᠰ ᠭᠠᠵᠠᠷ ᠲᠤ ᠣᠨᠳᠣᠣ ᠭᠠᠵᠠᠷ ᠤᠨ ᠤᠴᠢᠷ ᠶᠠᠪᠤᠳᠠᠯ ᠢ ᠭᠦᠢᠴᠡᠳᠬᠡᠬᠦ ᠪᠠᠷ ᠭᠤᠶᠤᠴᠢᠯᠠᠯ ᠭᠠᠷᠭᠠᠵᠤ᠂ ︽ᠮᠤᠵᠢ ᠠᠯᠤᠰᠯᠠᠨ ᠨᠡᠶᠢᠳᠡᠮ | ᠰᠢᠢᠳᠪᠦᠷᠢᠯᠡᠬᠦ︾ ᠴᠣᠩᠬᠤ ᠵᠢᠴᠢ ᠬᠠᠮᠢᠶ᠎ᠠ ᠪᠦᠬᠦᠢ ᠰᠠᠯᠠᠭ᠎ᠠ ᠮᠥᠴᠢᠷ ᠠᠴᠠ ᠶᠠᠪᠤᠴᠠ ᠶᠢᠨ ᠶᠣᠰᠣᠭᠠᠷ ᠤᠴᠢᠷ ᠶᠠᠪᠤᠳᠠᠯ ᠢ ᠭᠦᠢᠴᠡᠳᠬᠡᠬᠦ ᠶᠢ ᠵᠢᠭᠠᠨ᠎ᠠ᠃ | ᠭᠤᠷᠪᠠᠳᠤᠭᠠᠷ ᠵᠦᠢᠯ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠳᠤ ︽ᠪᠥᠬᠦ ᠶᠠᠪᠤᠴᠠ ᠶᠢ ᠰᠦᠯᠵᠢᠶᠡᠨ ᠳᠡᠭᠡᠷ᠎ᠡ ᠭᠦᠢᠴᠡᠳᠬᠡᠬᠦ︾ ︽ᠣᠨᠳᠣᠣ ᠭᠠᠵᠠᠷ ᠲᠤ | ᠣᠷᠣᠯᠠᠨ ᠬᠤᠷᠢᠶᠠᠵᠤ ᠣᠷᠣᠯᠠᠨ ᠭᠦᠢᠴᠡᠳᠬᠡᠬᠦ︾ ᠪᠠ ︽ᠣᠯᠠᠨ ᠭᠠᠵᠠᠷ ᠬᠠᠮᠲᠤᠷᠠᠨ ᠭᠦᠢᠴᠡᠳᠬᠡᠬᠦ︾ ᠵᠡᠷᠭᠡ ᠵᠠᠭᠪᠤᠷ ᠪᠠᠭᠲᠠᠨ᠎ᠠ᠃ | ︽ᠪᠥᠬᠦ ᠶᠠᠪᠤᠴᠠ ᠶᠢ ᠰᠦᠯᠵᠢᠶᠡᠨ ᠳᠡᠭᠡᠷ᠎ᠡ ᠭᠦᠢᠴᠡᠳᠬᠡᠬᠦ︾ ᠪᠣᠯ ᠬᠠᠤᠯᠢ ᠴᠠᠭᠠᠵᠠ ᠬᠠᠤᠯᠢ ᠲᠣᠭᠲᠠᠭᠠᠯ ᠳᠤ ᠡᠷᠬᠡᠪᠰᠢ ᠲᠤᠬᠠᠢ ᠶᠢᠨ ᠲᠠᠯᠠᠪᠤᠷ ᠲᠤ ᠣᠴᠢᠵᠤ | ᠭᠦᠢᠴᠡᠳᠬᠡᠬᠦ ᠬᠡᠷᠡᠭᠲᠡᠢ ᠭᠡᠵᠦ ᠲᠣᠭᠲᠠᠭᠠᠭᠰᠠᠨ ᠵᠦᠢᠯᠡᠰ ᠠᠴᠠ ᠭᠠᠳᠠᠨ᠎ᠠ᠂ ︽ᠳᠡᠭᠡᠭᠰᠢᠯᠡᠪᠡᠰᠦ ᠵᠣᠬᠢᠬᠤ ᠶᠢ ᠨᠢ ᠴᠥᠮ ᠳᠡᠭᠡᠭᠰᠢᠯᠡᠭᠦᠯᠬᠦ︾ ᠵᠠᠷᠴᠢᠮ ᠶᠣᠰᠣᠭᠠᠷ᠂ | ᠪᠦᠬᠦᠨ ᠢ ᠪᠥᠬᠦ ᠤᠯᠤᠰ ᠤᠨ ᠨᠢᠭᠡ ᠴᠣᠭᠴᠠᠵᠢᠭᠤᠯᠤᠭᠰᠠᠨ ᠰᠦᠯᠵᠢᠶᠡᠨ ᠳᠡᠭᠡᠷᠡᠬᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠳᠤ ᠣᠷᠣᠭᠤᠯᠵᠤ᠂ | ᠭᠤᠶᠤᠴᠢᠯᠠᠭᠴᠢ ᠳᠤ ᠭᠤᠶᠤᠴᠢᠯᠠᠯ ᠢ ᠭᠥᠯᠢᠶᠡᠨ ᠠᠪᠴᠤ ᠰᠢᠢᠳᠪᠦᠷᠢᠯᠡᠬᠦ᠂ ᠬᠢᠨᠠᠨ ᠪᠠᠶᠢᠴᠠᠭᠠᠵᠤ ᠲᠣᠭᠲᠠᠭᠠᠬᠤ᠂ ᠦᠨᠡᠮᠯᠡᠯ ᠣᠯᠭᠤᠵᠤ ᠬᠦᠷᠭᠡᠬᠦ ᠵᠡᠷᠭᠡ ᠪᠥᠬᠦ | ᠴᠤᠪᠤᠷᠠᠯ᠂ ᠪᠥᠬᠦ ᠵᠠᠩᠭᠢᠯᠠᠭ᠎ᠠ ᠶᠢᠨ ᠰᠦᠯᠵᠢᠶᠡᠨ ᠳᠡᠭᠡᠷᠡᠬᠢ ᠦᠢᠯᠡᠴᠢᠯᠡᠭᠡ ᠶᠢ ᠬᠠᠩᠭᠠᠨ᠎ᠠ᠃ | ︽ᠣᠨᠳᠣᠣ ᠭᠠᠵᠠᠷ ᠲᠤ ᠣᠷᠣᠯᠠᠨ ᠬᠤᠷᠢᠶᠠᠨ ᠠᠪᠴᠤ ᠣᠷᠣᠯᠠᠨ ᠭᠦᠢᠴᠡᠳᠬᠡᠬᠦ︾ ᠭᠡᠳᠡᠭ ᠨᠢ ᠬᠠᠤᠯᠢ ᠴᠠᠭᠠᠵᠠ ᠬᠠᠤᠯᠢ ᠲᠣᠭᠲᠠᠭᠠᠯ ᠳᠤ ᠡᠷᠬᠡᠪᠰᠢ ᠲᠤᠬᠠᠢ ᠶᠢᠨ | ᠲᠠᠯᠠᠪᠤᠷ ᠲᠤ ᠣᠴᠢᠵᠤ ᠰᠢᠢᠳᠪᠦᠷᠢᠯᠡᠬᠦ ᠬᠡᠷᠡᠭᠲᠡᠢ ᠭᠡᠵᠦ ᠲᠣᠳᠣᠷᠬᠠᠢ ᠱᠠᠭᠠᠷᠳᠠᠭᠰᠠᠨ ᠵᠦᠢᠯᠡᠰ ᠠᠴᠠ ᠭᠠᠳᠠᠨ᠎ᠠ᠂ ᠡᠯ᠎ᠡ ᠭᠠᠵᠠᠷ ᠣᠷᠣᠨ ᠤ ᠤᠤᠯ ᠤᠨ ᠬᠡᠷᠡᠭ | ᠶᠠᠪᠤᠳᠠᠯ ᠢ ᠰᠢᠢᠳᠪᠦᠷᠢᠯᠡᠬᠦ ᠡᠷᠬᠡ ᠶᠢ ᠥᠯᠥ ᠬᠤᠪᠢᠷᠠᠭᠤᠯᠤᠭᠰᠠᠨ ᠰᠠᠭᠤᠷᠢᠨ ᠳᠡᠭᠡᠷ᠎ᠡ᠂ ︽ᠬᠤᠷᠢᠶᠠᠨ ᠠᠪᠬᠤ ᠪᠠ ᠭᠦᠢᠴᠡᠳᠬᠡᠬᠦ ᠶᠢ ᠰᠠᠯᠭᠠᠬᠤ︾ ᠪᠠᠷ | ᠳᠠᠮᠵᠢᠭᠤᠯᠤᠨ᠂ ᠬᠡᠷᠡᠭ ᠶᠠᠪᠤᠳᠠᠯ ᠢ ᠭᠦᠢᠴᠡᠳᠬᠡᠬᠦ ᠶᠢᠨ ᠬᠠᠷᠢᠶ᠎ᠠ ᠭᠠᠵᠠᠷ ᠤᠨ ᠬᠢᠵᠠᠭᠠᠷᠯᠠᠯ ᠢ ᠡᠪᠳᠡᠵᠦ᠂ ᠬᠡᠷᠡᠭ ᠶᠠᠪᠤᠳᠠᠯ ᠢ ᠮᠤᠵᠢ ᠬᠤᠲᠠ᠂ ᠭᠠᠵᠠᠷ ᠣᠷᠣᠨ | ᠠᠯᠤᠰᠯᠠᠨ ᠰᠢᠢᠳᠪᠦᠷᠢᠯᠡᠬᠦ ᠶᠢ ᠪᠡᠶᠡᠯᠡᠭᠦᠯᠬᠦ ᠶᠢ ᠵᠢᠭᠠᠵᠤ ᠪᠣᠶ᠃ | ︽ᠣᠯᠠᠨ ᠭᠠᠵᠠᠷ ᠬᠠᠮᠲᠤᠷᠠᠨ ᠭᠦᠢᠴᠡᠳᠬᠡᠬᠦ︾ ᠭᠡᠳᠡᠭ ᠨᠢ ᠭᠤᠶᠤᠴᠢᠯᠠᠭᠴᠢ ᠲᠣᠰ ᠲᠣᠰ ᠠᠳᠠᠯᠢ ᠪᠤᠰᠤ ᠭᠠᠵᠠᠷ ᠣᠷᠣᠨ ᠳᠤ ᠣᠴᠢᠵᠤ ᠭᠦᠢᠴᠡᠳᠬᠡᠬᠦ ᠴᠢᠬᠤᠯᠠᠲᠠᠢ | ᠵᠦᠢᠯᠡᠰ ᠲᠤ ᠤᠤᠯ ᠤᠨ ᠭᠦᠢᠴᠡᠳᠬᠡᠬᠦ ᠶᠠᠪᠤᠴᠠ ᠪᠠ ᠳᠦᠷᠢᠮ ᠳᠤ ᠥᠭᠡᠷᠡᠴᠢᠯᠡᠯᠲᠡ ᠬᠢᠵᠦ᠂ ᠭᠤᠶᠤᠴᠢᠯᠠᠭᠴᠢ ᠶᠢᠨ ᠣᠯᠠᠨ ᠭᠠᠵᠠᠷ ᠤᠨ ᠭᠦᠢᠴᠡᠳᠬᠡᠬᠦ ᠶᠠᠪᠤᠴᠠ ᠶᠢ | ᠡᠮᠬᠢᠯᠡᠨ ᠨᠡᠶᠢᠯᠡᠭᠦᠯᠵᠦ᠂ ᠨᠢᠭᠡ ᠭᠠᠵᠠᠷ ᠭᠥᠯᠢᠶᠡᠨ ᠠᠪᠴᠤ ᠰᠢᠢᠳᠪᠦᠷᠢᠯᠡᠬᠦ ᠪᠣᠯᠭᠠᠨ ᠥᠭᠡᠷᠡᠴᠢᠯᠡᠵᠦ᠂ ᠣᠯᠠᠨ ᠭᠠᠵᠠᠷ ᠬᠠᠮᠵᠢᠯᠴᠠᠨ᠂ ᠭᠤᠶᠤᠴᠢᠯᠠᠭᠴᠢ ᠶᠢᠨ ᠨᠢᠭᠡ | ᠭᠠᠵᠠᠷ ᠲᠤ ᠣᠯᠠᠨ ᠭᠠᠵᠠᠷ ᠤᠨ ᠤᠴᠢᠷ ᠶᠠᠪᠤᠳᠠᠯ ᠢ ᠭᠦᠢᠴᠡᠳᠬᠡᠬᠦ ᠶᠢ ᠪᠡᠶᠡᠯᠡᠭᠦᠯᠵᠦ᠂ ᠭᠤᠶᠤᠴᠢᠯᠠᠭᠴᠢ ᠶᠢᠨ ᠭᠦᠶᠦᠬᠦ ᠤᠳᠠᠭ᠎ᠠ ᠶᠢ ᠶᠡᠭᠡ ᠪᠠᠷ ᠪᠠᠭᠠᠰᠬᠠᠬᠤ ᠶᠢ | ᠵᠢᠭᠠᠵᠤ ᠪᠣᠶ᠃ | ᠳᠥᠷᠪᠡᠳᠦᠭᠡᠷ ᠵᠦᠢᠯ ᠣᠷᠴᠣᠨ ᠤ ᠥᠪᠡᠷᠲᠡᠭᠡᠨ ᠵᠠᠰᠠᠬᠤ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ ᠤᠨ ︽ᠮᠤᠵᠢ ᠠᠯᠤᠰᠯᠠᠨ ᠨᠡᠶᠢᠳᠡᠮ | ᠰᠢᠢᠳᠪᠦᠷᠢᠯᠡᠬᠦ︾ ᠴᠣᠩᠬᠤᠨ ᠤ ᠡᠭᠦᠷᠭᠡ ᠬᠠᠷᠢᠭᠤᠴᠠᠯᠭ᠎ᠠ᠄ ᠭᠤᠣᠯᠳᠠᠭᠤ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠵᠦᠢᠯᠡᠰ ᠢ ᠭᠦᠢᠴᠡᠳᠬᠡᠬᠦ ᠳᠤ ᠪᠢᠴᠢᠭ ᠮᠠᠲ᠋ᠧᠷᠢᠶᠠᠯ ᠢ ᠭᠥᠯᠢᠶᠡᠨ ᠠᠪᠴᠤ ᠰᠢᠢᠳᠪᠦᠷᠢᠯᠡᠬᠦ ᠶᠢ ᠬᠠᠷᠢᠭᠤᠴᠠᠵᠤ᠂ ᠬᠢᠨᠠᠨ ᠬᠠᠷᠭᠤᠭᠤᠯᠬᠤ ᠪᠠᠷᠢᠮᠵᠢᠶ᠎ᠠ | ᠶᠣᠰᠣᠭᠠᠷ ᠭᠤᠶᠤᠴᠢᠯᠠᠭᠰᠠᠨ ᠮᠠᠲ᠋ᠧᠷᠢᠶᠠᠯ ᠤᠨ ᠬᠡᠯᠪᠡᠷᠢ ᠶᠢ ᠬᠢᠨᠠᠨ ᠪᠠᠶᠢᠴᠠᠭᠠᠵᠤ᠂ ᠪᠡᠶ᠎ᠡ ᠶᠢᠨ ᠭᠠᠷᠤᠯ ᠢ ᠬᠠᠷᠭᠤᠭᠤᠯᠤᠨ ᠪᠠᠶᠢᠴᠠᠭᠠᠵᠤ᠂ ᠭᠤᠶᠤᠴᠢᠯᠠᠭᠰᠠᠨ | ᠮᠠᠲ᠋ᠧᠷᠢᠶᠠᠯ ᠢ ᠬᠤᠷᠢᠶᠠᠬᠤ ᠶᠢᠨ ᠬᠠᠮᠲᠤ ᠰᠢᠤᠳᠠᠨ ᠤ ᠵᠦᠢᠯ ᠢ ᠢᠯᠡᠭᠡᠬᠦ ᠪᠠᠷ ᠳᠠᠮᠵᠢᠭᠤᠯᠤᠨ ︵ᠡᠰᠡᠬᠦᠯ᠎ᠡ ︽ᠪᠥᠬᠦ ᠣᠷᠣᠨ ᠤ ᠨᠡᠶᠢᠳᠡᠮ ᠰᠢᠢᠳᠪᠦᠷᠢᠯᠡᠬᠦ ᠲᠤᠰᠬᠠᠢ | ᠣᠷᠣᠨ︾ ᠢᠶᠠᠷ ᠳᠠᠮᠵᠢᠭᠤᠯᠤᠨ︶ ᠲᠤᠬᠠᠶᠢᠯᠠᠭᠰᠠᠨ ᠠᠵᠢᠯ ᠤᠨ ᠬᠠᠷᠢᠶ᠎ᠠ ᠭᠠᠵᠠᠷ ᠤᠨ ᠰᠠᠯᠠᠭ᠎ᠠ ᠮᠥᠴᠢᠷ ᠲᠤ ᠬᠦᠷᠴᠦ ᠭᠦᠢᠴᠡᠳᠬᠡᠬᠦ ᠶᠢ ᠪᠡᠶᠡᠯᠡᠭᠦᠯᠵᠦ᠂ ᠬᠠᠷᠢᠶ᠎ᠠ | ᠭᠠᠵᠠᠷ ᠤᠨ ᠲᠤᠬᠠᠶᠢᠯᠠᠭᠰᠠᠨ ᠠᠵᠢᠯ ᠤᠨ ᠰᠠᠯᠠᠭ᠎ᠠ ᠮᠥᠴᠢᠷ ᠤᠨ ᠭᠦᠢᠴᠡᠳᠬᠡᠭᠰᠡᠨ ᠠᠬᠢᠴᠠ ᠶᠢ ᠣᠶᠢᠯᠠᠭᠠᠨ᠂ ᠭᠦᠢᠴᠡᠳᠬᠡᠭᠰᠡᠨ ᠦᠷ᠎ᠡ ᠳ᠋ᠦᠩ ᠢ ᠴᠠᠭ ᠲᠤᠬᠠᠢ ᠳᠤᠨᠢ | ᠬᠠᠷᠢᠭᠤ ᠲᠤᠰᠬᠠᠨ᠎ᠠ᠃ ᠣᠨᠳᠣᠣ ᠭᠠᠵᠠᠷ ᠲᠤ ᠪᠢᠴᠢᠭ ᠮᠠᠲ᠋ᠧᠷᠢᠶᠠᠯ ᠢ ᠭᠥᠯᠢᠶᠡᠨ ᠠᠪᠬᠤ ᠠᠵᠢᠯ ᠤᠨ ᠡᠬᠡ ᠲᠠᠩᠰᠠ ᠶᠢ ᠪᠠᠶᠢᠭᠤᠯᠵᠤ᠂ ᠬᠠᠷᠢᠶ᠎ᠠ ᠭᠠᠵᠠᠷ ᠤᠨ ᠰᠠᠯᠠᠭ᠎ᠠ | ᠮᠥᠴᠢᠷ ᠯᠦᠭᠡ ᠶᠢᠨ ᠨᠡᠪᠲᠡᠷᠡᠯᠴᠡᠭᠡ ᠬᠠᠮᠵᠢᠯᠴᠠᠭ᠎ᠠ ᠪᠠᠨ ᠴᠢᠩᠭᠠᠳᠬᠠᠨ᠂ ᠪᠢᠴᠢᠭ ᠮᠠᠲ᠋ᠧᠷᠢᠶᠠᠯ ᠢ ᠭᠥᠯᠢᠶᠡᠨ ᠠᠪᠬᠤ ᠭᠠᠵᠠᠷ ᠪᠠ ᠭᠦᠢᠴᠡᠳᠬᠡᠬᠦ ᠭᠠᠵᠠᠷ ᠤᠨ | ᠠᠵᠢᠯ ᠤᠨ ᠡᠭᠦᠷᠭᠡ ᠬᠠᠷᠢᠭᠤᠴᠠᠯᠭ᠎ᠠ᠂ ᠲᠤᠬᠠᠶᠢᠯᠠᠭᠰᠠᠨ ᠠᠵᠢᠯ ᠤᠨ ᠡᠷᠭᠢᠯᠲᠡ ᠶᠢᠨ ᠲᠠᠰ ᠳᠠᠷᠠᠭᠠᠯᠠᠯ ᠵᠡᠷᠭᠡ ᠶᠢ ᠲᠣᠳᠣᠷᠬᠠᠶᠢᠯᠠᠵᠤ᠂ ᠠᠵᠤ ᠠᠬᠤᠶᠢᠯᠠᠯ ᠤᠨ ᠣᠯᠠᠨ | ᠲᠦᠮᠡᠨ ᠳᠤ ︽ᠣᠨᠳᠣᠣ ᠭᠠᠵᠠᠷ ᠲᠤ ᠭᠦᠢᠴᠡᠳᠬᠡᠬᠦ᠂ ᠢᠯᠭᠠᠭ᠎ᠠ ᠦᠭᠡᠢ ᠪᠠᠷ ᠭᠦᠢᠴᠡᠳᠬᠡᠬᠦ︾ ︽ᠮᠤᠵᠢ ᠠᠯᠤᠰᠯᠠᠨ ᠨᠡᠶᠢᠳᠡᠮ ᠭᠦᠢᠴᠡᠳᠬᠡᠬᠦ︾ ᠦᠢᠯᠡᠴᠢᠯᠡᠭᠡ | ᠬᠠᠩᠭᠠᠬᠤ ᠶᠢ ᠦᠨᠡᠨᠬᠦ ᠪᠠᠲᠤᠯᠠᠬᠤ ᠬᠡᠷᠡᠭᠲᠡᠢ᠃ ᠪᠣᠶ ᠪᠦᠬᠦᠢ ᠰᠢᠢᠳᠪᠦᠷᠢᠯᠡᠭᠰᠡᠨ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠵᠦᠢᠯᠡᠰ ᠲᠤ ᠲᠣᠰ ᠳᠦᠷᠢᠮ ᠤᠨ | ᠠᠵᠢᠯᠯᠠᠭᠠᠨ ᠤ ᠪᠠᠶᠢᠳᠠᠯ ᠤᠨ ᠶᠣᠰᠣᠭᠠᠷ ᠬᠢᠨᠠᠯᠲᠠ ᠲᠠᠯᠪᠢᠵᠤ᠂ ᠭᠦᠢᠴᠡᠳᠬᠡᠬᠦ ᠵᠢᠷᠤᠮᠵᠢᠯ ᠳᠤ ᠥᠯᠥ ᠨᠡᠶᠢᠴᠡᠬᠦ ᠵᠦᠢᠯᠡᠰ ᠲᠤ ᠴᠡᠭᠴᠡᠯᠡᠨ ᠰᠠᠶᠢᠵᠢᠷᠠᠭᠤᠯᠬᠤ | ᠰᠠᠨᠠᠭᠤᠯᠭ᠎ᠠ ᠳᠤᠷᠠᠳᠬᠤ ᠬᠡᠷᠡᠭᠲᠡᠢ᠃ | ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠤᠨ ᠡᠭᠦᠷᠭᠡ ᠬᠠᠷᠢᠭᠤᠴᠠᠯᠭ᠎ᠠ᠄ ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠠᠴᠠ ᠲᠥᠪ ᠤᠨ ᠠᠷᠤ ᠲᠠᠪᠴᠠᠩ ᠳᠤ ᠣᠷᠣᠵᠤ | ᠰᠠᠭᠤᠬᠤ ᠬᠥᠮᠥᠰ ᠲᠤ ᠭᠥᠯᠢᠶᠡᠨ ᠠᠪᠴᠤ ᠰᠢᠢᠳᠪᠦᠷᠢᠯᠡᠬᠦ ᠪᠠ ᠬᠢᠨᠠᠨ ᠵᠥᠪᠰᠢᠶᠡᠷᠡᠬᠦ ᠡᠷᠬᠡ ᠣᠯᠭᠤᠵᠤ᠂ ᠭᠤᠣᠯᠳᠠᠭᠤ ︽ᠮᠤᠵᠢ ᠠᠯᠤᠰᠯᠠᠨ ᠨᠡᠶᠢᠳᠡᠮ | ᠰᠢᠢᠳᠪᠦᠷᠢᠯᠡᠬᠦ︾ ᠭᠤᠶᠤᠴᠢᠯᠠᠯ ᠤᠨ ᠵᠦᠢᠯᠡᠰ ᠢ ᠭᠥᠯᠢᠶᠡᠨ ᠠᠪᠴᠤ ᠰᠢᠢᠳᠪᠦᠷᠢᠯᠡᠬᠦ ᠪᠠ ᠬᠢᠨᠠᠨ ᠵᠥᠪᠰᠢᠶᠡᠷᠡᠬᠦ ᠶᠢ ᠬᠠᠷᠢᠭᠤᠴᠠᠵᠤ᠂ ᠠᠮᠠᠯᠳᠠᠭᠰᠠᠨ ᠴᠠᠭ ᠤᠨ | ᠬᠢᠵᠠᠭᠠᠷ ᠤᠨ ᠳᠣᠲᠣᠷ᠎ᠠ ᠬᠢᠨᠠᠨ ᠵᠥᠪᠰᠢᠶᠡᠷᠡᠵᠦ ᠭᠦᠢᠴᠡᠳᠬᠡᠨ ᠳᠠᠭᠤᠰᠬᠠᠵᠤ᠂ ᠭᠦᠢᠴᠡᠳᠬᠡᠭᠰᠡᠨ ᠠᠬᠢᠴᠠ ᠶᠢ ᠣᠬᠤᠷ ᠮᠡᠳᠡᠭᠡ ᠪᠤᠶᠤ ᠳ᠋ᠢᠶᠠᠩᠬᠤᠸᠠ ᠵᠡᠷᠭᠡ ᠠᠷᠭ᠎ᠠ | ᠮᠠᠶ᠋ᠢᠭ ᠢᠶᠠᠷ ᠭᠤᠶᠤᠴᠢᠯᠠᠭᠴᠢ ᠳᠤ ᠮᠡᠳᠡᠭᠳᠡᠨ᠎ᠡ︔ ᠰᠢᠢᠳᠪᠦᠷᠢᠯᠡᠭᠰᠡᠨ ᠦᠷ᠎ᠡ ᠳ᠋ᠦᠩ ᠢ EMS ᠪᠠᠷ ᠳᠠᠮᠵᠢᠭᠤᠯᠤᠨ ᠭᠤᠶᠤᠴᠢᠯᠠᠭᠴᠢ ᠪᠤᠶᠤ ᠭᠤᠶᠤᠴᠢᠯᠠᠬᠤ | ᠴᠣᠩᠬᠤᠨ ᠳᠤ ᠰᠢᠤᠳᠠᠨ ᠢᠶᠠᠷ ᠬᠦᠷᠭᠡᠨ᠎ᠡ︔ ᠲᠤᠬᠠᠶᠢᠯᠠᠭᠰᠠᠨ ᠠᠵᠢᠯ ᠤᠨ ᠵᠥᠪᠯᠡᠯᠭᠡ ᠥᠭᠬᠦ ᠠᠵᠢᠯ ᠢ ᠡᠭᠦᠷᠭᠡᠯᠡᠨ᠎ᠡ᠃ ᠬᠢᠨᠠᠨ ᠵᠥᠪᠰᠢᠶᠡᠷᠡᠬᠦ ᠰᠠᠯᠠᠭ᠎ᠠ ᠮᠥᠴᠢᠷ | ᠵᠢᠷᠤᠮᠵᠢᠭᠤᠨ᠂ ᠪᠠᠷᠢᠮᠵᠢᠶ᠎ᠠ᠂ ᠲᠣᠳᠣᠷᠬᠠᠢ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠵᠦᠢᠯᠡᠰ ᠤᠨ ᠲᠤᠬᠠᠶᠢᠯᠠᠭᠰᠠᠨ ᠠᠵᠢᠯ ᠤᠨ ᠭᠠᠷ ᠳᠡᠪᠲᠡᠷ ᠬᠠᠩᠭᠠᠵᠤ᠂ | ᠶᠡᠷᠦᠩᠬᠡᠶᠢᠯᠡᠭᠰᠡᠨ ᠴᠣᠩᠬᠤᠪᠴᠢ ᠶᠢᠨ ᠠᠵᠢᠯᠲᠠᠨ ᠤ ᠮᠠᠲ᠋ᠧᠷᠢᠶᠠᠯ ᠭᠥᠯᠢᠶᠡᠨ ᠠᠪᠬᠤ ᠦᠨᠳᠦᠰᠦᠯᠡᠯ ᠪᠣᠯᠭᠠᠨ᠎ᠠ᠃ ᠶᠡᠷᠦᠩᠬᠡᠶᠢᠯᠡᠭᠰᠡᠨ ᠴᠣᠩᠬᠤᠨ ᠤ ᠠᠵᠢᠯᠲᠠᠨ ᠨᠢ | ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠤᠨ ᠬᠠᠩᠭᠠᠭᠰᠠᠨ ᠲᠤᠬᠠᠶᠢᠯᠠᠭᠰᠠᠨ ᠠᠵᠢᠯ ᠤᠨ ᠭᠠᠷ ᠳᠡᠪᠲᠡᠷ ︵ᠬᠡᠯᠪᠡᠷᠢ ᠶᠢ ᠬᠢᠨᠠᠨ ᠬᠠᠷᠭᠤᠭᠤᠯᠬᠤ ᠭᠤᠣᠯᠳᠠᠯᠭ᠎ᠠ︶ ᠤᠨ | ᠶᠣᠰᠣᠭᠠᠷ ᠪᠢᠴᠢᠭ ᠮᠠᠲ᠋ᠧᠷᠢᠶᠠᠯ ᠢ ᠭᠥᠯᠢᠶᠡᠨ ᠠᠪᠬᠤ ᠪᠤᠶᠤ ᠲᠤᠬᠠᠶᠢᠯᠠᠭᠰᠠᠨ ᠠᠵᠢᠯ ᠢ ᠭᠦᠢᠴᠡᠳᠬᠡᠨ᠎ᠡ᠃ | ᠲᠠᠪᠤᠳᠤᠭᠠᠷ ᠵᠦᠢᠯ ᠡᠯ᠎ᠡ ᠱᠠᠲᠤᠨ ᠤ ︽ᠮᠤᠵᠢ ᠠᠯᠤᠰᠯᠠᠭᠰᠠᠨ ᠰᠢᠭᠤᠳ ᠰᠢᠢᠳᠪᠦᠷᠢᠯᠡᠬᠦ︾ ᠴᠣᠩᠬᠤ ᠨᠢ ᠭᠤᠶᠤᠴᠢᠯᠠᠭᠴᠢ ᠳᠤ ᠤᠴᠢᠷ ᠶᠠᠪᠤᠳᠠᠯ ᠢᠶᠠᠨ ᠮᠡᠳᠡᠭᠦᠯᠬᠦ᠂ | ᠠᠬᠢᠴᠠ ᠶᠢ ᠪᠠᠶᠢᠴᠠᠭᠠᠨ ᠯᠠᠪᠯᠠᠬᠤ᠂ ᠦᠷ᠎ᠡ ᠳ᠋ᠦᠩ ᠢ ᠣᠯᠣᠭᠰᠠᠨ ᠵᠡᠷᠭᠡ ᠪᠥᠬᠦ ᠶᠠᠪᠤᠴᠠ ᠶᠢᠨ ᠵᠢᠯᠣᠭᠤᠳᠤᠯᠭ᠎ᠠ ᠪᠠ ᠬᠠᠪᠰᠤᠷᠤᠨ ᠵᠢᠯᠣᠭᠤᠳᠤᠯᠭ᠎ᠠ ᠬᠠᠩᠭᠠᠬᠤ | ᠬᠡᠷᠡᠭᠲᠡᠢ᠃ ᠭᠦᠢᠴᠡᠳᠬᠡᠬᠦ ᠭᠠᠵᠠᠷ ᠤᠨ ᠰᠠᠯᠠᠭ᠎ᠠ ᠮᠥᠴᠢᠷ ᠤᠳ ᠤᠴᠢᠷ ᠶᠠᠪᠤᠳᠠᠯ ᠢ ᠭᠦᠢᠴᠡᠳᠬᠡᠬᠦ ᠱᠠᠭᠠᠷᠳᠠᠯᠭ᠎ᠠ ᠶᠣᠰᠣᠭᠠᠷ᠂ ᠪᠡᠶᠡᠯᠡᠭᠦᠯᠦᠭᠰᠡᠨ ᠤᠴᠢᠷ ᠶᠠᠪᠤᠳᠠᠯ ᠢ | ᠭᠥᠯᠢᠶᠡᠨ ᠠᠪᠴᠤ ᠰᠢᠢᠳᠪᠦᠷᠢᠯᠡᠬᠦ᠂ ᠬᠢᠨᠠᠨ ᠵᠥᠪᠰᠢᠶᠡᠷᠡᠬᠦ᠂ ᠭᠦᠢᠴᠡᠳᠬᠡᠵᠦ ᠳᠠᠭᠤᠰᠬᠠᠬᠤ᠂ ᠦᠨᠡᠮᠯᠡᠯ ᠣᠯᠭᠤᠬᠤ ᠬᠡᠷᠡᠭᠲᠡᠢ᠃ ᠭᠥᠯᠢᠶᠡᠨ ᠠᠪᠴᠤ ᠰᠢᠢᠳᠪᠦᠷᠢᠯᠡᠬᠦ | ᠪᠠ ᠬᠢᠨᠠᠨ ᠵᠥᠪᠰᠢᠶᠡᠷᠡᠬᠦ ᠶᠠᠪᠤᠴᠠ ᠳᠤ ᠣᠯᠵᠤ ᠮᠡᠳᠡᠭᠰᠡᠨ ᠠᠰᠠᠭᠤᠳᠠᠯ ᠢ ᠴᠠᠭ ᠲᠤᠬᠠᠢ ᠳᠤᠨᠢ ᠭᠤᠶᠤᠴᠢᠯᠠᠭᠴᠢ ᠳᠤ ᠨᠢᠭᠡ ᠤᠳᠠᠭ᠎ᠠ ᠶᠢᠨ ᠴᠢᠨᠠᠷᠲᠠᠢ ᠪᠠᠷ ᠮᠡᠳᠡᠭᠳᠡᠵᠦ | ᠂ ᠬᠢᠨᠠᠨ ᠬᠠᠷᠭᠤᠭᠤᠯᠤᠭᠰᠠᠨ ᠦᠷ᠎ᠡ ᠳ᠋ᠦᠩ ᠢᠶᠠᠨ ᠭᠤᠶᠤᠴᠢᠯᠠᠭᠴᠢ ᠳᠤ ᠬᠠᠷᠢᠭᠤ ᠲᠤᠰᠬᠠᠬᠤ ᠬᠡᠷᠡᠭᠲᠡᠢ᠃ | ︽ᠮᠤᠵᠢ ᠠᠯᠤᠰᠯᠠᠭᠰᠠᠨ ᠨᠡᠶᠢᠳᠡᠮ ᠰᠢᠢᠳᠪᠦᠷᠢᠯᠡᠬᠦ︾ ᠴᠣᠩᠬᠤ ᠨᠢ ᠣᠷᠣᠯᠠᠨ ᠬᠤᠷᠢᠶᠠᠨ ᠠᠪᠴᠤ ᠣᠷᠣᠯᠠᠨ ᠭᠦᠢᠴᠡᠳᠬᠡᠬᠦ ᠦᠶ᠎ᠡ ᠳᠤ᠂ ᠭᠤᠶᠤᠴᠢᠯᠠᠭᠴᠢ ᠶᠢᠨ | ᠪᠡᠶ᠎ᠡ ᠶᠢᠨ ᠭᠠᠷᠤᠯ ᠢ ᠬᠢᠨᠠᠨ ᠰᠢᠯᠭᠠᠭᠰᠠᠨ ᠤ ᠳᠠᠷᠠᠭ᠎ᠠ᠂ ᠭᠦᠢᠴᠡᠳᠬᠡᠬᠦ ᠭᠠᠵᠠᠷ ᠤᠨ ᠱᠠᠭᠠᠷᠳᠠᠯᠭ᠎ᠠ ᠶᠣᠰᠣᠭᠠᠷ ᠭᠤᠶᠤᠴᠢᠯᠠᠯ ᠤᠨ ᠮᠠᠲ᠋ᠧᠷᠢᠶᠠᠯ ᠳᠤ ᠬᠡᠯᠪᠡᠷᠢ ᠶᠢᠨ ᠬᠢᠨᠠᠨ | ᠪᠠᠶᠢᠴᠠᠭᠠᠯᠲᠠ ᠬᠢᠵᠦ᠂ ᠬᠢᠨᠠᠨ ᠪᠠᠶᠢᠴᠠᠭᠠᠭᠠᠳ ᠠᠯᠳᠠᠭ᠎ᠠ ᠦᠭᠡᠢ ᠪᠣᠯᠤᠭᠰᠠᠨ ᠤ ᠳᠠᠷᠠᠭ᠎ᠠ᠂ ᠭᠦᠢᠴᠡᠳᠬᠡᠬᠦ ᠭᠠᠵᠠᠷ ᠤᠨ ᠭᠥᠯᠢᠶᠡᠨ ᠠᠪᠬᠤ ᠴᠣᠩᠬᠤ ᠪᠤᠶᠤ ᠬᠢᠨᠠᠨ | ᠵᠥᠪᠰᠢᠶᠡᠷᠡᠬᠦ ᠰᠠᠯᠠᠭ᠎ᠠ ᠮᠥᠴᠢᠷ ᠤᠨ ᠤᠲᠠᠰᠤᠲᠤ ᠬᠠᠷᠠᠭᠠᠨ ᠳᠠᠪᠲᠠᠮᠵᠢ ᠲᠠᠢ ᠵᠥᠪᠳᠡᠯᠴᠡᠵᠦ ᠪᠠᠶᠢᠭᠠᠳ ᠭᠥᠯᠢᠶᠡᠨ ᠠᠪᠤᠨ᠎ᠠ᠃ ᠭᠦᠢᠴᠡᠳᠬᠡᠬᠦ ᠭᠠᠵᠠᠷ ᠤᠨ ᠰᠠᠯᠠᠭ᠎ᠠ | ᠮᠥᠴᠢᠷ ᠠᠯᠤᠰ ᠠᠴᠠ ᠬᠢᠨᠠᠨ ᠬᠠᠷᠭᠤᠭᠤᠯᠵᠤ ᠪᠠᠲᠤᠯᠠᠭᠰᠠᠨ ᠤ ᠳᠠᠷᠠᠭ᠎ᠠ᠂ ︽ᠮᠤᠵᠢ ᠠᠯᠤᠰᠯᠠᠨ ᠰᠢᠭᠤᠳ ᠰᠢᠢᠳᠪᠦᠷᠢᠯᠡᠬᠦ︾ ᠴᠣᠩᠬᠤᠨ ᠠᠴᠠ ︽ᠮᠠᠲ᠋ᠧᠷᠢᠶᠠᠯ | ᠭᠥᠯᠢᠶᠡᠨ ᠠᠪᠬᠤ ᠮᠡᠳᠡᠭᠳᠡᠯ ᠤᠨ ᠪᠢᠴᠢᠭ︾ ᠭᠠᠷᠭᠠᠵᠤ᠂ ᠭᠤᠶᠤᠴᠢᠯᠠᠬᠤ ᠮᠠᠲ᠋ᠧᠷᠢᠶᠠᠯ ᠢ ᠭᠦᠢᠴᠡᠳᠬᠡᠬᠦ ᠭᠠᠵᠠᠷ ᠤᠨ ᠰᠠᠯᠠᠭ᠎ᠠ ᠮᠥᠴᠢᠷ ᠲᠤ ᠬᠦᠷᠭᠡᠨ᠎ᠡ᠃ | ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠴᠣᠩᠬᠤ ᠶᠢ ᠣᠯᠠᠨ ᠭᠠᠵᠠᠷ ᠬᠠᠮᠲᠤᠷᠠᠨ ᠭᠦᠢᠴᠡᠳᠬᠡᠬᠦ ᠦᠶ᠎ᠡ ᠳᠤ᠂ ᠭᠤᠶᠤᠴᠢᠯᠠᠭᠴᠢ ᠶᠢᠨ ᠲᠤᠰᠢᠶᠠᠭᠰᠠᠨ | ᠴᠠᠭᠠᠰᠤᠨ ᠮᠠᠲ᠋ᠧᠷᠢᠶᠠᠯ ᠳᠤ ᠬᠠᠤᠯᠢ ᠶᠣᠰᠣᠭᠠᠷ ᠠᠩᠬᠠᠨ ᠤ ᠬᠢᠨᠠᠯᠲᠠ ᠬᠢᠵᠦ᠂ ᠣᠯᠠᠨ ᠭᠠᠵᠠᠷ ᠤᠨ ᠮᠠᠲ᠋ᠧᠷᠢᠶᠠᠯ ᠭᠥᠯᠢᠶᠡᠨ ᠠᠪᠬᠤ ᠴᠣᠩᠬᠤ ᠪᠤᠶᠤ ᠬᠢᠨᠠᠨ | ᠵᠥᠪᠰᠢᠶᠡᠷᠡᠬᠦ ᠰᠠᠯᠠᠭ᠎ᠠ ᠮᠥᠴᠢᠷ ᠢ ᠵᠣᠬᠢᠶᠠᠨ ᠪᠠᠶᠢᠭᠤᠯᠤᠨ ᠤᠲᠠᠰᠤᠲᠤ ᠬᠠᠷᠠᠭᠠᠨ ᠳᠠᠪᠲᠠᠮᠵᠢ ᠪᠠᠷ ᠮᠠᠲ᠋ᠧᠷᠢᠶᠠᠯ ᠭᠥᠯᠢᠶᠡᠨ ᠠᠪᠬᠤ ᠶᠢ ᠵᠥᠪᠳᠡᠯᠴᠡᠨ᠎ᠡ᠃ ᠮᠠᠲ᠋ᠧᠷᠢᠶᠠᠯ | ᠨᠢ ᠪᠦᠷᠢᠨ ᠭᠦᠢᠴᠡᠳ᠂ ᠨᠥᠬᠦᠴᠡᠯ ᠳᠤ ᠨᠡᠶᠢᠴᠡᠭᠰᠡᠨ ᠪᠠᠶᠢᠪᠠᠯ ᠲᠡᠷᠡ ᠳᠠᠷᠤᠢ ᠳᠤᠨᠢ ᠬᠦᠯᠢᠶᠡᠨ ᠠᠪᠴᠤ ᠰᠢᠢᠳᠪᠦᠷᠢᠯᠡᠵᠦ᠂ ᠡᠯ᠎ᠡ ᠭᠦᠢᠴᠡᠳᠬᠡᠬᠦ ᠭᠠᠵᠠᠷ ᠤᠨ | ᠰᠠᠯᠠᠭ᠎ᠠ ᠮᠥᠴᠢᠷ ᠲᠤ ᠰᠢᠤᠳᠠᠨ ᠢᠶᠠᠷ ᠬᠦᠷᠭᠡᠬᠦ ᠬᠡᠷᠡᠭᠲᠡᠢ᠃ ᠮᠠᠲ᠋ᠧᠷᠢᠶᠠᠯ ᠨᠢ ᠪᠦᠷᠢᠨ ᠪᠤᠰᠤ᠂ ᠨᠥᠬᠦᠴᠡᠯ ᠳᠤ ᠥᠯᠥ ᠨᠡᠶᠢᠴᠡᠬᠦ ᠵᠦᠢᠯᠡᠰ ᠢ ᠭᠥᠯᠢᠶᠡᠨ ᠠᠪᠴᠤ | ᠰᠢᠢᠳᠪᠦᠷᠢᠯᠡᠬᠦ ᠦᠭᠡᠢ ᠪᠥᠭᠡᠳ ᠭᠤᠶᠤᠴᠢᠯᠠᠭᠴᠢ ᠳᠤ ᠴᠠᠭ ᠲᠤᠬᠠᠢ ᠳᠤᠨᠢ ᠨᠢᠭᠡ ᠤᠳᠠᠭ᠎ᠠ ᠶᠢᠨ ᠴᠢᠨᠠᠷᠲᠠᠢ ᠪᠠᠷ ᠮᠡᠳᠡᠭᠳᠡᠬᠦ ᠬᠡᠷᠡᠭᠲᠡᠢ᠃ ᠬᠢᠨᠠᠨ ᠬᠠᠷᠭᠤᠭᠤᠯᠤᠭᠰᠠᠨ | ᠦᠷ᠎ᠡ ᠳ᠋ᠦᠩ ᠢ ᠰᠦᠯᠵᠢᠶᠡᠨ ᠳᠡᠭᠡᠷ᠎ᠡ ᠭᠤᠶᠤᠴᠢᠯᠠᠭᠴᠢ ᠳᠤ ᠬᠠᠷᠢᠭᠤ ᠲᠤᠰᠬᠠᠨ᠎ᠠ ᠣᠨᠳᠣᠣ ᠭᠠᠵᠠᠷ ᠠᠴᠠ ᠰᠢᠯᠵᠢᠭᠦᠯᠦᠨ ᠢᠷᠡᠭᠦᠯᠦᠭᠰᠡᠨ ᠰᠦᠯᠵᠢᠶᠡᠨ ᠠᠴᠠ | ᠭᠠᠳᠠᠨᠠᠬᠢ ᠣᠯᠠᠨ ᠭᠠᠵᠠᠷ ᠤᠨ ᠬᠠᠮᠲᠤᠷᠠᠨ ᠭᠦᠢᠴᠡᠳᠬᠡᠬᠦ ᠵᠦᠢᠯᠡᠰ ᠢ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠴᠣᠩᠬᠤ ᠠᠴᠠ ᠴᠠᠭᠠᠰᠤᠨ ᠮᠠᠲ᠋ᠧᠷᠢᠶᠠᠯ ᠢ | ᠳᠠᠷᠤᠢ ᠲᠦᠷᠭᠡᠨ ᠲᠠᠰ ᠳᠠᠷᠠᠭᠠᠯᠠᠯ ᠶᠣᠰᠣᠭᠠᠷ ᠬᠤᠯᠪᠣᠭᠳᠠᠯ ᠪᠦᠬᠦᠢ ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠲᠤ ᠰᠢᠯᠵᠢᠭᠦᠯᠬᠦ ᠬᠡᠷᠡᠭᠲᠡᠢ᠃ ᠬᠢᠨᠠᠨ ᠵᠥᠪᠰᠢᠶᠡᠷᠡᠬᠦ | ᠰᠠᠯᠠᠭ᠎ᠠ ᠮᠥᠴᠢᠷ ᠤᠳ ᠲᠣᠭᠲᠠᠭᠰᠠᠨ ᠴᠠᠭ ᠬᠤᠭᠤᠴᠠᠭᠠᠨ ᠤ ᠳᠣᠲᠣᠷ᠎ᠠ ᠬᠢᠨᠠᠨ ᠵᠥᠪᠰᠢᠶᠡᠷᠡᠬᠦ ᠲᠣᠭᠲᠠᠭᠠᠯ ᠭᠠᠷᠭᠠᠬᠤ ᠶᠢᠨ ᠬᠠᠮᠲᠤ ︽ᠮᠤᠵᠢ ᠠᠯᠤᠰᠯᠠᠨ ᠨᠡᠶᠢᠳᠡᠮ | ᠰᠢᠢᠳᠪᠦᠷᠢᠯᠡᠬᠦ︾ ᠴᠣᠩᠬᠤ ᠪᠠᠷ ᠣᠯᠠᠨ ᠭᠠᠵᠠᠷ ᠤᠨ ᠬᠠᠮᠲᠤᠷᠠᠨ ᠭᠦᠢᠴᠡᠳᠬᠡᠭᠰᠡᠨ ᠪᠠᠶᠢᠳᠠᠯ ᠢ ᠳᠠᠩᠰᠠᠯᠠᠬᠤ ᠬᠡᠷᠡᠭᠲᠡᠢ᠃ | ᠵᠢᠷᠭᠤᠳᠤᠭᠠᠷ ᠵᠦᠢᠯ ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠤᠳ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠵᠦᠢᠯᠡᠰ ᠢ ᠰᠦᠯᠵᠢᠶᠡᠨ ᠳᠡᠭᠡᠷ᠎ᠡ ᠠᠰᠠᠭᠤᠨ | ᠯᠠᠪᠯᠠᠬᠤ᠂ ᠤᠷᠢᠳᠴᠢᠯᠠᠨ ᠬᠢᠨᠠᠬᠤ᠂ ᠬᠢᠨᠠᠨ ᠵᠥᠪᠰᠢᠶᠡᠷᠡᠬᠦ ᠵᠡᠷᠭᠡ ᠦᠢᠯᠡᠴᠢᠯᠡᠭᠡ ᠶᠢ ᠨᠡᠪᠲᠡᠷᠡᠭᠦᠯᠬᠦ ᠬᠡᠷᠡᠭᠲᠡᠢ᠃ ᠭᠤᠶᠤᠴᠢᠯᠠᠭᠴᠢ ᠨᠢ ᠰᠦᠯᠵᠢᠶᠡᠨ ᠳᠡᠭᠡᠷ᠎ᠡ | ᠭᠤᠶᠤᠴᠢᠯᠠᠬᠤ ᠪᠠ ᠰᠦᠯᠵᠢᠶᠡᠨ ᠳᠡᠭᠡᠷ᠎ᠡ ᠮᠠᠲ᠋ᠧᠷᠢᠶᠠᠯ ᠢᠶᠠᠨ ᠲᠤᠰᠢᠶᠠᠵᠤ ᠪᠣᠯᠣᠨ᠎ᠠ᠂ ︽ᠣᠨᠳᠣᠣ ᠭᠠᠵᠠᠷ ᠲᠤ ᠣᠷᠣᠯᠠᠨ ᠬᠤᠷᠢᠶᠠᠨ ᠠᠪᠴᠤ ᠣᠷᠣᠯᠠᠨ ᠭᠦᠢᠴᠡᠳᠬᠡᠬᠦ | ︾ ︽ᠣᠯᠠᠨ ᠭᠠᠵᠠᠷ ᠤᠨ ᠬᠠᠮᠲᠤᠷᠠᠨ ᠭᠦᠢᠴᠡᠳᠬᠡᠬᠦ︾ ᠵᠦᠢᠯᠡᠰ ᠢ ᠭᠦᠢᠴᠡᠳᠬᠡᠬᠦ ᠳᠤ ᠬᠦᠴᠦᠨ ᠪᠦᠬᠦᠢ ᠦᠨᠡᠮᠯᠡᠯ ᠢᠶᠠᠨ ᠠᠪᠴᠤ ᠡᠯ᠎ᠡ ᠱᠠᠲᠤᠨ ᠤ ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠲᠥᠪ ᠤᠨ ︽ᠮᠤᠵᠢ ᠠᠯᠤᠰᠯᠠᠨ ᠨᠡᠶᠢᠳᠡᠮ ᠭᠦᠢᠴᠡᠳᠬᠡᠬᠦ︾ ᠴᠣᠩᠬᠤᠨ ᠳᠤ ᠬᠦᠷᠴᠦ ᠰᠢᠭᠤᠳ ᠲᠤᠬᠠᠢ ᠶᠢᠨ ᠲᠠᠯᠠᠪᠤᠷ ᠲᠤ | ᠭᠤᠶᠤᠴᠢᠯᠠᠵᠤ ᠪᠣᠯᠣᠨ᠎ᠠ᠃ | ᠳᠣᠯᠣᠳᠤᠭᠠᠷ ᠵᠦᠢᠯ ︽ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ︾ ᠴᠣᠩᠬᠤ ᠨᠢ ︽ᠣᠨᠳᠣᠣ ᠭᠠᠵᠠᠷ ᠲᠤ ᠣᠷᠣᠯᠠᠨ ᠬᠤᠷᠢᠶᠠᠵᠤ ᠣᠷᠣᠯᠠᠨ ᠭᠦᠢᠴᠡᠳᠬᠡᠬᠦ︾ ︽ | ᠣᠯᠠᠨ ᠭᠠᠵᠠᠷ ᠬᠠᠮᠲᠤᠷᠠᠨ ᠭᠦᠢᠴᠡᠳᠬᠡᠬᠦ︾ ᠵᠦᠢᠯᠡᠰ ᠢ ᠭᠦᠢᠴᠡᠳᠬᠡᠬᠦ ᠳᠡᠭᠡᠨ᠂ ᠬᠠᠷᠢᠶ᠎ᠠ ᠭᠠᠵᠠᠷ ᠤᠨ ᠭᠦᠢᠴᠡᠳᠬᠡᠬᠦ ᠰᠠᠯᠠᠭ᠎ᠠ ᠮᠥᠴᠢᠷ ᠤᠨ ᠱᠠᠭᠠᠷᠳᠠᠯᠭ᠎ᠠ ᠶᠣᠰᠣᠭᠠᠷ | ᠭᠤᠶᠤᠴᠢᠯᠠᠯ ᠤᠨ ᠮᠠᠲ᠋ᠧᠷᠢᠶᠠᠯ ᠢ ᠬᠤᠷᠢᠶᠠᠨ ᠠᠪᠬᠤ ᠠᠵᠢᠯ ᠢ ᠰᠠᠶᠢᠲᠤᠷ ᠬᠢᠬᠦ ᠶᠢᠨ ᠬᠠᠮᠲᠤ᠂ ᠬᠠᠷᠢᠶ᠎ᠠ ᠭᠠᠵᠠᠷ ᠤᠨ ᠭᠦᠢᠴᠡᠳᠬᠡᠬᠦ ᠰᠠᠯᠠᠭ᠎ᠠ ᠮᠥᠴᠢᠷ ᠲᠤ ᠴᠠᠭ | ᠲᠤᠬᠠᠢ ᠳᠤᠨᠢ ᠰᠢᠤᠳᠠᠨ ᠢᠶᠠᠷ ᠢᠯᠡᠭᠡᠬᠦ ᠬᠡᠷᠡᠭᠲᠡᠢ᠃ | ᠨᠠᠢᠮᠠᠳᠤᠭᠠᠷ ᠵᠦᠢᠯ ︽ᠮᠤᠵᠢ ᠠᠯᠤᠰᠯᠠᠨ ᠰᠢᠭᠤᠳ ᠰᠢᠢᠳᠪᠦᠷᠢᠯᠡᠬᠦ︾ ᠴᠣᠩᠬᠤ ᠨᠢ ︽ᠣᠨᠳᠣᠣ ᠭᠠᠵᠠᠷ ᠲᠤ ᠬᠠᠪᠰᠤᠷᠤᠨ ᠭᠦᠢᠴᠡᠳᠬᠡᠬᠦ ᠣᠷᠣᠯᠠᠨ ᠭᠦᠢᠴᠡᠳᠬᠡᠬᠦ︾ | ︽ᠣᠯᠠᠨ ᠭᠠᠵᠠᠷ ᠤᠨ ᠬᠠᠮᠲᠤᠷᠠᠨ ᠭᠦᠢᠴᠡᠳᠬᠡᠬᠦ︾ ᠶᠢᠨ ᠬᠠᠷᠢᠶ᠎ᠠ ᠭᠠᠵᠠᠷ ᠲᠤᠨᠢ ᠭᠦᠢᠴᠡᠳᠬᠡᠬᠦ ᠭᠤᠶᠤᠴᠢᠯᠠᠯ ᠤᠨ ᠮᠠᠲ᠋ᠧᠷᠢᠶᠠᠯ ᠢ ᠭᠥᠯᠢᠶᠡᠨ ᠠᠪᠴᠤ | ᠰᠢᠢᠳᠪᠦᠷᠢᠯᠡᠭᠰᠡᠨ ᠤ ᠳᠠᠷᠠᠭ᠎ᠠ᠂ ᠬᠠᠷᠢᠶ᠎ᠠ ᠭᠠᠵᠠᠷ ᠲᠤᠨᠢ ᠭᠦᠢᠴᠡᠳᠬᠡᠬᠦ ᠬᠦᠴᠦᠨ ᠵᠦᠢᠯ ᠢᠶᠠᠷ ᠭᠤᠶᠤᠴᠢᠯᠠᠯ ᠤᠨ ᠮᠠᠲ᠋ᠧᠷᠢᠶᠠᠯ ᠤᠨ ᠪᠣᠶ ᠪᠦᠬᠦᠢ ᠠᠭᠤᠯᠭ᠎ᠠ ᠶᠢ ᠬᠢᠨᠠᠨ | ᠪᠠᠶᠢᠴᠠᠭᠠᠵᠤ᠂ ᠣᠯᠵᠤ ᠮᠡᠳᠡᠭᠰᠡᠨ ᠪᠣᠶ ᠪᠦᠬᠦᠢ ᠠᠰᠠᠭᠤᠳᠠᠯ ᠢ ᠭᠥᠯᠢᠶᠡᠨ ᠠᠪᠴᠤ ᠰᠢᠢᠳᠪᠦᠷᠢᠯᠡᠬᠦ ᠳᠡᠭᠡᠨ ᠨᠢᠭᠡ ᠯᠡ ᠤᠳᠠᠭ᠎ᠠ ᠶᠢᠨ ᠴᠢᠨᠠᠷᠲᠠᠢ ᠴᠠᠭᠠᠰᠤᠨ ᠮᠡᠳᠡᠭᠳᠡᠬᠦ | ᠪᠢᠴᠢᠭ ︵ᠨᠥᠬᠦᠪᠦᠷᠢᠯᠡᠨ ᠵᠠᠯᠠᠷᠠᠭᠤᠯᠬᠤ ᠴᠠᠭ ᠤᠨ ᠬᠢᠵᠠᠭᠠᠷ ᠢ ᠲᠣᠳᠣᠷᠬᠠᠶᠢᠯᠠᠨ᠎ᠠ︶ ᠢ ᠭᠠᠷᠭᠠᠨ ᠥᠭᠴᠦ᠂ ᠭᠤᠶᠤᠴᠢᠯᠠᠭᠴᠢ ᠳᠤ ᠮᠡᠳᠡᠭᠳᠡᠬᠦ ᠬᠡᠷᠡᠭᠲᠡᠢ᠃ | ᠶᠢᠰᠦᠳᠦᠭᠡᠷ ᠵᠦᠢᠯ ︽ᠣᠨᠳᠣᠣ ᠭᠠᠵᠠᠷ ᠲᠤ ᠬᠠᠪᠰᠤᠷᠤᠨ ᠭᠦᠢᠴᠡᠳᠬᠡᠬᠦ ᠣᠷᠣᠯᠠᠨ ᠭᠦᠢᠴᠡᠳᠬᠡᠬᠦ︾ ︽ᠣᠯᠠᠨ ᠭᠠᠵᠠᠷ ᠤᠨ ᠬᠠᠮᠲᠤᠷᠠᠨ ᠭᠦᠢᠴᠡᠳᠬᠡᠬᠦ︾ ᠶᠢᠨ | ᠬᠠᠷᠢᠶ᠎ᠠ ᠭᠠᠵᠠᠷ ᠲᠤ ᠰᠢᠢᠳᠪᠦᠷᠢᠯᠡᠬᠦ ᠵᠦᠢᠯᠡᠰ ᠢ ᠬᠦᠯᠢᠶᠡᠨ ᠠᠪᠴᠤ ᠰᠢᠢᠳᠪᠦᠷᠢᠯᠡᠬᠦ ᠳᠤᠮᠳᠠ᠂ ︽ᠮᠤᠵᠢ ᠠᠯᠤᠰᠯᠠᠨ ᠰᠢᠭᠤᠳ ᠰᠢᠢᠳᠪᠦᠷᠢᠯᠡᠬᠦ︾ ᠴᠣᠩᠬᠤ ᠪᠠᠷ | ᠬᠠᠷᠢᠶ᠎ᠠ ᠭᠠᠵᠠᠷ ᠤᠨ ᠰᠢᠢᠳᠪᠦᠷᠢᠯᠡᠬᠦ ᠰᠠᠯᠠᠭ᠎ᠠ ᠮᠥᠴᠢᠷ ᠲᠠᠢ ᠬᠠᠷᠢᠯᠴᠠᠭᠰᠠᠨ ᠤ ᠳᠠᠷᠠᠭ᠎ᠠ᠂ ᠭᠤᠶᠤᠴᠢᠯᠠᠭᠴᠢ ᠶᠢᠨ ᠭᠤᠶᠤᠴᠢᠯᠠᠭᠰᠠᠨ ᠵᠦᠢᠯᠡᠰ ᠨᠢ ︽ᠮᠤᠵᠢ | ᠠᠯᠤᠰᠯᠠᠨ ᠰᠢᠭᠤᠳ ᠰᠢᠢᠳᠪᠦᠷᠢᠯᠡᠬᠦ︾ ᠵᠦᠢᠯᠡᠰ ᠲᠤ ᠬᠠᠷᠢᠶᠠᠯᠠᠭᠳᠠᠬᠤ ᠦᠭᠡᠢ᠂ ᠮᠤᠵᠢ ᠠᠯᠤᠰᠯᠠᠨ ᠰᠢᠢᠳᠪᠦᠷᠢᠯᠡᠵᠦ ᠳᠡᠶᠢᠯᠬᠦ ᠦᠭᠡᠢ ᠪᠣᠯ ︽ᠥᠯᠥ ᠭᠥᠯᠢᠶᠡᠨ | ᠠᠪᠴᠤ ᠰᠢᠢᠳᠪᠦᠷᠢᠯᠡᠬᠦ︾ ᠠᠵᠢᠯᠯᠠᠭ᠎ᠠ ᠬᠢᠬᠦ ᠶᠢᠨ ᠬᠠᠮᠲᠤ ︽ᠥᠯᠥ ᠭᠥᠯᠢᠶᠡᠨ ᠠᠪᠴᠤ ᠰᠢᠢᠳᠪᠦᠷᠢᠯᠡᠬᠦ ᠮᠡᠳᠡᠭᠳᠡᠯ ᠤᠨ ᠪᠢᠴᠢᠭ︾ ᠵᠣᠬᠢᠶᠠᠵᠤ᠂ ᠥᠯᠥ ᠭᠥᠯᠢᠶᠡᠨ | ᠠᠪᠴᠤ ᠰᠢᠢᠳᠪᠦᠷᠢᠯᠡᠬᠦ ᠶᠢᠨ ᠪᠣᠳᠠᠲᠠᠢ ᠰᠢᠯᠲᠠᠭᠠᠨ ᠢᠶᠠᠨ ᠲᠣᠳᠣᠷᠬᠠᠶᠢᠯᠠᠨ ᠪᠢᠴᠢᠵᠦ ᠭᠤᠶᠤᠴᠢᠯᠠᠭᠴᠢ ᠳᠤ ᠮᠡᠳᠡᠭᠳᠡᠨ᠎ᠡ᠃ | ︽ᠬᠢᠨᠠᠨ ᠵᠥᠪᠰᠢᠶᠡᠷᠡᠬᠦ ᠦᠭᠡᠢ︾᠃ ︽ᠣᠯᠠᠨ ᠭᠠᠵᠠᠷ ᠤᠨ ᠬᠠᠮᠲᠤᠷᠠᠨ ᠭᠦᠢᠴᠡᠳᠬᠡᠬᠦ︾ ᠲᠤᠬᠠᠢ ᠶᠢᠨ ᠭᠠᠵᠠᠷ ᠤᠨ ᠰᠢᠢᠳᠪᠦᠷᠢᠯᠡᠬᠦ ᠵᠦᠢᠯᠡᠰ ᠢ ᠭᠥᠯᠢᠶᠡᠨ ᠠᠪᠴᠤ | ᠰᠢᠢᠳᠪᠦᠷᠢᠯᠡᠬᠦ ᠳᠡᠭᠡᠨ᠂ ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠠᠴᠠ ᠭᠤᠶᠤᠴᠢᠯᠠᠯ ᠤᠨ ᠮᠠᠲ᠋ᠧᠷᠢᠶᠠᠯ ᠨᠢ ᠮᠥᠨ ᠴᠢᠨᠠᠷ ᠤᠨ ᠬᠢᠨᠠᠨ ᠪᠠᠶᠢᠴᠠᠭᠠᠯᠲᠠ ᠶᠢᠨ | ᠱᠠᠭᠠᠷᠳᠠᠯᠭ᠎ᠠ ᠳᠤ ᠨᠡᠶᠢᠴᠡᠬᠦ ᠦᠭᠡᠢ ᠪᠠᠶᠢᠪᠠᠯ᠂ ︽ᠬᠢᠨᠠᠨ ᠵᠥᠪᠰᠢᠶᠡᠷᠡᠬᠦ ᠦᠭᠡᠢ︾ ᠪᠥᠭᠡᠳ ︽ᠬᠢᠨᠠᠨ ᠵᠥᠪᠰᠢᠶᠡᠷᠡᠬᠦ ᠦᠭᠡᠢ ᠮᠡᠳᠡᠭᠳᠡᠯ ᠤᠨ ᠪᠢᠴᠢᠭ︾ ᠵᠣᠬᠢᠶᠠᠵᠤ᠂ | ᠬᠢᠨᠠᠨ ᠵᠥᠪᠰᠢᠶᠡᠷᠡᠬᠦ ᠦᠭᠡᠢ ᠪᠠᠶᠢᠬᠤ ᠶᠢᠨ ᠪᠣᠳᠠᠲᠠᠢ ᠰᠢᠯᠲᠠᠭᠠᠨ ᠢ ᠲᠣᠳᠣᠷᠬᠠᠢ ᠪᠢᠴᠢᠨ᠎ᠡ᠃ | ︽ᠭᠤᠶᠤᠴᠢᠯᠠᠯ ᠢᠶᠠᠨ ᠪᠤᠴᠠᠭᠠᠬᠤ︾᠃ ︽ᠣᠯᠠᠨ ᠭᠠᠵᠠᠷ ᠤᠨ ᠬᠠᠮᠲᠤᠷᠠᠨ ᠭᠦᠢᠴᠡᠳᠬᠡᠬᠦ︾ ᠲᠤᠬᠠᠢ ᠶᠢᠨ ᠭᠠᠵᠠᠷ ᠤᠨ ᠰᠢᠢᠳᠪᠦᠷᠢᠯᠡᠬᠦ ᠵᠦᠢᠯᠡᠰ ᠢ ᠭᠥᠯᠢᠶᠡᠨ ᠠᠪᠴᠤ | ᠰᠢᠢᠳᠪᠦᠷᠢᠯᠡᠬᠦ ᠳᠡᠭᠡᠨ᠂ ᠭᠤᠶᠤᠴᠢᠯᠠᠭᠴᠢ ᠶᠢᠨ ᠭᠤᠶᠤᠴᠢᠯᠠᠯ ᠢᠶᠠᠨ ᠪᠤᠴᠠᠭᠠᠬᠤ ᠱᠠᠭᠠᠷᠳᠠᠯᠭ᠎ᠠ ᠶᠢ ᠦᠨᠳᠦᠰᠦᠯᠡᠨ᠂ ᠡᠮᠦᠨ᠎ᠡ ᠲᠠᠪᠴᠠᠩ ᠤᠨ ᠠᠵᠢᠯᠲᠠᠨ ᠪᠤᠶᠤ ᠬᠢᠨᠠᠨ | ᠵᠥᠪᠰᠢᠶᠡᠷᠡᠬᠦ ᠰᠠᠯᠠᠭ᠎ᠠ ᠮᠥᠴᠢᠷ ᠠᠴᠠ ︽ᠭᠤᠶᠤᠴᠢᠯᠠᠯ ᠢᠶᠠᠨ ᠪᠤᠴᠠᠭᠠᠬᠤ︾ ᠪᠥᠭᠡᠳ ᠭᠤᠶᠤᠴᠢᠯᠠᠭᠴᠢ ᠶᠢᠨ ᠭᠤᠶᠤᠴᠢᠯᠠᠯ ᠢᠶᠠᠨ ᠪᠤᠴᠠᠭᠠᠬᠤ ᠪᠣᠳᠠᠲᠠᠢ ᠱᠠᠭᠠᠷᠳᠠᠯᠭ᠎ᠠ | ᠂ ᠰᠢᠯᠲᠠᠭᠠᠨ ᠵᠡᠷᠭᠡ ᠶᠢ ᠲᠣᠳᠣᠷᠬᠠᠶᠢᠯᠠᠨ᠎ᠠ᠃ | ᠠᠷᠪᠠᠳᠤᠭᠠᠷ ᠵᠦᠢᠯ ︽ᠣᠨᠳᠣᠣ ᠭᠠᠵᠠᠷ ᠲᠤ ᠬᠠᠪᠰᠤᠷᠤᠨ ᠭᠦᠢᠴᠡᠳᠬᠡᠬᠦ ᠣᠷᠣᠯᠠᠨ ᠭᠦᠢᠴᠡᠳᠬᠡᠬᠦ︾ ︽ᠣᠯᠠᠨ ᠭᠠᠵᠠᠷ ᠬᠠᠮᠲᠤᠷᠠᠨ ᠭᠦᠢᠴᠡᠳᠬᠡᠬᠦ︾ ᠬᠠᠷᠢᠶ᠎ᠠ | ᠭᠠᠵᠠᠷ ᠤᠨ ᠭᠦᠢᠴᠡᠳᠬᠡᠬᠦ ᠵᠦᠢᠯᠡᠰ ᠢ ᠭᠥᠯᠢᠶᠡᠨ ᠠᠪᠴᠤ ᠰᠢᠢᠳᠪᠦᠷᠢᠯᠡᠬᠦ ᠳᠡᠭᠡᠨ᠂ ︽ᠮᠤᠵᠢ ᠠᠯᠤᠰᠯᠠᠨ ᠨᠡᠶᠢᠳᠡᠮ ᠭᠦᠢᠴᠡᠳᠬᠡᠬᠦ︾ ᠴᠣᠩᠬᠤᠨ ᠤ ᠠᠵᠢᠯᠲᠠᠨ | ᠮᠠᠲ᠋ᠧᠷᠢᠶᠠᠯ ᠢ ᠰᠢᠤᠳᠠᠨ ᠢᠶᠠᠷ ᠢᠯᠡᠭᠡᠬᠦ ᠴᠠᠭ᠂ ᠪᠠᠷᠠᠭᠠᠨ ᠤ ᠭᠦᠢᠯᠭᠡᠭᠡᠨ ᠤ ᠪᠠᠶᠢᠳᠠᠯ᠂ ᠬᠠᠷᠢᠶ᠎ᠠ ᠭᠠᠵᠠᠷ ᠤᠨ ᠭᠦᠢᠴᠡᠳᠬᠡᠬᠦ ᠰᠠᠯᠠᠭ᠎ᠠ ᠮᠥᠴᠢᠷ ᠤᠨ ᠭᠦᠢᠴᠡᠳᠬᠡᠬᠦ | ᠴᠠᠭ ᠤᠨ ᠬᠢᠵᠠᠭᠠᠷ ᠵᠢᠴᠢ ᠭᠦᠢᠴᠡᠳᠬᠡᠭᠰᠡᠨ ᠬᠡᠮᠵᠢᠶ᠎ᠡ ᠶᠢ ᠡᠵᠡᠮᠰᠢᠬᠦ ᠶᠢᠨ ᠬᠠᠮᠲᠤ ᠭᠦᠢᠴᠡᠳᠬᠡᠭᠰᠡᠨ ᠦᠷ᠎ᠡ ᠳ᠋ᠦᠩ ᠢᠶᠠᠨ ᠭᠤᠶᠤᠴᠢᠯᠠᠭᠴᠢ ᠳᠤ ᠴᠠᠭ ᠲᠤᠬᠠᠢ ᠳᠤᠨᠢ | ᠬᠠᠷᠢᠭᠤ ᠲᠤᠰᠬᠠᠬᠤ ᠬᠡᠷᠡᠭᠲᠡᠢ᠃ | ᠠᠷᠪᠠᠨ ᠨᠢᠭᠡᠳᠦᠭᠡᠷ ᠵᠦᠢᠯ ᠲᠣᠰ ᠳᠦᠷᠢᠮ ᠢ ᠣᠷᠴᠣᠨ ᠤ ᠥᠪᠡᠷᠲᠡᠭᠡᠨ ᠵᠠᠰᠠᠬᠤ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠪᠴᠢᠶ᠎ᠠ ᠠᠴᠠ | ᠬᠠᠷᠢᠭᠤᠴᠠᠨ ᠲᠠᠶᠢᠯᠪᠤᠷᠢᠯᠠᠨ᠎ᠠ᠃ | ᠠᠷᠪᠠᠨ ᠬᠤᠶᠠᠳᠤᠭᠠᠷ ᠵᠦᠢᠯ ᠲᠤᠰ ᠳᠦᠷᠢᠮ ᠢ ᠨᠡᠶᠢᠲᠡᠯᠡᠭᠰᠡᠨ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ | | | | | |